ᠤᠶᠤᠨᠴᠢ ᠤᠨᠢᠰᠤ ᠠᠮᠢᠳᠤᠷᠠᠯ ᠳᠤ ᠤᠯᠠᠮ ᠳᠦᠭᠦᠮ ᠦᠵᠡᠭᠦᠯᠦᠨ᠎ᠡ
ᠨᠡᠶᠢᠲᠡᠯᠡᠭᠰᠡᠨ ᠴᠠᠭ᠄
2016-08-19
       ᠤᠳᠤ ᠰᠦᠯᠵᠢᠶᠡᠨ ᠠᠴᠠ ᠲᠠᠸᠠᠷ ᠬᠤᠳᠠᠯᠳᠤᠨ ᠠᠪᠬᠤ ᠨᠢ ᠮᠠᠰᠢ ᠳᠦᠭᠦᠮ ᠪᠤᠯᠤᠭᠰᠠᠨ ᠪᠤᠯᠪᠠᠴᠤ ᠰᠢᠦᠳᠠᠨᠴᠢ ᠢᠷᠡᠬᠦ ᠪᠠᠷ ᠨᠢ ᠭᠡᠷ ᠲᠤ ᠬᠦᠮᠦᠨ ᠦᠭᠡᠢ ᠪᠠᠶᠢᠪᠠᠯ ᠪᠠᠰᠠ ᠮᠠᠰᠢ ᠶᠠᠷᠰᠢᠭ ᠪᠤᠯᠳᠠᠭ ᠪᠢᠯᠡ᠃ ᠰᠧᠳᠧᠨ ᠤ Clue ᠭᠡᠬᠦ ᠺᠤᠮᠫᠠᠨᠢ ᠤᠶᠢᠷ᠎ᠠ ᠳᠤ ᠨᠢᠭᠡᠨ ᠤᠶᠤᠨᠴᠢ ᠤᠨᠢᠰᠤ ᠶᠢ ᠰᠤᠳᠤᠯᠤᠨ ᠭᠠᠷᠭᠠᠭᠰᠠᠨ ᠶᠤᠮ᠃ ᠲᠡᠭᠦᠨ ᠢ ᠭᠡᠷ ᠤᠨ ᠡᠭᠦᠳᠡᠨ ᠳᠤ ᠤᠭᠰᠠᠷᠠᠵᠤ ᠪᠤᠯᠬᠤ ᠪᠦᠭᠡᠳ ᠭᠠᠷ ᠤᠳᠠᠰᠤᠨ ᠤ app ᠰᠢᠰᠲ᠋ᠧᠮ ᠢᠶᠠᠷ ᠵᠠᠬᠢᠷᠴᠤ ᠪᠤᠯᠤᠨ᠎ᠠ᠃ ᠭᠡᠷ ᠤᠨ ᠡᠵᠡᠨ ᠲᠦᠯᠬᠢᠭᠦᠷ ᠢᠶᠠᠨ ᠮᠠᠷᠲᠠᠬᠤ᠂ ᠡᠰᠡᠬᠦᠯ᠎ᠡ ᠰᠠᠲᠤᠨ ᠲᠦᠷᠦᠯ ᠪᠤᠶᠤ ᠰᠢᠦᠳᠠᠨᠴᠢ ᠭᠡᠷ ᠲᠤ ᠤᠷᠤᠬᠤ ᠤᠴᠢᠷ ᠲᠠᠢ ᠪᠤᠯᠬᠤ ᠦᠶᠡᠰ᠂ ᠲᠦᠷ ᠴᠠᠭ ᠤᠨ ᠨᠢᠭᠤᠴᠠ ᠨᠤᠮᠧᠷ ᠢᠶᠠᠷ ᠡᠭᠦᠳᠡ ᠶᠢ ᠨᠡᠭᠡᠭᠡᠵᠦ ᠪᠤᠯᠤᠨ᠎ᠠ᠃ ᠭᠡᠬᠦ ᠳᠡᠭᠡᠨ ᠡᠭᠦᠳᠡ ᠶᠢ ᠨᠡᠭᠡᠭᠡᠬᠦ ᠪᠤᠶᠤ ᠬᠠᠭᠠᠬᠤ ᠪᠦᠷᠢ ᠭᠡᠷ ᠤᠨ ᠡᠵᠡᠨ ᠤ ᠭᠠᠷ ᠤᠲᠠᠰᠤᠨ ᠳᠤ ᠲᠤᠬᠢᠶ᠎ᠠ ᠢᠷᠡᠳᠡᠭ ᠪᠦᠭᠡᠳ ᠭᠡᠷ ᠤᠨ ᠡᠵᠡᠨ ᠠᠴᠠ ᠭᠡᠷ ᠲᠤ ᠤᠷᠤᠭᠰᠠᠨ ᠬᠦᠮᠦᠨ ᠤ ᠬᠦᠳᠡᠯᠦᠯ ᠪᠠᠷᠢᠯ ᠢ ᠮᠦᠷᠳᠡᠨ ᠬᠢᠨᠠᠵᠤ ᠪᠤᠯᠳᠠᠭ᠃        Clue ᠺᠤᠮᠫᠠᠨᠢ ᠤᠳᠤ ᠶᠠᠭ ᠲᠤᠬᠠᠢ ᠶᠢᠨ ᠭᠠᠵᠠᠷ ᠤᠨ ICA ᠬᠡᠯᠬᠢᠶᠡᠵᠢᠭᠰᠡᠨ ᠬᠡᠲᠦ ᠳᠡᠯᠭᠡᠭᠦᠷ ᠪᠤᠯᠤᠨ PostNord ᠭᠡᠬᠦ ᠪᠠᠷᠠᠭᠠᠨ ᠤ ᠭᠦᠢᠯᠭᠡᠭᠡᠨ ᠤ ᠺᠤᠮᠫᠠᠨᠢ ᠲᠠᠢ ᠬᠠᠮᠲᠤᠷᠠᠨ ︽ᠢᠳᠡᠰᠢᠨ ᠨᠤᠭᠤᠭ᠎ᠠ ᠶᠢ ᠬᠦᠯᠳᠡᠭᠡᠭᠦᠷ ᠲᠤ ᠬᠦᠷᠭᠡᠬᠦ︾ ᠦᠢᠯᠡᠴᠢᠯᠡᠭᠡ ᠨᠡᠭᠡᠭᠡᠬᠦ ᠪᠠᠷ ᠪᠠᠶᠢᠨ᠎ᠠ᠃ ᠲᠤᠬᠠᠶᠢᠯᠠᠪᠠᠯ ᠬᠡᠷᠡᠭᠯᠡᠭᠴᠢ ᠠᠴᠠ ᠨᠤᠭᠤᠭ᠎ᠠ ᠪᠠᠨ ᠵᠠᠬᠢᠶᠠᠯᠠᠭᠠᠳ᠂ ᠭᠡᠷ ᠤᠨ ᠤᠷᠤᠨ ᠪᠠᠶᠢᠷᠢ ᠪᠠᠨ ᠬᠡᠯᠡᠵᠦ ᠦᠭᠪᠡᠯ᠂ Clue ᠺᠤᠮᠫᠠᠨᠢ ᠠᠴᠠ ᠨᠤᠭᠤᠭ᠎ᠠ ᠶᠢ ᠰᠢᠭᠤᠳ ᠵᠠᠬᠢᠶᠠᠯᠠᠭᠴᠢ ᠶᠢᠨ ᠭᠡᠷ ᠲᠤ ᠬᠦᠷᠭᠡᠨ ᠦᠭᠭᠦᠨ᠎ᠡ᠃        Clue ᠺᠤᠮᠫᠠᠨᠢ ᠨᠢ ᠤᠳᠤ ᠨᠢᠭᠡᠨᠲᠡ 650 ᠳ᠋ᠤᠯᠯᠠᠷ ︵ᠠᠷᠠᠳ ᠤᠨ ᠵᠤᠭᠤᠰ ᠢᠶᠠᠷ 4279 ᠲᠦᠮᠡᠨ ᠲᠦᠭᠦᠷᠢᠭ︶ ᠤᠨ ᠪᠡᠯᠡ ᠮᠦᠩᠭᠦ ᠴᠤᠭᠯᠠᠭᠤᠯᠤᠨ ᠲᠤᠰ ᠤᠶᠤᠨᠴᠢ ᠤᠨᠢᠰᠤ ᠪᠠᠨ ᠵᠠᠬ᠎ᠠ ᠳᠡᠯᠭᠡᠭᠦᠷ ᠲᠤ ᠭᠠᠷᠭᠠᠬᠤ ᠪᠠᠷ ᠪᠠᠶᠢᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ︽ᠮᠥᠩᠬᠡ ᠭᠠᠯ︾ ᠺᠣᠮᠫᠢᠦ᠋ᠲ᠋ᠧᠷ ᠰᠣᠹᠲ ᠤᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号