| ᠬᠦᠬᠡ ᠬᠠᠳᠠᠭ ᠬᠠᠮᠲᠤᠯᠢᠭ ᠪᠤᠯ ᠦᠪᠦᠷ ᠮᠤᠩᠭᠤᠯ ᠤᠨ ᠤᠯᠠᠭᠠᠨᠬᠠᠳᠠ ᠨᠤᠲᠤᠭ ᠲᠠᠢ ᠭᠤᠷᠪᠠᠨ ᠵᠠᠯᠠᠭᠤ | ᠤᠷᠠᠯᠢᠭᠴᠢᠨ ᠢᠶᠠᠷ ᠪᠦᠷᠢᠯᠳᠦᠭᠰᠡᠨ ᠬᠠᠮᠲᠤᠯᠢᠭ ᠪᠤᠯᠤᠨ᠎ᠠ᠃ | ᠦᠯᠵᠡᠢ᠂ ᠡᠷᠡᠭᠲᠡᠢ᠂ ᠮᠤᠩᠭᠤᠯ ᠦᠨᠳᠦᠰᠦᠲᠡᠨ᠂ ᠪᠠᠭᠠᠷᠢᠨ ᠪᠠᠷᠠᠭᠤᠨ ᠬᠤᠰᠢᠭᠤᠨ ᠤ ᠰᠤᠪᠤᠷᠭ᠎ᠠ | ᠰᠤᠮᠤ ᠪᠠᠷ ᠨᠤᠲᠤᠭᠲᠠᠢ᠃ ᠬᠠᠷᠠᠬᠠᠨ ᠪᠠᠭ᠎ᠠ ᠠᠴᠠ ᠪᠠᠨ ᠳᠠᠭᠤᠤ ᠤᠷᠠᠯᠢᠭ ᠲᠤ ᠤᠷ᠎ᠠ ᠠᠪᠢᠶᠠᠰ ᠲᠠᠢ ᠪᠠᠶᠢᠵᠤ᠂ | 1997 ᠤᠨ ᠳᠤ ᠤᠯᠠᠭᠠᠨᠬᠠᠳᠠ ᠬᠤᠲᠠ ᠶᠢᠨ ᠦᠨᠳᠦᠰᠦᠲᠡᠨ ᠤ ᠳᠠᠭᠤᠤ ᠪᠦᠵᠢᠭ ᠤᠨ ᠪᠦᠯᠬᠦᠮ ᠤᠨ ᠠᠯᠳᠠᠷᠲᠤ | ᠳᠠᠭᠤᠴᠢᠨ ᠬᠠᠰᠪᠠᠲᠤ ᠶᠢᠨ ᠭᠠᠷ ᠤᠨ ᠱᠠᠪᠢ ᠪᠤᠯᠵᠤ᠂ ᠤᠷᠲᠤ ᠶᠢᠨ ᠳᠠᠭᠤᠤ ᠳᠠᠭᠤᠯᠠᠬᠤ ᠶᠢᠨ ᠮᠡᠷᠭᠡᠵᠢᠯ ᠰᠤᠷᠪᠠ᠃ | ᠤᠷᠴᠢᠮ ᠤᠨ ᠵᠢᠯ ᠤᠳ ᠲᠤ ᠲᠡᠷᠡ ᠤᠷᠤᠨ ᠤ ᠪᠠ ᠬᠤᠲᠠ ᠶᠢᠨ ᠲᠧᠯᠸᠢᠰ ᠦᠳᠡᠰᠢᠯᠡᠭᠡ ᠳᠤ ᠤᠷᠤᠯᠴᠠᠵᠤ᠂ ᠤᠯᠠᠨ | ᠤᠳᠠᠭᠠᠨ ᠤ ᠤᠷᠲᠤ ᠶᠢᠨ ᠳᠠᠭᠤᠤ ᠶᠢᠨ ᠮᠦᠷᠦᠶᠢᠴᠡᠭᠡᠨ ᠳᠤ ᠤᠶᠠᠩᠭᠠᠲᠤ ᠢᠷᠠᠭᠤ ᠬᠤᠭᠤᠯᠠᠢ ᠪᠠᠷ ᠢᠶᠠᠨ ᠤᠯᠠᠨᠲᠠ | ᠱᠠᠩᠨᠠᠯ ᠬᠦᠬᠢᠭᠦᠯᠦᠯ ᠲᠤᠰᠴᠤ ᠶᠠᠪᠤᠪᠠ᠃ ᠦᠯᠵᠡᠢ ᠪᠤᠯ ᠦᠢ ᠤᠯᠠᠨ ᠦᠵᠡᠭᠴᠢᠳ ᠰᠤᠨᠤᠰᠤᠭᠴᠢᠳ ᠤᠨ ᠢᠶᠠᠨ | ᠬᠠᠯᠠᠭᠤᠨ ᠬᠦᠷᠢᠶᠡᠯᠡᠯ ᠢ ᠤᠯᠤᠭᠰᠠᠨ ᠵᠠᠯᠠᠭᠤ ᠳᠠᠭᠤᠴᠢᠨ ᠶᠤᠮ᠃ ᠲᠡᠷᠡ ᠤᠳᠤ ᠤᠯᠠᠭᠠᠨᠬᠠᠳᠠ ᠬᠤᠲᠠ ᠶᠢᠨ ᠬᠦᠬᠡ | ᠬᠠᠳᠠᠭ ᠤᠷᠠᠯᠢᠭ ᠤᠨ ᠪᠦᠯᠬᠦᠮ ᠤᠨ ᠳᠠᠭᠠᠭᠠᠮᠠᠯ᠂ ᠭᠤᠤᠯᠯᠠᠭᠴᠢ ᠳᠠᠭᠤᠴᠢᠨ ᠢᠶᠠᠷ ᠦᠷᠭᠡᠨ ᠤᠯᠠᠨ ᠰᠤᠨᠤᠰᠤᠭᠴᠢᠳ | ᠦᠵᠡᠭᠴᠢᠳ ᠤᠨ ᠢᠶᠠᠨ ᠠᠯᠲᠠᠨ ᠰᠤᠨᠤᠷ ᠢ ᠮᠢᠯᠢᠶᠠᠵᠤ ᠶᠠᠪᠤᠭᠰᠠᠭᠠᠷ ᠁ | ᠪᠤᠯᠠᠭ᠂ ᠡᠮᠡᠭᠲᠡᠢ᠂ ᠮᠤᠩᠭᠤᠯ ᠦᠨᠳᠦᠰᠦᠲᠡᠨ᠂ ᠤᠩᠨᠢᠭᠤᠳ ᠬᠤᠰᠢᠭᠤᠨ ᠤ ᠪᠠᠶᠠᠨᠲᠠᠯ᠎ᠠ ᠰᠤᠮᠤ ᠪᠠᠷ | ᠨᠤᠲᠤᠭᠲᠠᠢ᠃ 2001 ᠤᠨ ᠳᠤ ᠤᠯᠠᠭᠠᠨᠬᠠᠳᠠ ᠬᠤᠲᠠ ᠶᠢᠨ ᠦᠨᠳᠦᠰᠦᠲᠡᠨ ᠤ ᠳᠠᠭᠤᠤ ᠪᠦᠵᠢᠭ ᠤᠨ | ᠪᠦᠯᠬᠦᠮ ᠳᠤ ᠳᠠᠭᠤᠴᠢᠨ ᠢᠶᠠᠷ ᠠᠵᠢᠯᠯᠠᠭᠰᠠᠨ ᠪᠠᠶᠢᠨ᠎ᠠ᠃ ᠲᠡᠷᠡ ᠤᠯᠠᠨ ᠤᠳᠠᠭᠠᠨ ᠤ ᠲᠧᠯᠸᠢᠰ ᠦᠳᠡᠰᠢᠯᠡᠭᠡ᠂ | ᠤᠷᠠᠨ ᠰᠠᠶᠢᠬᠠᠨ ᠤ ᠲᠤᠭᠯᠠᠯᠲᠠ ᠳᠤ ᠤᠷᠤᠯᠴᠠᠵᠤ᠂ ᠦᠵᠡᠭᠴᠢ ᠰᠤᠨᠤᠰᠤᠭᠴᠢᠳ ᠤᠨ ᠢᠶᠠᠨ ᠬᠠᠶᠢᠷ᠎ᠠ ᠪᠠᠭ᠋ᠠᠷᠤᠯ ᠢ | ᠲᠠᠲᠠᠵᠤ᠂ ᠮᠦᠨ ᠤᠯᠠᠨ ᠤᠳᠠᠭᠠᠨ ᠤ ᠳᠠᠭᠤᠤ ᠶᠢᠨ ᠮᠦᠷᠦᠶᠢᠴᠡᠭᠡᠨ ᠳᠤ ᠱᠠᠩᠨᠠᠯ ᠬᠦᠬᠢᠭᠦᠯᠦᠯ ᠲᠤᠰᠪᠠ᠃ ᠲᠡᠷᠡ | ᠤᠳᠤ ᠤᠯᠠᠭᠠᠨᠬᠠᠳᠠ ᠬᠤᠲᠠ ᠶᠢᠨ ᠬᠦᠬᠡ ᠬᠠᠳᠠᠭ ᠤᠷᠠᠯᠢᠭ ᠤᠨ ᠪᠦᠯᠬᠦᠮ ᠳᠤ ᠭᠤᠤᠯᠯᠠᠭᠴᠢ ᠳᠠᠭᠤᠴᠢᠨ ᠢᠶᠠᠷ | ᠠᠵᠢᠯᠯᠠᠵᠤ ᠪᠤᠢ᠃ | ᠨᠤᠮᠢᠨ᠂ ᠡᠮᠡᠭᠲᠡᠢ᠂ ᠮᠤᠩᠭᠤᠯ ᠦᠨᠳᠦᠰᠦᠲᠡᠨ᠂ ᠬᠡᠰᠢᠭᠲᠡᠨ ᠬᠤᠰᠢᠭᠤᠨ ᠤ ᠪᠠᠶᠠᠨᠴᠠᠭᠠᠨ ᠰᠤᠮᠤ ᠪᠠᠷ | ᠨᠤᠲᠤᠭᠲᠠᠢ᠃ ᠳᠠᠯᠠᠢ ᠨᠠᠭᠤᠷ ᠤᠨ ᠴᠠᠯᠭᠢᠶᠠᠨ᠂ ᠳᠠᠷᠬᠠᠨ ᠠᠭᠤᠯᠠ ᠶᠢᠨ ᠱᠤᠤᠭᠢᠶᠠᠨ ᠨᠢ ᠤᠷᠠᠯᠢᠭ ᠲᠤ ᠪᠠᠭ᠋ᠠᠲᠠᠢ | ᠲᠡᠭᠦᠨ ᠳᠤ ᠤᠷ᠎ᠠ ᠠᠪᠢᠶᠠᠰ ᠬᠠᠶᠢᠷᠠᠯᠠᠵᠤ᠂ 2000 ᠤᠨ ᠳᠤ ᠤᠯᠠᠭᠠᠨᠬᠠᠳᠠ ᠬᠤᠲᠠ ᠶᠢᠨ ᠦᠨᠳᠦᠰᠦᠲᠡᠨ ᠤ | ᠳᠠᠭᠤᠤ ᠪᠦᠵᠢᠭ ᠤᠨ ᠪᠦᠯᠬᠦᠮ ᠳᠤ ᠭᠤᠤᠯᠯᠠᠭᠴᠢ ᠳᠠᠭᠤᠴᠢᠨ ᠢᠶᠠᠷ ᠠᠵᠢᠯ ᠤᠨ ᠭᠠᠷᠤᠭ᠎ᠠ ᠪᠠᠨ ᠠᠪᠤᠪᠠ᠃ ᠲᠡᠷᠡ | ᠤᠯᠠᠨ ᠤᠳᠠᠭᠠᠨ ᠤ ᠲᠧᠯᠸᠢᠰ ᠦᠳᠡᠰᠢᠯᠡᠭᠡ ᠪᠠ ᠳᠠᠭᠤᠤ ᠶᠢᠨ ᠮᠦᠷᠦᠶᠢᠴᠡᠭᠡᠨ ᠤ ᠱᠠᠩᠨᠠᠯ ᠬᠦᠬᠢᠭᠦᠯᠦᠯ ᠲᠤᠰᠴᠤ | ᠶᠠᠪᠤᠪᠠ᠃ ᠤᠳᠤ ᠤᠯᠠᠭᠠᠨᠬᠠᠳᠠ ᠬᠤᠲᠠ ᠶᠢᠨ ᠬᠦᠬᠡ ᠬᠠᠳᠠᠭ ᠤᠷᠠᠯᠢᠭ ᠤᠨ ᠪᠦᠯᠬᠦᠮ ᠳᠤ ᠭᠤᠤᠯᠯᠠᠭᠴᠢ | ᠳᠠᠭᠤᠴᠢᠨ ᠢᠶᠠᠷ ᠠᠵᠢᠯᠯᠠᠵᠤ ᠪᠤᠢ᠃ |