︽ᠲᠡᠮᠡᠭᠡᠴᠢᠨ ᠪᠦᠰᠡᠭᠦᠢ︾ ᠲᠤᠮᠤ ᠱᠠᠩᠨᠠᠯ ᠲᠤᠰᠪᠠ
ᠨᠡᠶᠢᠲᠡᠯᠡᠭᠰᠡᠨ ᠴᠠᠭ᠄
2016-08-21
       ᠮᠤᠩᠭᠤᠯ ᠤᠯᠤᠰ ᠤᠨ USB ᠲᠧᠯᠸᠢᠰ ᠠᠴᠠ ᠡᠷᠬᠢᠯᠡᠨ ᠬᠢᠭᠰᠡᠨ 14 ᠳ᠋ᠦ᠋ᠭᠡᠷ ᠬᠤᠭᠤᠴᠠᠭᠠᠨ ᠤ ︽ᠵᠢᠭᠠᠰᠤᠨ ᠨᠢᠳᠦ︾ ᠤᠯᠠᠨ ᠤᠯᠤᠰ ᠤᠨ ᠲᠧᠯᠸᠢᠰ ᠤᠨ ᠪᠠᠶᠠᠷ ᠤ ᠡᠮᠦᠨᠡᠬᠡᠨ ᠮᠤᠩᠭᠤᠯ ᠤᠯᠤᠰ ᠤᠨ ᠨᠡᠶᠢᠰᠯᠡᠯ ᠤᠯᠠᠭᠠᠨᠪᠠᠭᠠᠲᠤᠷ ᠲᠤ ᠶᠠᠪᠤᠭᠳᠠᠪᠠ᠃        ︽ᠵᠢᠭᠠᠰᠤᠨ ᠨᠢᠳᠦ︾ ᠤᠯᠠᠨ ᠤᠯᠤᠰ ᠤᠨ 14 ᠳ᠋ᠦ᠋ᠭᠡᠷ ᠬᠤᠭᠤᠴᠠᠭᠠᠨ ᠤ ᠲᠧᠯᠸᠢᠰ ᠤᠨ ᠪᠠᠶᠠᠷ ᠲᠤ ᠳᠤᠮᠳᠠᠳᠤ ᠤᠯᠤᠰ ᠤᠨ ᠦᠪᠦᠷ ᠮᠤᠩᠭᠤᠯ ᠤᠨ ᠮᠤᠩᠭᠤᠯ ᠤᠳᠤᠨ ᠲᠧᠯᠸᠢᠰ᠂ ᠮᠤᠩᠭᠤᠯ ᠤᠯᠤᠰ ᠤᠨ USB ᠲᠧᠯᠸᠢᠰ᠂ ᠤᠷᠤᠰ ᠤᠨ ᠬᠤᠯᠪᠤᠭᠠᠨ ᠤ ᠢᠷᠺᠦ ᠮᠤᠵᠢ ᠶᠢᠨ ᠠᠶᠢᠰᠲ ᠲᠧᠯᠸᠢᠰ᠂ ᠰᠤᠯᠤᠩᠭᠤᠰ ᠤᠯᠤᠰ ᠤᠨ ᠬᠡᠦᠬᠡᠳ ᠵᠠᠯᠠᠭᠤᠰ ᠤᠨ ᠸᠢᠳᠢᠤ᠋ ᠤᠷᠠᠯᠢᠭ ᠤᠨ ᠬᠤᠯᠪᠤᠭ᠎ᠠ᠂ ᠶᠠᠫᠤᠨ ᠤᠯᠤᠰ ᠤᠨ BTV ᠲᠧᠯᠸᠢᠰ ᠵᠡᠷᠭᠡ ᠲᠠᠪᠤᠨ ᠤᠯᠤᠰ ᠤᠨ ᠲᠦᠯᠦᠭᠡᠯᠡᠭᠴᠢᠳ ᠤᠨ ᠪᠦᠯᠬᠦᠮ ᠤᠯᠠᠭᠠᠨᠪᠠᠭᠠᠳᠤᠷ ᠲᠤ ᠴᠤᠭᠯᠠᠷᠠᠵᠤ᠂ ᠺᠢᠨᠤ᠋ ᠳᠡᠯᠭᠡᠴᠡ ᠶᠢᠨ ᠤᠷᠠᠯᠢᠭ ᠤᠨ ᠰᠢᠯᠭᠠᠷᠠᠭᠤᠯᠤᠯᠲᠠ ᠬᠢᠵᠦ᠂ ᠺᠢᠨᠤ᠋ ᠤᠷᠠᠯᠢᠭ ᠤᠨ ᠮᠡᠷᠭᠡᠵᠢᠯ ᠲᠤᠷᠰᠢᠯᠭ᠎ᠠ ᠪᠠᠨ ᠰᠤᠯᠢᠯᠴᠠᠭᠰᠠᠨ ᠪᠠᠶᠢᠨ᠎ᠠ᠃        ᠰᠢᠯᠭᠠᠷᠠᠭᠤᠯᠤᠯᠲᠠ ᠳᠤ᠂ ᠲᠠᠪᠤᠨ ᠤᠯᠤᠰ ᠤᠨ ᠬᠦᠷᠭᠡᠭᠰᠡᠨ ᠳᠦᠴᠢᠭᠡᠳ ᠬᠤᠪᠢ ᠺᠢᠨᠤ᠋ ᠳᠡᠯᠭᠡᠴᠡ ᠠᠴᠠ ᠮᠤᠩᠭᠤᠯ ᠤᠯᠤᠰ ᠤᠨ USB ᠲᠧᠯᠸᠢᠰ ᠤᠨ ᠬᠤᠶᠠᠷ ᠺᠢᠨᠤ᠋ ᠪᠦᠲᠦᠭᠡᠯ᠂ ᠤᠷᠤᠰ᠂ ᠶᠠᠫᠤᠨ᠂ ᠰᠤᠯᠤᠩᠭᠤᠰ ᠤᠯᠤᠰ ᠤᠨ ᠺᠢᠨᠤ᠋ ᠪᠦᠲᠦᠭᠡᠯ ᠲᠤᠰ ᠲᠤᠰ ᠨᠢᠭᠡᠳᠦᠭᠡᠷ ᠳᠡᠰ ᠲᠤ ᠲᠤᠳᠤᠷᠠᠵᠤ᠂ ᠦᠪᠦᠷ ᠮᠤᠩᠭᠤᠯ ᠤᠨ ᠷᠠᠳᠢᠤ᠋ ᠲᠧᠯᠸᠢᠰ ᠬᠤᠷᠢᠶᠠᠨ ᠤ ᠮᠤᠩᠭᠤᠯ ᠤᠳᠤᠨ ᠲᠧᠯᠸᠢᠰ ᠤᠨ ︽ᠰᠤᠶᠤᠯ ᠡᠷᠳᠡᠨᠢ︾ ᠳᠡᠯᠭᠡᠴᠡ ᠠᠴᠠ ᠬᠦᠷᠭᠡᠭᠰᠡᠨ ᠪᠠᠷᠢᠮᠲᠠᠲᠤ ᠺᠢᠨᠤ᠋ ︽ᠲᠡᠮᠡᠭᠡᠴᠢᠨ ᠪᠦᠰᠡᠭᠦᠢ︾ ᠬᠠᠮᠤᠭ ᠰᠢᠯᠢᠳᠡᠭ ᠺᠢᠨᠤ᠋ ᠶᠢᠨ ᠱᠠᠩᠨᠠᠯ ᠬᠦᠷᠲᠡᠵᠡᠢ᠃        2002 ᠤᠨ ᠠᠴᠠ ᠡᠬᠢᠯᠡᠭᠰᠡᠨ ︽ᠵᠢᠭᠠᠰᠤᠨ ᠨᠢᠳᠦ︾ ᠤᠯᠠᠨ ᠤᠯᠤᠰ ᠤᠨ ᠲᠧᠯᠸᠢᠰ ᠤᠨ ᠪᠠᠶᠠᠷ ᠪᠤᠯ ᠳᠤᠮᠳᠠᠳᠤ᠂ ᠮᠤᠩᠭᠤᠯ᠂ ᠤᠷᠤᠰ᠂ ᠶᠠᠫᠤᠨ᠂ ᠰᠤᠯᠤᠩᠭᠤᠰ ᠵᠡᠷᠭᠡ ᠲᠠᠪᠤᠨ ᠤᠯᠤᠰ ᠤᠨ ᠲᠧᠯᠸᠢᠰ ᠤᠨ ᠬᠢᠨ ᠬᠠᠮᠲᠤᠷᠠᠨ ᠵᠢᠯ ᠪᠦᠷᠢ ᠨᠢᠭᠡ ᠤᠳᠠᠭ᠎ᠠ ᠶᠠᠪᠤᠭᠳᠠᠭᠤᠯᠳᠠᠭ ᠠᠽᠢᠶ᠎ᠠ᠂ ᠡᠸᠦ᠋ᠷᠦᠫᠡ ᠶᠢᠨ ᠠᠷᠠᠳ ᠲᠦᠮᠡᠨ ᠳᠤ ᠰᠤᠶᠤᠯ ᠤᠷᠠᠯᠢᠭ ᠢᠶᠠᠷ ᠲᠤᠲᠤᠨᠤ ᠨᠦᠬᠦᠷᠯᠡᠯ ᠢᠶᠠᠨ ᠪᠠᠲᠤᠳᠬᠠᠬᠤ ᠲᠠᠪᠴᠠᠩ ᠤᠯᠭᠤᠵᠤ᠂ ᠭᠠᠵᠠᠷ ᠤᠷᠤᠨ ᠤ ᠰᠤᠳᠤᠨ ᠪᠦᠲᠦᠭᠡᠯ᠂ ᠬᠠᠮᠲᠤ ᠶᠢᠨ ᠠᠵᠢᠯᠯᠠᠭᠠᠨ ᠤ ᠤᠷᠠᠨ ᠪᠦᠲᠦᠭᠡᠯ ᠨᠡᠩ ᠢᠯᠡᠭᠦᠦ ᠴᠤᠯᠭᠤᠷᠠᠬᠤ ᠶᠢ ᠠᠬᠢᠭᠤᠯᠳᠠᠭ ᠰᠤᠶᠤᠯ ᠤᠷᠠᠯᠢᠭ ᠤᠨ ᠠᠵᠢᠯᠯᠠᠭ᠎ᠠ ᠪᠤᠯᠬᠤ ᠶᠤᠮ᠃ ᠲᠤᠭᠲᠠᠭᠠᠯ ᠶᠤᠰᠤᠭᠠᠷ᠂ 2017 ᠤᠨ ᠳᠤ ᠪᠤᠯᠬᠤ 15 ᠳ᠋ᠤᠭᠠᠷ ᠬᠤᠭᠤᠴᠠᠭᠠᠨ ᠤ ︽ᠵᠢᠭᠠᠰᠤᠨ ᠨᠢᠳᠦ︾ ᠤᠯᠠᠨ ᠤᠯᠤᠰ ᠤᠨ ᠲᠧᠯᠸᠢᠰ ᠤᠨ ᠪᠠᠶᠠᠷ ᠢ ᠶᠠᠫᠤᠨ ᠤᠯᠤᠰ ᠳᠠᠭᠠᠭᠠᠴᠢᠯᠠᠨ ᠡᠷᠬᠢᠯᠡᠬᠦ ᠪᠠᠷ ᠪᠤᠯᠤᠭᠰᠠᠨ ᠪᠠᠶᠢᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号