ᠤᠴᠢᠷ ᠲᠠᠢ ᠭᠤᠷᠪᠠᠨ ᠲᠤᠯᠤᠭᠠᠢ
ᠨᠡᠶᠢᠲᠡᠯᠡᠭᠰᠡᠨ ᠴᠠᠭ᠄
2016-05-11
ᠳᠠᠭᠤᠯᠠᠯᠲᠤ ᠵᠦᠴᠦᠭᠡ ᠶᠢᠨ ᠵᠤᠬᠢᠶᠠᠯ       ᠤᠴᠢᠷ ᠲᠠᠢ ᠭᠤᠷᠪᠠᠨ ᠲᠤᠯᠤᠭᠠᠢ             ᠳ᠋᠊᠂ ᠨᠠᠴᠤᠭᠳᠤᠷᠵᠢ       ︵1943 ᠤᠨ ᠳᠤ ᠵᠠᠰᠠᠭᠳᠠᠭᠰᠠᠨ ᠡᠬᠡ︶       ᠨᠢᠭᠡᠳᠤᠭᠡᠷ ᠦᠵᠡᠭᠳᠡᠯ      ᠲᠠᠶᠢᠰᠠᠨ ᠤ ᠪᠠᠶᠢᠳᠠᠯ ᠨᠢ ᠢᠵᠢᠯ ᠭᠤᠷᠪᠠᠨ ᠠᠭᠤᠯᠠ ᠪᠠᠶᠢᠬᠤ ᠪᠠ ᠡᠨᠡ ᠠᠭᠤᠯᠠ ᠪᠤᠯ ᠮᠤᠳᠤ ᠤᠰᠤ ᠴᠡᠴᠡᠭ ᠨᠠᠪᠴᠢ ᠦᠵᠡᠰᠬᠦᠯᠡᠩ ᠲᠡᠭᠦᠯᠳᠡᠷ ᠭᠠᠵᠠᠷ ᠪᠠᠶᠢᠬᠤ ᠪᠦᠭᠡᠳ ᠳᠡᠭᠡᠷᠡᠬᠢ ᠠᠭᠤᠯᠠ ᠶᠢᠨ ᠲᠦᠪ ᠳᠤᠮᠳᠠ ᠠᠭᠤᠳᠠᠮ ᠲᠠᠯ᠎ᠠ ᠬᠦᠨᠳᠡᠢ ᠳᠤ ᠠᠩ ᠳᠤ  ᠶᠠᠪᠤᠭᠰᠠᠨ ᠬᠦᠮᠦᠰ ᠤᠨ ᠠᠷᠤ ᠭᠡᠷ ᠤᠨ ᠬᠦᠮᠦᠰ ᠢᠳᠡᠭᠡ ᠴᠠᠢ ᠠᠶᠢᠷᠠᠭ ᠲᠠᠷᠠᠭ᠂ ᠠᠷᠢᠬᠢ ᠵᠡᠷᠭᠡ ᠶᠢ ᠪᠡᠯᠡᠳᠬᠡᠨ ᠢᠷᠡᠭᠡᠳ ᠬᠦᠭ᠌ᠵᠢᠯᠲᠠ ᠪᠠᠶᠠᠰᠬᠤᠯᠠᠩᠲᠠᠢ ᠪᠠᠷ ᠠᠩᠴᠢᠳ ᠢᠶᠠᠨ ᠮᠠᠭᠲᠠᠨ ᠳᠠᠭᠤᠯᠠᠬᠤ  ᠨᠢ᠄ ︵ᠾᠤᠷ — ᠬᠠᠮᠲᠤ ᠪᠠᠷ ᠳᠠᠭᠤᠯᠠᠬᠤ︶ ᠪᠠᠷᠰ ᠢᠷᠪᠢᠰ ᠢ ᠰᠦᠷᠳᠡᠭᠦᠯᠦᠭᠰᠡᠨ ᠪᠠᠭᠠᠲᠤᠷ ᠮᠠᠨ ᠤ ᠡᠷᠡᠴᠦᠳ ᠪᠠᠶᠠᠷ ᠤᠨ ᠴᠤᠭ ᠢ ᠪᠠᠳᠠᠷᠠᠭᠤᠯᠤᠭᠰᠠᠭᠠᠷ ᠪᠠᠶᠠᠯᠢᠭ ᠤᠯᠵᠠ ᠲᠠᠢ ᠢᠷᠡᠨ᠎ᠡ᠃ ᠠᠷᠤ ᠶᠢᠨ ᠠᠭᠤᠯᠠᠨ ᠳᠤ ᠭᠠᠷᠴᠤ ᠠᠷᠰᠯᠠᠨ ᠪᠠᠷᠰ ᠢ ᠨᠠᠮᠨᠠᠭᠰᠠᠨ ᠠᠩᠴᠢᠨ ᠡᠷᠡᠴᠦᠳ ᠲᠠ ᠨᠠᠷ ᠤᠨ ᠠᠯᠳᠠᠷ ᠨᠡᠷ᠎ᠡ ᠶᠢ ᠮᠠᠭᠲᠠᠶ᠎ᠠ᠃ ᠬᠦᠬᠡ ᠴᠢᠨ᠋ᠸ᠎ᠠ ᠶᠢ ᠠᠶᠤᠯᠭᠠᠭᠰᠠᠨ ᠬᠦᠯᠦᠭ ᠮᠤᠷᠢᠳ ᠢ ᠮᠠᠭᠲᠠᠯ᠎ᠠ᠃ ᠬᠦᠨᠳᠡᠢ ᠶᠢᠨ ᠠᠷᠢᠶᠠᠲᠠᠨ ᠢ ᠴᠤᠴᠢᠭᠠᠭᠰᠠᠨ ᠬᠦᠴᠦᠲᠦ ᠡᠷᠡᠰ ᠢ ᠮᠠᠭᠲᠠᠨ᠎ᠠ᠃ ︵ᠭᠡᠵᠦ ᠳᠠᠭᠤᠯᠠᠵᠤ ᠳᠠᠭᠤᠰᠲᠠᠯ᠎ᠠ ᠠᠯᠤᠰ ᠠᠴᠠ ᠢᠷᠡᠵᠦ ᠶᠠᠪᠤᠭ᠎ᠠ ᠮᠤᠷᠢᠨ ᠤ ᠲᠤᠭᠤᠷᠠᠢ ᠶᠢᠨ ᠳᠠᠭᠤ ᠬᠤᠯᠠ ᠠᠴᠠ ᠰᠤᠨᠤᠰᠲᠠᠭᠰᠠᠭᠠᠷ ᠢᠷᠡᠬᠦ ᠳᠤ᠂ ᠬᠦᠯᠢᠶᠡᠭᠰᠡᠨ ᠬᠦᠮᠦᠰ ᠤᠭᠳᠤᠨ ᠠᠭᠤᠯᠵᠠᠵᠤ᠂ ᠶᠦᠨᠳᠡᠩ ᠨᠠᠩᠰᠠᠯᠮ᠎ᠠ ᠬᠤᠶᠠᠷ ᠪᠡᠶ᠎ᠡ ᠪᠡᠶ᠎ᠡ ᠪᠠᠨ ᠲᠡᠪᠡᠷᠢᠨ ᠰᠡᠳᠬᠢᠯ ᠲᠠᠶᠢᠪᠤᠰᠢᠷᠠᠨ ᠴᠦᠮ ᠢᠶᠠᠷ ᠢᠶᠠᠨ ᠳᠠᠭᠤᠯᠠᠬᠤ ᠨᠢ᠄︶ ︵ᠾᠤᠷ︶ ᠠᠷᠤ ᠶᠢᠨ ᠠᠭᠤᠯᠠᠨ ᠳᠤ ᠤᠷᠭᠤᠭᠰᠠᠨ ᠠᠯᠠᠭ ᠴᠡᠴᠡᠭ ᠰᠠᠶᠢᠬᠠᠨ᠂ ᠠᠮᠠᠷᠠᠭ ᠬᠦᠭᠡᠷᠦᠬᠦᠨ ᠪᠦᠰᠡᠭᠦᠢ ᠮᠢᠨᠢ ᠠᠯᠠᠭ ᠴᠡᠴᠡᠭ ᠠᠴᠠ ᠰᠠᠶᠢᠬᠠᠨ᠃ ᠦᠪᠦᠷ ᠤᠨ ᠠᠭᠤᠯᠠᠨ ᠳᠤ ᠤᠷᠭᠤᠭᠰᠠᠨ ᠦᠩᠭᠡ ᠶᠢᠨ ᠴᠡᠴᠡᠭ ᠰᠠᠶᠢᠬᠠᠨ᠂ ᠦᠪᠡᠷ ᠤᠨ ᠢᠨᠠᠭ ᠪᠦᠰᠡᠭᠦᠢ ᠮᠢᠨᠢ ᠦᠩᠭᠡ ᠶᠢᠨ ᠴᠡᠴᠡᠭ ᠠᠴᠠ ᠰᠠᠶᠢᠬᠠᠨ᠃ ︵ᠭᠡᠵᠦ ᠳᠠᠭᠤᠯᠠᠭᠰᠠᠨ ᠤ ᠳᠠᠷᠠᠭ᠎ᠠ ᠪᠠᠷ ᠪᠦᠭᠦᠳᠡᠭᠡᠷ ᠢᠶᠠᠨ ᠲᠤᠭᠤᠷᠢᠨ ᠰᠠᠭᠤᠵᠠᠭᠠᠵᠤ ᠶᠦᠨᠳᠡᠩ ᠳᠠᠭᠤᠯᠠᠨ᠎ᠠ︶ ᠶᠦᠨᠳᠡᠩ᠄ ᠠᠷᠢᠶᠠᠲᠠᠨ ᠤ ᠵᠢᠷᠦᠬᠡ ᠶᠢ ᠴᠡᠴᠡᠷᠡᠭᠦᠯᠦᠭᠰᠡᠨ ᠠᠯᠳᠠᠷᠲᠤ ᠪᠠᠭᠠᠳᠤᠷ ᠨᠦᠬᠦᠳ ᠮᠢᠨᠢ ᠠᠶᠠᠲᠠᠢ ᠮᠤᠷᠢᠯᠠᠨ ᠰᠠᠭᠤᠵᠠᠭᠠᠵᠤ ᠠᠮᠲᠠᠲᠠᠢ ᠢᠳᠡᠭᠡ ᠪᠠᠨ ᠪᠠᠷᠢᠵᠠᠭᠠᠶ᠎ᠠ᠃ ᠳᠠᠭᠤᠴᠢᠨ᠄ ᠠᠩ ᠭᠦᠷᠦᠭᠡᠰᠦ ᠠᠭᠤᠯᠠ ᠪᠠᠷ ᠳᠦᠭᠦᠷᠡᠩ ᠠᠳᠤᠭᠤ ᠮᠠᠯ ᠲᠠᠯ᠎ᠠ ᠪᠠᠷ ᠳᠦᠭᠦᠷᠡᠩ ᠠᠶᠢᠷᠠᠭ ᠲᠠᠷᠠᠭ ᠭᠡᠷ ᠢᠶᠠᠷ ᠳᠦᠭᠦᠷᠡᠩ ᠠᠷᠠᠳ ᠤᠯᠠᠨ ᠵᠢᠷᠭᠠᠯ ᠢᠶᠠᠷ ᠳᠦᠭᠦᠷᠴᠦ ᠠᠰᠢᠳᠠ ᠶᠢᠨ ᠴᠡᠩᠭᠡᠯ ᠪᠦᠷᠢᠳᠦᠭᠰᠡᠨ ᠤ ᠲᠤᠯᠠ᠂᠂᠂᠂᠂ᠲᠠᠯ᠎ᠠ ᠨᠤᠲᠤᠭ ᠴᠡᠴᠡᠭ ᠢᠶᠠᠷ ᠳᠦᠭᠦᠷᠴᠦ ᠲᠠᠩᠰᠤᠭ ᠢᠳᠡᠭᠡ ᠲᠠᠪᠰᠢ ᠪᠠᠷ ᠳᠦᠭᠦᠷᠴᠦ ᠲᠠᠷᠠᠭ ᠠᠶᠢᠷᠠᠭ ᠬᠤᠪᠢᠩ ᠢᠶᠠᠷ ᠪᠢᠯᠬᠠᠵᠤ ᠲᠠᠨᠢᠯ ᠨᠦᠬᠦᠳ ᠬᠤᠷᠠᠯᠳᠤᠨ ᠢᠷᠡᠵᠦ ᠲᠠᠪᠠ ᠲᠠᠢ ᠴᠡᠩᠭᠡᠯ ᠪᠦᠷᠢᠳᠦᠭᠰᠡᠨ ᠤ ᠲᠤᠯᠠ᠂᠂᠂᠂᠂᠂ ︵ᠭᠡᠵᠦ ᠳᠠᠭᠤᠯᠠᠭᠰᠠᠨ ᠤ ᠳᠠᠷᠠᠭ᠎ᠠ ᠪᠠᠷ ᠨᠡᠶᠢᠲᠡ ᠪᠠᠷ ᠲᠦᠷᠢᠯᠭᠡ ᠪᠤᠯᠵᠤ ᠳᠠᠭᠤᠯᠠᠨ᠎ᠠ︶ ︵ᠾᠤᠷ︶ ᠠᠩᠴᠢᠨ ᠠᠷᠠᠳ ᠢ ᠲᠤᠯᠤᠭᠠᠶᠢᠯᠠᠭᠰᠠᠨ ᠠᠯᠳᠠᠷᠲᠤ ᠡᠷ᠎ᠡ ᠶᠦᠨᠳᠡᠩ ᠮᠢᠨᠢ᠂ ᠠᠭᠤᠤ ᠵᠤᠷᠢᠭ ᠢ ᠬᠦᠭᠵᠢᠭᠡᠭᠰᠡᠨ ᠰᠢᠯᠢᠳᠡᠭ ᠠᠩᠴᠢᠨ ᠶᠦᠨᠳᠡᠩ ᠮᠢᠨᠢ᠂ ᠪᠠᠭᠠᠲᠤᠷ ᠴᠢᠨᠦ ᠬᠠᠮᠲᠤ ᠪᠠᠷ ᠪᠠᠭ᠋ᠠᠨ ᠨᠠᠭᠠᠳᠴᠤ ᠴᠡᠩᠭᠡᠬᠦ ᠶᠢ ᠪᠠᠰᠠ ᠪᠢᠳᠡ ᠬᠦᠰᠡᠬᠦ ᠲᠤᠯᠠ ᠪᠠᠶᠠᠷᠯᠠᠨ ᠤᠭᠲᠤᠵᠤ ᠬᠦᠯᠢᠶᠡᠨ᠎ᠡ᠃ ᠳᠠᠭᠤᠴᠢᠨ᠄ ᠰᠠᠷᠠᠭᠤᠯ ᠲᠠᠯ᠎ᠠ ᠶᠢᠨ ᠴᠢᠯᠦᠭᠡᠲᠦ ᠠᠷᠠᠳ ᠤᠳ ᠰᠠᠶᠢᠬᠠᠨ ᠬᠤᠷᠢᠮ ᠢ ᠦᠢᠯᠡᠳᠬᠦ ᠪᠠᠷ ᠴᠤᠭᠯᠠᠵᠤ ᠰᠠᠷᠬᠤᠳ ᠤᠨ ᠬᠤᠨᠳᠠᠭ᠎ᠠ ᠶᠢ ᠡᠷᠭᠦᠨ ᠳᠡᠪᠰᠢᠭᠦᠯᠵᠦ ᠰᠠᠨᠠᠭᠰᠠᠨ ᠦᠭᠡ ᠪᠠᠨ ᠬᠠᠷᠠᠮ ᠦᠭᠡᠢ ᠶᠠᠷᠢᠬᠤ ᠰᠠᠶᠢᠬᠠᠨ ᠵᠠᠪᠰᠢᠶᠠᠨ ᠤᠯᠳᠠᠭᠰᠠᠨ ᠤ ᠲᠤᠯᠠ᠂᠂᠂᠂᠂᠂ ᠲᠠᠯ᠎ᠠ ᠨᠤᠲᠤᠭ ᠴᠡᠴᠡᠭ ᠢᠶᠠᠷ ᠪᠦᠷᠬᠦᠵᠦᠲᠠᠩᠰᠤᠭ ᠢᠳᠡᠭᠡ ᠳᠡᠪᠰᠢ ᠪᠠᠷ ᠳᠦᠭᠦᠷᠴᠦ ᠲᠠᠷᠠᠭ ᠠᠶᠢᠷᠠᠭ ᠬᠤᠪᠢᠩ ᠢᠶᠠᠷ ᠪᠢᠯᠬᠠᠵᠤ ᠲᠠᠨᠢᠯ ᠨᠦᠬᠦᠳ ᠬᠤᠷᠠᠯᠳᠤᠨ ᠢᠷᠡᠵᠦ ᠲᠠᠪᠠ ᠲᠠᠢ ᠴᠡᠩᠭᠡᠯ ᠪᠦᠷᠢᠳᠬᠦ ᠶᠢᠨ ᠲᠤᠯᠠ᠂᠂᠂᠂᠂᠂ ︵ᠾᠤᠷ︶ ᠠᠮᠠᠷᠠᠭ ᠨᠦᠬᠦᠳ ᠪᠦᠭᠦᠳᠡᠭᠡᠷ ᠢᠶᠠᠨ ᠵᠡᠷᠭᠡᠴᠡᠵᠦ ᠠᠯᠲᠠᠨ ᠰᠢᠷᠡᠭᠡ ᠶᠢ ᠲᠤᠭᠤᠷᠢᠨ ᠰᠠᠭᠤᠭᠠᠳ ᠠᠮᠲᠠᠲᠤ ᠢᠳᠡᠭᠡ ᠪᠠᠨ ᠠᠮᠰᠠᠵᠤ ᠢᠳᠡᠭᠡᠳ ᠠᠭᠤᠤ ᠨᠠᠶᠢᠷ ᠢᠶᠠᠨ ᠡᠭᠦᠰᠭᠡᠨ ᠵᠢᠷᠭᠠᠶ᠎ᠠ᠃ ᠬᠤᠰᠢᠭᠤᠴᠢ ᠪᠠᠭᠠᠲᠤᠷ ᠤᠳ ᠮᠤᠷᠢᠯᠠᠨ ᠢᠷᠡᠵᠦ ᠭᠤᠸ᠎ᠠ ᠬᠡᠦᠬᠡᠨ ᠨᠦᠭᠦᠳ ᠤᠭᠲᠤᠨ ᠠᠭᠤᠯᠵᠠᠵᠤ ᠬᠤᠪᠢ ᠲᠠᠢ ᠴᠡᠩᠭᠡᠯ ᠪᠦᠷᠢᠳᠬᠦ ᠶᠢᠨ ᠲᠤᠯᠠᠳᠠ ᠬᠤᠷᠠᠭᠰᠠᠨ ᠪᠦᠭᠦᠳᠡ ᠲᠡᠭᠦᠰ ᠵᠢᠷᠭᠠᠯᠲᠠᠢ᠃ ︵ᠳᠠᠷᠠᠭ᠎ᠠ ᠨᠢ ᠡᠷᠡᠭᠲᠡᠶᠢᠴᠦᠳ ᠪᠠ ᠡᠮᠡᠭᠲᠡᠶᠢᠴᠦᠳ ᠲᠠᠨᠼ ᠬᠢᠨ᠎ᠡ᠃ ᠨᠠᠰᠤᠲᠠᠢ ᠠᠷᠠᠳ ᠨᠠᠩᠰᠠᠯᠮ᠎ᠠ ᠳᠤ ᠴᠡᠴᠡᠭ ᠪᠡᠯᠡᠭᠯᠡᠨ ᠪᠦᠬᠦ ᠴᠤᠭᠯᠠᠷᠠᠭᠰᠠᠳ ᠲᠤ ᠶᠤᠰᠤᠯᠠᠨ ᠶᠠᠪᠤᠨ᠎ᠠ᠃ ᠬᠡᠳᠦᠨ ᠡᠷᠡᠭᠲᠡᠢ ᠡᠮᠡᠭᠲᠡᠢ ᠬᠦᠮᠦᠰ ᠦᠯᠡᠳᠡᠵᠦ ᠨᠢᠭᠡᠨ ᠲᠠᠯ᠎ᠠ ᠠᠴᠠ ᠨᠢᠭᠡ ᠬᠡᠦᠬᠡᠨ ᠬᠡᠦᠬᠡᠳ  ᠪᠦᠦᠪᠡᠶᠢᠯᠡᠭᠰᠡᠭᠡᠷ ᠭᠠᠷᠴᠦ ᠢᠷᠡᠨ᠎ᠡ︶ ᠨᠢᠭᠡ ᠬᠡᠦᠬᠡᠨ᠄ ᠪᠦᠬᠡᠬᠡᠨ ᠭᠡᠭᠡ ᠲᠠᠰᠤᠷᠠᠵᠤ ᠪᠦᠷᠦᠩᠭᠦᠢ ᠦᠳᠡᠰᠢ ᠪᠤᠯᠵᠤ ᠪᠦᠭᠦᠳᠡ ᠠᠮᠢᠲᠠᠨ ᠠᠮᠠᠷᠠᠵᠤ ᠪᠦᠷᠢᠨ ᠲᠡᠭᠦᠰ ᠤᠨᠲᠠᠵᠠᠢ᠂ ᠪᠦᠯᠲᠡᠭᠡᠷ ᠬᠦᠦ ᠮᠢᠨᠢ ᠤᠨᠲᠠ ᠳ᠋ᠡ᠃ ᠪᠦᠦᠪᠡᠢ᠂ ᠪᠦᠦᠪᠡᠢ᠂ ᠪᠦᠦᠪᠡᠢ᠃ ᠬᠠᠶᠠᠭᠠᠨ ᠳᠤ ᠪᠠᠶᠢᠭ᠎ᠠ ᠬᠠᠰᠢᠶᠠᠨ ᠳᠤ ᠬᠠᠯᠵᠠᠨ ᠬᠤᠷᠠᠭ᠎ᠠ ᠬᠡᠪᠲᠡᠵᠦ ᠪᠠᠶᠢᠨ᠎ᠠ᠂ ᠬᠠᠷ᠎ᠠ ᠰᠠᠶᠢᠬᠠᠨ ᠨᠢᠳᠦ ᠪᠠᠨ ᠬᠠᠮᠬᠢᠵᠦ ᠠᠨᠢᠭᠠᠳ ᠤᠨᠲᠠᠵᠠᠢ᠂ ᠬᠠᠶᠢᠷᠠᠲᠠᠢ ᠬᠦᠦ ᠮᠢᠨᠢ ᠤᠨᠲᠠ ᠳ᠋ᠠ᠃ ᠪᠦᠦᠪᠡᠢ᠂ ᠪᠦᠦᠪᠡᠢ᠂ ᠪᠦᠦᠪᠡᠢ᠃ ᠢᠷᠲᠦ ᠰᠡᠯᠡᠮ᠎ᠡ ᠪᠠᠨ ᠳᠠᠯᠠᠶᠢᠭᠴᠢ ᠢᠳᠡᠮᠡᠬᠡᠢ ᠳᠠᠶᠢᠰᠤᠨ ᠢ ᠳᠠᠷᠤᠵᠤ ᠶᠡᠭᠡ ᠬᠡᠷᠡᠭ ᠢ ᠪᠦᠲᠦᠭᠡᠭᠴᠢ ᠢᠷᠡᠭᠡᠳᠦᠢ ᠶᠢᠨ ᠪᠠᠭᠠᠲᠤᠷ ᠮᠢᠨᠢ ᠡᠵᠢ ᠶᠢᠨ ᠢᠶᠠᠨ ᠭᠠᠷ ᠳᠡᠭᠡᠷ᠎ᠡ ᠤᠨᠲᠠ ᠳ᠋ᠠ᠃ ᠪᠦᠦᠪᠡᠢ᠂ ᠪᠦᠦᠪᠡᠢ᠂ ᠪᠦᠦᠪᠡᠢ᠃ ︵ᠬᠡᠦᠬᠡᠨ ᠢ ᠰᠤᠨᠢᠷᠬᠠᠨ ᠪᠠᠶᠢᠭᠰᠠᠨ ᠠᠷᠠᠳ ᠤᠳ ᠲᠠᠯ᠎ᠠ ᠲᠠᠯ᠎ᠠ ᠲᠡᠰᠢ ᠪᠠᠨ ᠶᠠᠪᠤᠨ᠎ᠠ᠃ ᠶᠦᠨᠳᠡᠩ ᠨᠠᠩᠰᠠᠯᠮ᠎ᠠ ᠬᠤᠶᠠᠷ ᠳᠠᠭᠤᠯᠠᠨ᠎ᠠ︶ ᠶᠦᠨᠳᠡᠩ᠄ ᠬᠠᠳᠠ ᠲᠠᠢ ᠦᠨᠳᠦᠷ ᠠᠭᠤᠯᠠ ᠨᠢ ᠬᠠᠩᠭᠠᠢ ᠳᠡᠯᠡᠬᠡᠢ ᠶᠢᠨ ᠦᠵᠡᠰᠬᠦᠯᠡᠩ᠃ ᠬᠠᠵᠠᠭᠤ ᠳᠤ ᠪᠠᠶᠢᠭ᠎ᠠ ᠬᠦᠦ ᠮᠢᠨᠢ ᠬᠠᠮᠤᠭ ᠤᠯᠠᠨ ᠤ ᠪᠠᠶᠠᠰᠬᠤᠯᠠᠩ᠃ ᠬᠠᠶᠢᠯᠠᠰᠤ ᠮᠤᠳᠤᠨ ᠤ ᠮᠦᠴᠢᠷ ᠳᠡᠭᠡᠷ᠎ᠡ ᠬᠠᠷᠴᠠᠭᠠᠢ ᠰᠢᠪᠠᠭᠤ ᠵᠢᠷᠭᠢᠵᠦ ᠪᠠᠶᠢᠨ᠎ᠠ᠃ ᠬᠠᠷᠢᠯᠴᠠᠨ ᠬᠠᠨᠢᠯᠠᠭᠰᠠᠨ ᠪᠢᠳᠡ ᠬᠤᠶᠠᠷᠬᠠᠮᠲᠤᠷᠠᠬᠤ ᠶᠢᠨ ᠦᠭᠡ ᠶᠢ ᠶᠠᠷᠢᠬᠤ ᠦᠦ ᠳ᠋ᠠ᠃ ᠨᠠᠩᠰᠠᠯᠮ᠎ᠠ᠄ ᠮᠤᠳᠤ ᠲᠠᠢ ᠰᠠᠶᠢᠬᠠᠨ ᠠᠭᠤᠯᠠ ᠨᠢ ᠮᠤᠩᠭᠤᠯ ᠭᠠᠵᠠᠷ ᠤᠨ ᠴᠢᠮᠡᠭ᠃ ᠢᠷᠦᠭᠡᠯ ᠲᠠᠢ ᠤᠴᠠᠷᠠᠭᠰᠠᠨ ᠬᠦᠦ ᠮᠢᠨᠢ ᠶᠤᠰᠤ ᠲᠠᠢ ᠮᠢᠨᠦ ᠠᠮᠠᠷᠠᠭ ᠡ᠃ ᠵᠦᠭᠡᠯᠡᠨ ᠰᠠᠯᠬᠢ ᠨᠠᠶᠢᠭᠤᠬᠤ ᠳᠤ ᠴᠡᠴᠡᠭ ᠨᠠᠪᠴᠢ ᠨᠢ ᠭᠠᠩᠬᠤᠨ᠎ᠠ᠃ ᠴᠡᠭᠡᠵᠢᠨ ᠳᠠᠬᠢ ᠦᠭᠡ ᠪᠠᠨ ᠬᠡᠯᠡᠬᠦ ᠳᠤ ᠴᠢᠬᠢᠨ ᠳᠤ ᠮᠢᠨᠢ ᠠᠶᠠᠲᠠᠶᠢᠬᠠᠨ ᠰᠤᠨᠤᠰᠲᠠᠨ᠎ᠠ᠃ ᠶᠦᠨᠳᠡᠩ᠄ ᠰᠡᠳᠬᠢᠯ ᠤᠨ ᠠᠮᠠᠷᠠᠭ ᠭᠡᠳᠡᠭ ᠴᠢᠨᠢ ᠰᠢᠵᠢᠷ ᠠᠯᠲᠠ ᠠᠴᠠ ᠦᠨ᠎ᠡ ᠲᠠᠢ᠃ ᠰᠢᠯᠢᠵᠦ ᠲᠡᠭᠦᠨ ᠢ ᠤᠯᠬᠤ ᠳᠤ ᠰᠢᠢᠳᠪᠦᠷᠢ ᠵᠤᠷᠢᠭ ᠬᠡᠷᠡᠭ ᠲᠠᠢ᠃ ︵ᠬᠤᠶᠠᠭᠤᠯᠠ ᠳᠠᠭᠤᠯᠠᠨ᠎ᠠ︶ ︵ᠳᠦᠨ᠋ᠧᠲ︶ ᠢᠵᠢᠯᠢ ᠬᠤᠶᠠᠷ ᠰᠢᠪᠠᠭᠤ ᠰᠢᠭ᠋ ᠢᠵᠢᠯᠢᠲᠦᠭᠡᠳ ᠬᠤᠶᠠᠭᠤᠯᠠ ᠰᠠᠭᠤᠶ᠎ᠠ᠃ ᠢᠩᠭᠢᠵᠦ ᠨᠡᠶᠢᠯᠡᠬᠦ ᠠᠴᠠ ᠢᠯᠡᠭᠦᠦ ᠵᠢᠷᠭᠠᠯ ᠬᠠᠮᠢᠭ᠎ᠠ ᠠᠴᠠ ᠪᠠᠶᠢᠬᠤ ᠪᠤᠢ︖ ᠶᠦᠨᠳᠡᠩ : ᠠᠪᠤ ᠡᠵᠢ ᠳᠤ ᠴᠢᠨᠢ ᠬᠡᠯᠡᠬᠦ ᠦᠦ ᠳ᠋ᠠ ᠠᠬ᠎ᠠ ᠳᠡᠭᠦᠦ ᠴᠢᠨᠢ ᠶᠠᠭᠤ ᠭᠡᠬᠦ ᠪᠤᠯ︖ᠠᠶᠠᠨ ᠵᠢᠩ ᠳᠤ ᠶᠠᠪᠤᠵᠤ ᠠᠪᠬᠤ ᠶᠠᠭᠤᠮ᠎ᠠ ᠪᠠᠨ ᠲᠦᠬᠦᠭᠡᠷᠬᠦ ᠦᠦ ᠳ᠋ᠠ᠃ ᠡᠴᠢᠭᠡ ᠡᠬᠡ ᠳᠡᠭᠡᠨ ᠬᠡᠯᠡᠭᠡᠷᠡᠢ ᠦᠮᠴᠢ ᠬᠦᠷᠦᠩᠭᠡ ᠠᠪᠤᠶ᠎ᠠ᠃ ᠬᠤᠲᠠ ᠭᠠᠵᠠᠷ ᠤᠷᠤᠭᠠᠳ ᠬᠤᠷᠢᠮ ᠤᠨ ᠶᠠᠭᠤᠮ᠎ᠠ ᠪᠠᠨ ᠪᠡᠯᠡᠳᠬᠡᠶ᠎ᠡ᠃ ᠨᠠᠩᠰᠠᠯᠮ᠎ᠠ᠄ ᠲᠦᠷᠦᠯ ᠰᠠᠲᠤᠨ ᠴᠦ ᠶᠠᠭᠠᠬᠢᠬᠤ ᠪᠤᠢ ᠳ᠋ᠠ ᠮᠢᠨᠦ ᠵᠢᠷᠭᠠᠯ ᠢ ᠬᠤᠷᠢᠬᠤ ᠦᠭᠡᠢ᠃ ᠲᠦᠪᠯᠡᠭᠰᠡᠨ ᠰᠡᠳᠬᠢᠯ ᠴᠢᠮ᠎ᠠ ᠳᠡᠭᠡᠷ᠎ᠡ ᠰᠢᠦ ᠲᠡᠳᠡ ᠠᠶᠠᠨᠳᠠᠭᠠᠨ ᠵᠦᠪᠰᠢᠶᠡᠷᠡᠨ᠎ᠡ᠃ ᠠᠮᠠᠷᠠᠭ ᠰᠡᠳᠬᠢᠯ ᠭᠡᠳᠡᠭ ᠴᠢᠨᠢ ᠠᠷᠢᠯᠭᠠᠵᠤ ᠪᠤᠯᠳᠠᠭ ᠦᠭᠡᠢ ᠶᠤᠮ ᠪᠠᠶᠢᠨ᠎ᠠ᠃ ᠠᠶᠠᠨ ᠳᠠᠭᠠᠨ ᠲᠦᠷᠭᠡᠨ ᠶᠠᠪᠤᠬᠤ ᠶᠢ ᠡᠳᠦᠷ ᠰᠦᠨᠢ ᠦᠭᠡᠢ ᠬᠦᠯᠢᠶᠡᠶ᠎ᠡ᠃ᠶᠦᠨᠳᠡᠩ᠄ ᠬᠠᠶᠢᠷᠠᠲᠠᠢ ᠰᠡᠳᠬᠢᠯ ᠨᠡᠶᠢᠯᠡᠭᠰᠡᠨ ᠬᠤᠶᠢᠨ᠎ᠠ ᠬᠠᠷᠢᠭᠠᠳ ᠪᠤᠰᠢᠭᠤᠬᠠᠨ ᠢᠷ᠎ᠡ᠃ ᠬᠠᠮᠤᠭ ᠶᠠᠷᠢᠶ᠎ᠠ ᠲᠤᠬᠢᠷᠠᠭᠰᠠᠨ ᠬᠤᠶᠢᠨ᠎ᠠ ᠭᠠᠷᠬᠤ ᠠᠴᠠ ᠡᠮᠦᠨ᠎ᠡ ᠠᠭᠤᠯᠵᠠᠶ᠎ᠠ᠃ ︵ᠶᠦᠨᠳᠡᠩ ᠨᠠᠩᠰᠠᠯᠮ᠎ᠠ ᠬᠤᠶᠠᠷ ᠳᠠᠭᠤᠯᠠᠬᠤ ᠨᠢ︶ ︵ᠳᠦᠨ᠋ᠧᠲ︶ ᠢᠵᠢᠯᠢ ᠬᠤᠶᠠᠷ ᠰᠢᠪᠠᠭᠤ ᠰᠢᠭ᠋ᠢᠵᠢᠯᠢᠲᠦᠭᠡᠳ ᠬᠤᠶᠠᠭᠤᠯᠠ ᠰᠠᠭᠤᠶ᠎ᠠ᠃ ᠢᠩᠭᠢᠵᠦ ᠨᠡᠶᠢᠯᠡᠬᠦ ᠠᠴᠠ ᠢᠯᠡᠭᠦᠦ ᠵᠢᠷᠭᠠᠯ ᠬᠠᠮᠢᠭ᠎ᠠ ᠠᠴᠠ ᠪᠠᠶᠢᠬᠤ ᠪᠤᠢ᠃ ︵ᠶᠦᠨᠳᠡᠩ ᠨᠠᠩᠰᠠᠯᠮ᠎ᠠ ᠬᠤᠶᠠᠷ ᠶᠠᠪᠤᠵᠤ ᠳᠠᠯᠳᠠ ᠤᠷᠤᠨ᠎ᠠ᠃ ᠦᠷ ᠴᠠᠶᠢᠵᠤ ᠲᠠᠯ᠎ᠠ ᠲᠠᠯ᠎ᠠ ᠠᠴᠠ ᠬᠦᠮᠦᠰ ᠴᠤᠪᠤᠷᠠᠨ ᠭᠠᠷᠴᠤ ᠢᠷᠡᠨ᠎ᠡ᠃︶ ᠨᠢᠭᠡ ᠬᠦᠮᠦᠨ᠄ ᠠᠯᠲᠠᠨ ᠦᠩᠭᠡᠲᠦ ᠨᠠᠷᠠᠨ ᠠᠮᠢᠳᠤᠷᠠᠯ ᠵᠢᠷᠭᠠᠯ ᠢ ᠲᠤᠩᠬᠠᠭᠯᠠᠨ ᠠᠯᠤᠰ ᠤᠨ ᠠᠭᠤᠯᠠ ᠶᠢᠨ ᠬᠦᠲᠦᠯ ᠢᠶᠠᠷ ᠠᠷᠠᠶᠢᠬᠠᠨ ᠴᠤᠬᠤᠶᠢᠵᠤ ᠢᠷᠡᠯ᠎ᠡ᠃ ᠨᠠᠷᠠᠨ ᠤ᠂ ᠨᠠᠷᠠᠨ ᠤ᠂ ᠨᠠᠷᠠᠨ ᠤ᠂ ᠨᠠᠷᠠᠨ ᠤ᠃ ︵ᠾᠤᠷ︶ ᠪᠠᠯᠠᠷ ᠨᠤᠶᠠᠨ ᠬᠠᠷᠠᠩᠭᠤᠢ ᠪᠠᠶᠢᠬᠤ ᠭᠠᠵᠠᠷ ᠦᠭᠡᠢ ᠪᠤᠯᠵᠤ ᠪᠠᠷᠤᠭ ᠤᠬᠠᠭᠠᠨ ᠦᠭᠡᠢ ᠬᠦᠳᠡᠯᠵᠦ ᠪᠠᠴᠢᠮᠳᠠᠨ ᠵᠢᠭᠤᠳᠠᠵᠤ ᠤᠳᠤᠯ᠎ᠠ᠃ ᠨᠠᠷᠠᠨ ᠤ᠂ ᠨᠠᠷᠠᠨ ᠤ᠂ ᠨᠠᠷᠠᠨ ᠤ᠂ ᠨᠠᠷᠠᠨ ᠤ᠃ ᠦᠨᠳᠦᠷ ᠠᠭᠤᠯᠠ ᠶᠢᠨ ᠠᠷᠤ ᠳᠤ ᠡᠮᠦᠰᠦᠭᠰᠡᠨ ᠳᠡᠪᠡᠯ ᠢᠶᠠᠨ ᠬᠠᠶᠠᠭᠠᠳ ᠦᠯᠦᠨ ᠴᠢᠨ᠋ᠸ᠎ᠠ ᠶᠢᠨ ᠨᠦᠬᠡᠨ ᠳᠤ ᠦᠷᠦᠭᠡᠰᠦᠨ ᠭᠤᠲᠤᠯ ᠢᠶᠠᠨ ᠮᠠᠷᠲᠠᠵᠠᠢ᠃ ᠨᠠᠷᠠᠨ ᠤ᠂ ᠨᠠᠷᠠᠨ ᠤ᠂ ᠨᠠᠷᠠᠨ ᠤ᠂ ᠨᠠᠷᠠᠨ ᠤ᠃ ᠬᠠᠷᠠᠩᠭᠤᠢ ᠡᠵᠡᠨ ᠪᠠᠯᠠᠷᠬᠠᠶᠢᠬᠤ ᠮᠦᠷ ᠦᠭᠡᠢ ᠠᠷᠢᠯᠤᠯ᠎ᠠ᠃ ᠬᠠᠶᠢᠷ᠎ᠠ ᠦᠷᠦᠰᠢᠶᠡᠯᠲᠦ ᠨᠠᠷᠠᠨ ᠬᠠᠮᠤᠭ ᠶᠢᠷᠲᠢᠨᠴᠦ ᠶᠢ ᠭᠡᠶᠢᠭᠦᠯᠦᠯ᠎ᠡ᠃ ᠨᠠᠷᠠᠨ ᠤ᠂ ᠨᠠᠷᠠᠨ ᠤ᠂ ᠨᠠᠷᠠᠨ ᠤ᠂ ᠨᠠᠷᠠᠨ ᠤ᠃ ᠠᠯᠲᠠᠨ ᠭᠡᠷᠡᠯᠲᠦ ᠨᠠᠷᠠ ᠨᠢ ᠠᠮᠢᠲᠠᠨ ᠪᠦᠬᠦᠨ ᠢ ᠳᠡᠳᠬᠦᠭᠰᠡᠭᠡᠷ ᠠᠯᠢᠪᠠ ᠵᠢᠷᠭᠠᠯ ᠢ ᠰᠤᠶᠤᠷᠬᠠᠭᠰᠠᠭᠠᠷ ᠠᠰᠢᠳᠠ ᠮᠦᠩᠬᠡ ᠮᠠᠨᠳᠤᠲᠤᠭᠠᠢ᠃ ᠨᠠᠷᠠᠨ ᠤ᠂ ᠨᠠᠷᠠᠨ ᠤ᠂ ᠨᠠᠷᠠᠨ ᠤ᠂ ᠨᠠᠷᠠᠨ ᠤ᠃ ︵ᠨᠠᠷᠠ ᠪᠦᠷ ᠭᠠᠷᠴᠤ᠂ ᠠᠩᠴᠢᠳ ᠠᠩ ᠳᠠᠭᠠᠨ ᠮᠤᠷᠳᠠᠬᠤ ᠪᠠᠷ ᠪᠡᠯᠡᠳᠬᠡᠨ᠎ᠡ᠃ ᠡᠮᠡᠭᠲᠡᠶᠢᠴᠦᠳ ᠡᠬᠢᠯᠡᠵᠦ ᠳᠠᠭᠤᠯᠠᠨ᠎ᠠ︶ ︵ᠾᠤᠷ︶ ᠠᠯᠲᠠᠨ ᠨᠠᠷᠠᠨ ᠤᠷᠭᠤᠯ᠎ᠠ᠂ ᠠᠩᠴᠢᠨ ᠤᠯᠠᠨ ᠨᠦᠬᠦᠳ ᠮᠢᠨᠢ ᠠᠷᠤ ᠶᠢᠨ ᠠᠭᠤᠯᠠᠨ ᠳᠤ ᠭᠠᠷᠴᠤ ᠠᠷᠢᠶᠠᠲᠠᠨ ᠭᠦᠷᠦᠭᠡᠰᠦ ᠶᠢ ᠠᠩᠨᠠᠶ᠎ᠠ᠃ ᠬᠤᠷᠴᠠ ᠵᠡᠪᠰᠡᠭ ᠢᠶᠠᠨ ᠪᠠᠷᠢᠵᠤ ᠬᠤᠷᠳᠤᠨ ᠮᠤᠷᠢᠨ ᠳᠠᠭᠠᠨ ᠮᠤᠷᠳᠠᠭᠠᠳ ᠬᠠᠩᠭᠠᠢ ᠶᠢᠨ ᠠᠭᠤᠯᠠᠨ ᠳᠤ ᠭᠠᠷᠴᠤ ᠬᠠᠨᠳᠠᠭᠠᠢ ᠪᠤᠭᠤ ᠶᠢ ᠨᠠᠮᠨᠠᠶ᠎ᠠ᠃ ︵ᠡᠮᠡᠭᠲᠡᠶᠢᠴᠦᠳ ᠳᠠᠭᠤᠯᠠᠨ᠎ᠠ︶ ︵ᠾᠤᠷ︶ ᠠᠷᠠᠳ ᠤᠨ ᠰᠢᠯᠢᠳᠡᠭ ᠬᠦᠪᠡᠭᠦᠨᠠᠩᠴᠢᠨ ᠡᠷᠬᠢᠮ ᠡᠷᠡᠴᠦᠳ ᠮᠢᠨᠢ ᠠᠩ ᠤᠨ ᠦᠰᠦᠯᠢᠭ ᠢ ᠤᠯᠵᠤ ᠠᠷᠢᠶᠠᠲᠠᠨ ᠤ ᠰᠤᠷᠯᠢᠭ ᠢ ᠠᠪᠠᠯᠠᠭᠠᠷᠠᠢ᠃ ᠭᠠᠨᠵᠤᠭ᠎ᠠ ᠳᠦᠭᠦᠷᠡᠩ ᠶᠠᠭᠤᠮ᠎ᠠ ᠲᠠᠢ ᠭᠠᠷ ᠳᠦᠭᠦᠷᠡᠩ ᠠᠰᠢᠭ ᠲᠠᠢ ᠤᠯᠵᠠ ᠲᠠᠢ ᠰᠠᠶᠢᠨ ᠶᠠᠪᠤᠬᠤ ᠶᠢ ᠴᠢᠨᠢ ᠤᠯᠠᠨ ᠪᠦᠭᠦᠳᠡᠭᠡᠷ ᠢᠶᠠᠨ ᠬᠦᠰᠡᠨ᠎ᠡ᠃ ︵ᠡᠷᠡᠭᠲᠡᠢ ᠡᠮᠡᠭᠲᠡᠶᠢᠴᠦᠳ ᠪᠦᠭᠦᠳᠡᠭᠡᠷ ᠢᠶᠠᠨ ᠳᠠᠭᠤᠯᠠᠨ᠎ᠠ︶ ᠠᠯᠲᠠᠨ ᠨᠠᠷᠠᠨ ᠤᠷᠭᠤᠯ᠎ᠠ᠂ ᠠᠩᠴᠢᠨ ᠤᠯᠠᠨ ᠨᠦᠬᠦᠳ ᠮᠢᠨᠢ ᠠᠷᠤ ᠶᠢᠨ ᠠᠭᠤᠯᠠᠨ ᠳᠤ ᠭᠠᠷᠴᠤ ᠠᠷᠢᠶᠠᠲᠠᠨ ᠭᠦᠷᠦᠭᠡᠰᠦ ᠶᠢ ᠨᠠᠮᠨᠠᠶ᠎ᠠ᠃ ᠬᠤᠷᠴᠠ ᠵᠡᠪᠰᠡᠭ ᠢᠶᠠᠨ ᠪᠠᠷᠢᠵᠦ ᠬᠤᠷᠳᠤᠨ ᠮᠤᠷᠢᠨ ᠳᠠᠭᠠᠨ ᠮᠤᠷᠳᠠᠭᠠᠳ ᠬᠠᠩᠭᠠᠢ ᠶᠢᠨ ᠠᠭᠤᠯᠠᠨ ᠳᠤ ᠭᠠᠷᠴᠤ᠂ ᠬᠠᠨᠳᠠᠭᠠᠢ ᠪᠤᠭᠤ ᠶᠢ ᠨᠠᠮᠨᠠᠶ᠎ᠠ᠃ ︵ᠡᠷᠡᠭᠲᠡᠢ ᠡᠮᠡᠭᠲᠡᠢ ᠬᠦᠮᠦᠰ ᠶᠠᠪᠤᠨ᠎ᠠ᠃ ᠶᠦᠨᠳᠡᠩ ᠨᠠᠩᠰᠠᠯᠮ᠎ᠠ ᠬᠤᠶᠠᠷ ᠦᠯᠡᠳᠡᠨ᠎ᠡ︶ ᠨᠠᠩᠰᠠᠯᠮ᠎ᠠ᠄ ᠠᠶᠠᠨ ᠳᠠᠭᠠᠨ ᠮᠡᠨᠳᠦ ᠶᠠᠪᠤᠭᠠᠷᠠᠢ ᠠᠯᠤᠰ ᠠᠴᠠ ᠲᠦᠷᠭᠡᠨ ᠢᠷᠡᠭᠡᠷᠡᠢ᠃ ᠠᠯᠠᠭᠯᠠᠵᠤ ᠤᠶᠤᠭᠰᠠᠨ ᠠᠯᠴᠢᠭᠤᠷ ᠲᠤ ᠮᠢᠨᠢᠠᠶᠠᠭ᠎ᠠ ᠪᠠᠨ ᠬᠢᠭᠡᠳ ᠵᠡᠭᠦᠭᠡᠷᠡᠢ᠃ ᠬᠤᠶᠢᠰᠢ ᠪᠠᠨ ᠵᠤᠪᠠᠭ᠋ᠤ ᠬᠡᠷᠡᠭ ᠦᠭᠡᠢ ᠬᠤᠷᠳᠤᠨ ᠢᠷᠡᠬᠦ ᠬᠡᠷᠡᠭᠲᠡᠢ᠃ ᠬᠦᠷᠴᠦ ᠢᠷᠡᠭᠰᠡᠨ ᠤ ᠴᠢᠨᠢ ᠳᠠᠷᠠᠭ᠎ᠠ ᠪᠠᠷ ᠬᠤᠶᠠᠭᠤᠯᠠ ᠪᠠᠨ ᠨᠡᠶᠢᠯᠡᠭᠡᠳ ᠰᠠᠭᠤᠶ᠎ᠠ᠃ ᠶᠦᠨᠳᠡᠩ᠄ ᠤᠷᠠᠯᠠᠭᠠᠳ ᠦᠭᠭᠦᠭᠰᠡᠨ ᠠᠯᠴᠢᠭᠤᠷ ᠲᠤ ᠴᠢᠨᠢ ᠠᠶᠠᠭ᠎ᠠ ᠪᠠᠨ ᠬᠢᠭᠡᠳ ᠵᠡᠭᠦᠶ᠎ᠡ᠃ ᠦᠵᠡᠵᠦ ᠬᠠᠷᠠᠬᠤ ᠪᠦᠷᠢ ᠳᠡᠭᠡᠨ ᠡᠩᠬᠦᠷᠡᠢ ᠴᠢᠮᠠᠶᠢ ᠪᠠᠨ ᠳᠤᠷᠠᠰᠤᠨ᠎ᠠ᠃ ᠠᠮᠠᠷᠠᠭ ᠭᠡᠳᠡᠭ ᠭᠡᠴᠡᠭᠦᠦ ᠶᠤᠮ ᠠᠯᠴᠢᠭᠤᠷ ᠳᠦᠭᠦᠷᠡᠩ ᠨᠢᠯᠪᠤᠰᠤ ᠲᠠᠢ᠂ ᠠᠯᠤᠰ ᠵᠠᠮ ᠳᠠᠭᠠᠨ ᠵᠦᠭᠯᠡᠶ᠎ᠡ ᠳ᠋ᠡ᠂ ᠠᠯᠢ ᠪᠤᠢ ᠬᠦᠦ ᠪᠠᠨ ᠦᠨᠦᠰᠦᠶ᠎ᠡ᠃ ︵ᠨᠠᠩᠰᠠᠯᠮ᠎ᠠ ᠶᠢ ᠦᠨᠦᠰᠴᠦ ᠶᠠᠪᠤᠨ᠎ᠠ᠃ ᠨᠠᠩᠰᠠᠯᠮ᠎ᠠ ᠬᠤᠶᠢᠨ᠎ᠠ ᠠᠴᠠ ᠨᠢ ᠰᠢᠷᠲᠡᠨ ᠬᠠᠷᠠᠵᠤ ᠦᠯᠡᠳᠡᠨ᠎ᠡ︶ ᠨᠠᠩᠰᠠᠯᠮ᠎ᠠ᠄ ᠬᠦᠷᠴᠦ ᠢᠷᠡᠭᠰᠡᠨ ᠤ ᠴᠢᠨᠢ ᠳᠠᠷᠠᠭ᠎ᠠ ᠳᠤ ᠬᠤᠶᠠᠭᠤᠯᠠ ᠪᠠᠨ ᠨᠡᠶᠢᠯᠡᠭᠡᠳ ᠰᠠᠭᠤᠶ᠎ᠠ᠃ ᠪᠠᠯᠭᠠᠨ᠄ ᠦᠨᠡᠭᠡ ᠴᠢᠨ᠋ᠸ᠎ᠠ ᠤᠯᠠᠨ ᠰᠠᠨ ᠡᠳᠦᠷ ᠪᠦᠷᠢ ᠠᠩ ᠲᠠᠢ ᠰᠠᠨ ᠦᠷᠯᠦᠭᠡ ᠡᠷᠲᠡ ᠭᠠᠷᠤᠭᠰᠠᠨ ᠶᠤᠮᠰᠠᠨ ᠦᠨᠦᠳᠦᠷ ᠶᠠᠭᠠᠬᠢᠭᠰᠠᠨ ᠡᠳᠦᠷ ᠪᠤᠢ᠃ ᠭᠦᠷᠦᠭᠡᠰᠦ ᠮᠦᠷᠦᠭᠡᠰᠦ ᠴᠦ ᠦᠵᠡᠭᠳᠡᠬᠦ ᠦᠭᠡᠢ ᠬᠤᠯᠤᠭᠠᠨ᠎ᠠ ᠵᠤᠷᠠᠮ᠎ᠠ ᠴᠦ ᠲᠠᠭᠠᠷᠠᠯᠳᠤᠬᠤ ᠦᠭᠡᠢ᠃ ᠬᠦᠯ ᠤᠨ ᠭᠠᠷᠤᠵᠠ ᠪᠤᠯᠤᠭᠰᠠᠨ ᠬᠠᠮᠢᠭᠠᠰᠢ ᠪᠠᠨ ᠤᠶᠢᠳᠬᠠᠷ ᠲᠠᠢ ᠡᠳᠦᠷ ᠪᠤᠢ᠃ ᠪᠦᠬᠦᠯᠢ ᠡᠳᠦᠷ ᠶᠠᠪᠤᠭᠠᠳ ᠫᠤᠤ ᠪᠠᠨ ᠳᠤᠤᠭᠠᠷᠭᠠᠬᠤ ᠦᠭᠡᠢ ᠪᠤᠴᠠᠪᠠᠯ ᠪᠤᠯᠠᠢ ᠢᠷᠸ᠎ᠠ ᠪᠠᠶᠢᠭ᠎ᠠ ᠳ᠋ᠠ ᠪᠤᠷᠭᠠᠰᠤ ᠮᠤᠳᠤ ᠫᠤᠤᠳᠠᠬᠤ ᠦᠦ ᠳ᠋ᠠ᠃ ᠬᠤᠷᠯᠤᠮ᠎ᠠ᠄ ︵ᠭᠦᠶᠦᠨ ᠢᠷᠡᠵᠦ︶ ᠠᠭᠤᠯᠠ ᠶᠢᠨ ᠭᠦᠷᠦᠭᠡᠰᠦ ᠶᠢ ᠠᠪᠠᠯᠠᠬᠤ ᠳᠤ ᠤᠷᠮ᠎ᠠ ᠵᠤᠷᠢᠭ ᠬᠤᠭᠤᠷᠠᠪᠠᠯ ᠲᠠᠯ᠎ᠠ ᠶᠢᠨ ᠴᠡᠴᠡᠭ ᠢ ᠲᠡᠭᠦᠬᠦ ᠨᠢ ᠲᠠᠪᠠ ᠲᠠᠢ ᠰᠠᠶᠢᠬᠠᠨ ᠪᠠᠶᠢᠳᠠᠭ ᠰᠢᠦ᠃ ᠴᠡᠴᠡᠭ ᠨᠠᠪᠴᠢ ᠰᠢᠭ᠋ ᠰᠠᠶᠢᠬᠠᠨ ᠴᠡᠪᠡᠷᠬᠡᠨ ᠬᠡᠦᠬᠡᠨ ᠨᠠᠩᠰᠠᠯᠮ᠎ᠠ ᠴᠡᠩᠭᠡᠯ ᠲᠠᠢ ᠰᠠᠶᠢᠬᠠᠨ ᠡᠷ᠎ᠡ ᠶᠢ ᠴᠡᠭᠡᠵᠢᠨ ᠳᠡᠭᠡᠨ ᠬᠦᠰᠡᠭᠡᠳ ᠰᠠᠭᠤᠵᠤ ᠪᠠᠶᠢᠨ᠎ᠠ᠃ ᠬᠠᠷᠢᠶᠠᠲᠤ ᠨᠤᠶᠠᠨ ᠲᠠᠭᠠᠯᠠᠪᠠᠯ ᠬᠠᠷᠢᠨ ᠲᠡᠭᠦᠨ ᠢ ᠠᠪᠴᠢᠷᠠᠨ᠎ᠠ ᠦᠦ᠃ ᠬᠠᠶᠢᠷ᠎ᠠ ᠦᠷᠦᠰᠢᠶᠡᠯ ᠢ ᠬᠦᠷᠲᠡᠭᠡᠬᠦ ᠳᠤᠬᠠᠷᠢᠨ ᠴᠦ ᠰᠠᠶᠢᠬᠠᠨ ᠬᠡᠦᠬᠡᠨ ᠳ᠋ᠠ᠃ ︵ᠨᠤᠶᠠᠨ ᠤ ᠵᠠᠷᠤᠴᠠ ᠨᠤᠭᠤᠳ ᠨᠠᠩᠰᠠᠯᠮ᠎ᠠ ᠶᠢ ᠳᠠᠭᠠᠭᠤᠯᠵᠤ ᠠᠪᠴᠢᠷᠠᠨ᠎ᠠ︶ ᠪᠠᠯᠭᠠᠨ᠄ ᠬᠦᠮᠦᠨ ᠶᠠᠪᠤᠳᠠᠭ ᠦᠭᠡᠢ ᠭᠠᠵᠠᠷ ᠢᠶᠠᠷ ᠬᠠᠮᠢᠭ᠎ᠠ ᠠᠴᠠ ᠶᠠᠪᠤᠭ᠎ᠠ ᠬᠡᠦᠬᠡᠨ ᠪᠤᠢ ᠭᠤᠸ᠎ᠠ ᠦᠵᠡᠰᠬᠦᠯᠡᠩ ᠢ ᠴᠢᠨᠢ ᠦᠵᠡᠪᠡᠯ ᠬᠤᠷᠮᠤᠰᠲᠠ ᠲᠡᠭᠷᠢ ᠶᠢᠨ ᠳᠠᠭᠢᠨᠢ ᠦᠦ ᠳ᠋ᠠ᠃ ᠠᠭᠤᠯᠠ ᠶᠢᠨ ᠭᠦᠷᠦᠭᠡᠰᠦ ᠤᠯᠳᠠᠬᠤ ᠦᠭᠡᠢ ᠳᠤ ᠤᠷᠮ᠎ᠠ ᠵᠤᠷᠢᠭ ᠦᠭᠡᠢ ᠶᠠᠪᠤᠭᠰᠠᠨ ᠶᠤᠮᠰᠠᠨ᠃ ᠵᠤᠯ ᠵᠢᠷᠭᠠᠯ ᠮᠢᠨᠢ ᠢᠷᠡᠬᠦ ᠳᠤ ᠯᠤᠤᠰ ᠤᠨ ᠦᠬᠢᠨ ᠢᠶᠠᠨ ᠬᠠᠶᠢᠷᠠᠯᠠᠪᠠ ᠦᠦ᠃ ᠨᠠᠩᠰᠠᠯᠮ᠎ᠠ᠄ ᠡᠷᠬᠢᠮ ᠵᠠᠯᠠᠭᠤ ᠪᠠᠭᠠᠳᠤᠷ ᠮᠢᠨᠢ ᠠᠳᠡᠭᠦᠷᠡᠵᠦ ᠲᠠᠰᠢᠶᠠᠷᠠᠵᠤ ᠪᠠᠶᠢᠨ᠎ᠠ ᠦᠦ ᠳ᠋ᠠ᠃ ᠡᠩ ᠤᠨ ᠨᠢᠭᠡᠨ ᠪᠦᠰᠡᠭᠦᠢ ᠪᠠᠶᠢᠨ᠎ᠠ ᠡᠨᠡᠭᠦᠷ ᠶᠠᠪᠤᠬᠤ ᠳᠤ ᠶᠠᠭᠠᠬᠢᠳᠠᠭ ᠶᠤᠮ᠃ ᠭᠦᠷᠦᠭᠡᠴᠢᠨ ᠠᠩᠴᠢᠨ ᠡᠷᠬᠢᠮ ᠮᠢᠨᠢ ᠬᠦᠨᠳᠡᠯᠢᠳᠴᠦ ᠵᠤᠭᠰᠤᠭᠰᠠᠨ ᠤ ᠬᠡᠷᠡᠭ ᠦᠭᠡᠢ᠂ ᠬᠦᠳᠡᠭᠡ ᠶᠢᠨ ᠨᠢᠭᠡᠨ ᠪᠦᠰᠡᠭᠦᠢ ᠪᠠᠶᠢᠨ᠎ᠠ ᠭᠦᠷᠦᠭᠡᠰᠦ ᠠᠩ ᠢᠶᠠᠨ ᠠᠩᠨᠠ ᠳ᠋ᠠ᠃ ᠪᠠᠯᠭᠠᠨ᠄ ᠨᠠᠷᠠᠨ ᠭᠡᠷᠡᠯᠲᠦ ᠬᠡᠦᠬᠡᠨ ᠮᠢᠨᠢ ᠨᠠᠮᠠᠶᠢ ᠶᠠᠭᠤᠨ ᠳᠤ ᠲᠤᠷᠰᠢᠭ᠎ᠠ ᠪᠤᠢ᠂ ᠡᠷᠲᠡᠨ ᠤ ᠬᠤᠪᠢ ᠵᠤᠬᠢᠶᠠᠯ ᠢᠶᠠᠷ ᠠᠳᠡ ᠤᠴᠠᠷᠠᠬᠤ ᠢᠷᠦᠭᠡᠯ ᠲᠠᠢ ᠪᠠᠶᠢᠵᠤ᠃ ᠰᠠᠷᠠ ᠰᠢᠭ᠋ ᠭᠡᠷᠡᠯ ᠳᠤ ᠴᠢᠨᠢ ᠭᠢᠯᠪᠠᠵᠤ ᠪᠠᠶᠢᠨ᠎ᠠ ᠰᠠᠶᠢᠬᠠᠨ ᠦᠩᠭᠡᠨ ᠳᠤ ᠴᠢᠨᠢ ᠳᠤᠷᠠᠯᠠᠵᠤ ᠪᠠᠶᠢᠨ᠎ᠠ᠃ ᠰᠠᠭᠠᠲᠠᠵᠤ ᠠᠳᠡ ᠰᠠᠭᠤᠭᠠᠳ ᠰᠠᠨᠠᠭ᠎ᠠ ᠰᠡᠳᠬᠢᠯ ᠢ ᠮᠢᠨᠢ ᠬᠠᠩᠭᠠᠨ᠎ᠠ ᠦᠦ᠃ ᠨᠠᠩᠰᠠᠯᠮ᠎ᠠ᠄ ᠬᠦᠮᠦᠨ ᠤ ᠠᠷᠠᠰᠤ ᠶᠢ ᠨᠦᠮᠦᠷᠦᠭᠰᠡᠨ ᠬᠡᠭᠡᠷ᠎ᠡ ᠶᠢᠨ ᠭᠠᠯᠵᠠᠭᠤ ᠴᠢᠨ᠋ᠸ᠎ᠠ ᠴᠢ ᠬᠦᠵᠦᠭᠦᠦ ᠲᠤᠯᠤᠭᠠᠢ ᠮᠦᠷᠦᠨ ᠳᠡᠭᠡᠷ᠎ᠡ ᠪᠠᠶᠢᠭᠰᠠᠨ ᠴᠠᠭ ᠲᠤ ᠴᠢ ᠨᠠᠮᠠᠶᠢ ᠪᠤᠭᠤᠯᠴᠢᠯᠠᠬᠤ ᠦᠭᠡᠢ᠃ ᠤᠮᠤᠭ ᠵᠠᠩ ᠴᠢᠨᠢ ᠶᠡᠭᠡ ᠪᠤᠯᠪᠠᠴᠤ ᠤᠶᠢᠷᠠᠳᠤᠭᠤᠯᠵᠤ ᠨᠠᠮᠠᠶᠢ ᠴᠢᠳᠠᠬᠤ ᠦᠭᠡᠢ᠃ ᠬᠡᠯᠡᠯᠴᠡᠭᠡ ᠰᠦᠢᠲᠡᠢ ᠨᠦᠬᠦᠷᠰᠡᠭ ᠲᠠᠢ ᠪᠢ᠂ ᠬᠡᠴᠢᠨᠡᠨ ᠤᠷᠤᠯᠳᠤᠪᠠᠴᠤ ᠲᠤᠰᠠ ᠦᠭᠡᠢ᠃ ᠪᠠᠯᠭᠠᠨ᠄ ᠪᠠᠭ᠎ᠠ ᠵᠢᠭᠠᠬᠠᠨ ᠦᠬᠢᠨ ᠮᠢᠨᠢ ᠪᠠᠯᠭᠠᠨ ᠤ ᠭᠠᠷ ᠠᠴᠠ ᠭᠠᠷᠬᠤ ᠦᠭᠡᠢ᠂ ᠭᠡᠷ ᠲᠡᠭᠡᠨ ᠴᠢᠮᠠᠶᠢ ᠠᠪᠠᠴᠢᠭᠠᠳ ᠭᠡᠷᠭᠡᠢ ᠪᠠᠨ ᠪᠤᠯᠭᠠᠵᠤ ᠰᠠᠭᠤᠨ᠎ᠠ ᠳ᠋ᠠ᠂ ᠡᠳ᠋ ᠬᠦᠷᠦᠩᠭᠡ ᠪᠠᠷ ᠡᠯᠪᠡᠭ ᠪᠢ ᠡᠬᠡᠨᠡᠷ ᠠᠪᠬᠤ ᠶᠢ ᠪᠤᠳᠤᠭᠰᠠᠨ ᠶᠤᠮ᠃ ᠡᠪ ᠢᠶᠠᠷ ᠡᠰᠡ ᠪᠤᠯᠪᠠᠯ ᠡᠵᠡᠨ ᠤ ᠵᠠᠷᠯᠢᠭ ᠢᠶᠠᠷ ᠬᠦᠷᠭᠡᠨ᠎ᠡ ᠳ᠋ᠡ᠃ ︵ᠨᠠᠩᠰᠠᠯᠮ᠎ᠠ ᠶᠢ ᠪᠠᠷᠢᠨ ᠠᠪᠲᠠᠯ᠎ᠠ᠂ ᠨᠠᠩᠰᠠᠯᠮ᠎ᠠ ᠪᠠᠯᠭᠠᠨ ᠢ ᠲᠦᠯᠬᠢᠵᠦ ᠤᠨᠠᠭᠠᠬᠤ ᠪᠠ ᠵᠠᠷᠤᠴᠠ ᠨᠤᠭᠤᠳ ᠨᠠᠩᠰᠠᠯᠮ᠎ᠠ ᠶᠢ ᠪᠠᠷᠢᠵᠤ ᠠᠪᠤᠨ᠎ᠠ᠃ ᠬᠤᠷᠯᠤᠮ᠎ᠠ ᠳᠠᠯᠳᠠ ᠠᠴᠠ ᠭᠦᠶᠦᠨ ᠢᠷᠡᠨ᠎ᠡ︶ ᠬᠤᠷᠯᠤᠮ᠎ᠠ᠄ ᠬᠠᠷᠢᠶᠠᠲᠦ ᠨᠤᠶᠠᠨ ᠢᠶᠠᠨ ᠲᠠᠨᠢᠬᠤ ᠦᠭᠡᠢ ᠴᠢ ᠬᠠᠷ᠎ᠠ ᠨᠢᠳᠦ ᠴᠢᠨᠢ ᠰᠤᠬᠤᠷᠤᠭ᠎ᠠ ᠦᠦ᠂ ᠬᠠᠷᠢᠶᠠᠵᠤ ᠶᠡᠭᠡ ᠪᠠᠷ ᠳᠤᠷᠤᠮᠵᠢᠯᠠᠪᠠᠯ ᠬᠠᠷ᠎ᠠ ᠲᠤᠯᠤᠭᠠᠢ ᠴᠢᠨᠢ ᠬᠠᠭᠠᠷᠠᠨ᠎ᠠ ᠳ᠋ᠠ᠃ ᠬᠠᠨᠢᠯᠠᠭᠰᠠᠨ ᠨᠦᠬᠦᠷ ᠶᠦᠨᠳᠡᠩ ᠴᠢᠨᠢ ᠬᠠᠯᠠᠮᠵᠢᠲᠠᠢ ᠰᠠᠶᠢᠨ ᠪᠤᠯᠪᠠᠴᠤ ᠬᠠᠭᠠᠨ ᠢᠵᠠᠭᠤᠷᠲᠦ ᠬᠦᠮᠦᠨ ᠲᠠᠢ ᠬᠠᠮᠢᠭ᠎ᠠ ᠠᠴᠠ ᠵᠦᠢᠷᠯᠡᠭᠦᠯᠵᠦ ᠪᠤᠯᠬᠤ ᠪᠤᠢ᠃ ᠨᠠᠩᠰᠠᠯᠮ᠎ᠠ᠄ ᠢᠨᠠᠭ ᠰᠡᠳᠬᠢᠯ ᠭᠡᠳᠡᠭ ᠨᠢ ᠶᠠᠩᠪᠠ ᠪᠠᠷ ᠰᠤᠯᠢᠵᠤ ᠪᠤᠯᠳᠠᠭ ᠦᠭᠡᠢ ᠶᠤᠮ᠃ ᠶᠠᠮᠠᠷ ᠴᠦ ᠡᠳᠡᠭᠡᠳ ᠲᠠᠢ ᠨᠠᠭᠠᠯᠳᠤᠳᠠᠭ ᠶᠠᠩᠬᠠᠨ ᠬᠡᠦᠬᠡᠨ ᠪᠢ ᠪᠢᠰᠢ᠃ ᠵᠠᠯᠢᠬᠠᠢ ᠨᠤᠶᠠᠨ ᠪᠠᠯᠭᠠᠨ ᠤ ᠵᠠᠩᠳᠤᠷᠴᠦ ᠳᠤᠰᠢᠶᠠᠬᠤ ᠶᠢ ᠬᠦᠯᠢᠶᠡᠬᠦ ᠦᠭᠡᠢ᠃ ᠵᠠᠪᠬᠠᠢ ᠬᠡᠦᠬᠡᠨ ᠬᠤᠷᠯᠤᠮ᠎ᠠ ᠶᠢᠨ ᠵᠢᠭᠠᠬᠤ ᠦᠭᠡ ᠶᠢ ᠳᠠᠭᠠᠬᠤ ᠦᠭᠡᠢ᠃ ᠬᠤᠷᠯᠤᠮ᠎ᠠ᠄ ︵ᠪᠢᠯᠳᠠᠤᠴᠢᠯᠠᠨ︶ᠡᠵᠡᠨ ᠲᠡᠭᠷᠢ ᠨᠤᠶᠠᠨ ᠮᠢᠨᠢ ᠡᠮᠡᠭᠲᠡᠢ ᠬᠦᠮᠦᠨ ᠤ ᠵᠠᠩ ᠢ ᠡᠷᠬᠡᠪᠰᠢ ᠲᠤᠯᠢᠯᠠᠵᠤ ᠮᠡᠳᠡᠬᠦ ᠪᠢᠵᠡ ᠡᠳᠡᠨ ᠤ ᠦᠭᠡ ᠢᠲᠡᠭᠡᠮᠵᠢ ᠦᠭᠡᠢ ᠰᠢᠦ᠃ ᠦᠨᠡᠨ ᠰᠠᠨᠠᠭᠠᠨ ᠠᠴᠠ ᠪᠠᠨ ᠳᠤᠷᠠᠯᠠᠪᠠᠴᠤ ᠦᠭᠡᠢ ᠭᠡᠵᠦ ᠬᠡᠯᠡᠳᠡᠭ ᠰᠢᠦ᠃ ᠲᠡᠭᠦᠨ ᠲᠠᠢ ᠶᠠᠷᠢᠬᠤ ᠶᠢᠨ ᠤᠷᠤᠨ ᠳᠤ ᠠᠪᠤᠭᠠᠳ ᠶᠠᠪᠤᠪᠠᠯ ᠳᠡᠭᠡᠷ᠎ᠡ ᠰᠢᠦ᠃ ︵ᠳᠦᠷᠪᠡᠨ ᠵᠠᠷᠤᠴᠠ ᠨᠠᠩᠰᠠᠯᠮ᠎ᠠ ᠶᠢ ᠠᠪᠴᠤ ᠶᠠᠪᠤᠨ᠎ᠠ᠃ ᠪᠠᠯᠭᠠᠨ ᠬᠤᠷᠯᠤᠮ᠎ᠠ ᠦᠯᠡᠳᠡᠵᠦ᠂ ᠪᠠᠯᠭᠠᠨ ᠬᠤᠷᠯᠤᠮ᠎ᠠ ᠶᠢ ᠦᠨ᠎ᠡ ᠲᠠᠢ ᠪᠠᠭᠤᠪᠴᠢ ᠪᠠᠷ ᠱᠠᠩᠨᠠᠨ᠎ᠠ︶       ᠬᠦᠰᠢᠭᠡ       ᠬᠤᠶᠠᠳᠤᠭᠠᠷ ᠦᠵᠡᠭᠳᠡᠯ      ᠲᠠᠶᠢᠰᠠᠨ ᠤ ᠪᠠᠶᠢᠳᠠᠯ ᠨᠢ᠄ ᠪᠠᠯᠭᠠᠨ ᠨᠤᠶᠠᠨ ᠤ ᠤᠷᠳᠤᠨ ᠤ ᠲᠤᠲᠤᠭᠠᠲᠤ ᠪᠠᠶᠢᠳᠠᠯ᠂ ᠦᠩᠭᠡ ᠨᠢ ᠬᠠᠷᠠᠪᠲᠤᠷ ᠪᠦᠭᠡᠳ ᠬᠦᠮᠦᠨ ᠠᠶᠤᠮᠠᠷ ᠪᠠᠶᠢᠳᠠᠯ ᠲᠠᠢ᠃ ᠤᠷᠳᠤᠨ ᠤ ᠲᠤᠰᠬᠠᠢ ᠤᠷᠤ ᠪᠠ ᠤᠯᠪᠤᠭ ᠪᠠᠶᠢᠨ᠎ᠠ᠃ ᠤᠯᠠᠨ ᠡᠬᠡᠨᠡᠷ ᠨᠠᠩᠰᠠᠯᠮ᠎ᠠ ᠶᠢᠨ ᠰᠡᠳᠬᠢᠯ ᠢ ᠳᠠᠶᠢᠳᠬᠤᠷᠠᠭᠤᠯᠬᠤ ᠪᠠᠷ ᠵᠦᠢᠯ ᠪᠦᠷᠢ ᠶᠢᠨ ᠦᠨ᠎ᠡ ᠲᠠᠢ ᠪᠦᠰ ᠪᠠᠷᠠᠭ᠎ᠠ ᠵᠡᠷᠭᠡ ᠪᠡᠯᠡᠭᠯᠡᠯ ᠤᠨ ᠵᠦᠢᠯ ᠢ ᠪᠠᠷᠢᠵᠠᠢ᠃ ᠨᠠᠩᠰᠠᠯᠮ᠎ᠠ᠄ ᠠᠶᠠᠨ ᠤ ᠵᠠᠮ ᠢ ᠰᠢᠷᠲᠡᠪᠡᠴᠦ ᠠᠯᠤᠰ ᠤᠨ ᠪᠠᠷ᠎ᠠ ᠬᠠᠷᠠᠭᠳᠠᠬᠤ ᠦᠭᠡᠢ᠃ ᠪᠤᠯᠵᠤᠮᠤᠷ ᠰᠢᠪᠠᠭᠤ ᠰᠢᠭ᠋ ᠪᠤᠯᠤᠭᠠᠰᠠᠢ ᠬᠤᠶᠠᠷ ᠵᠢᠭᠦᠷ ᠤᠷᠭᠤᠭᠠᠰᠠᠢ ᠬᠤᠶᠢᠨ᠎ᠠ ᠠᠴᠠ ᠨᠢ ᠨᠢᠰᠴᠦ ᠤᠴᠢᠭᠠᠳ ᠬᠠᠮᠤᠭ ᠵᠤᠪᠠᠯᠠᠩ ᠢᠶᠠᠨ ᠲᠤᠭᠠᠴᠢᠬᠤ ᠰᠠᠨ᠃ ︵ᠴᠤᠭᠯᠠᠷᠠᠭᠰᠠᠨ ᠡᠬᠡᠨᠡᠷ ᠤᠳ ᠳᠠᠭᠤᠯᠠᠨ᠎ᠠ︶︵ᠾᠤᠷ︶ ᠦᠨᠡᠲᠦ ᠡᠨᠡ ᠶᠠᠭᠤᠮ᠎ᠠ ᠨᠤᠭᠤᠳ ᠡᠭᠦᠷᠢᠳᠡ ᠴᠢᠨᠦᠬᠢ ᠪᠤᠯᠤᠨ᠎ᠠ ᠰᠢᠦ᠃ ᠦᠵᠡᠰᠬᠦᠯᠡᠩᠲᠦ ᠤᠷᠳᠤᠨ ᠳᠤ ᠰᠠᠭᠤᠭᠠᠳ ᠦᠷᠭᠦᠯᠵᠢ ᠵᠢᠷᠭᠠᠬᠤ ᠪᠤᠯᠤᠨ᠎ᠠ ᠰᠢᠦ᠃ ᠡᠷᠳᠡᠨᠢ ᠶᠢᠨ ᠴᠢᠮᠡᠭ ᠢ ᠵᠡᠭᠦᠭᠡᠳ ᠡᠵᠡᠨ ᠤ ᠬᠠᠲᠤᠨ ᠪᠤᠯᠬᠤ ᠠᠴᠠ ᠡᠷᠬᠢᠮ ᠵᠢᠷᠭᠠᠯ ᠪᠠᠶᠢᠬᠤ ᠦᠭᠡᠢ᠂ ᠡᠷᠭᠢᠴᠡᠭᠦᠯᠵᠦ ᠵᠢᠭᠠᠬᠠᠨ ᠪᠤᠳᠤ ᠳ᠋ᠠ᠃ ︵ᠨᠠᠩᠰᠠᠯᠮ᠎ᠠ ᠶᠢᠨ ᠲᠤᠲᠤᠷ᠎ᠠ ᠨᠢ ᠡᠪ ᠦᠭᠡᠢ ᠪᠤᠯᠵᠤ ᠨᠢᠯᠪᠤᠰᠤ ᠨᠢ ᠭᠠᠷᠤᠨ᠎ᠠ︶ ᠨᠠᠩᠰᠠᠯᠮ᠎ᠠ᠄ ᠠᠭᠠᠷ ᠲᠤ ᠳᠤᠷ᠎ᠠ ᠪᠠᠷ ᠢᠶᠠᠨ ᠴᠡᠩᠭᠡᠭᠴᠢ ᠠᠩᠭᠢᠷ ᠰᠢᠪᠠᠭᠤᠨ ᠤ ᠳᠡᠭᠳᠡᠭᠡᠬᠡᠢ ᠶᠢ ᠠᠯᠲᠠᠨ ᠲᠤᠤᠷ ᠲᠤ ᠰᠠᠭᠤᠯᠭᠠᠪᠠᠴᠤ ᠠᠮᠤᠷᠴᠤ ᠶᠡᠷᠦ ᠳᠡᠭᠡᠨ ᠵᠢᠷᠭᠠᠬᠤ ᠦᠭᠡᠢ᠃ ᠬᠠᠷᠢᠨ ᠲᠡᠭᠦᠨ ᠢ ᠲᠠᠯᠪᠢᠪᠠᠯ ᠬᠠᠨᠳᠤᠭᠰᠠᠨ ᠵᠦᠭ ᠲᠡᠭᠡᠨ ᠨᠢᠰᠴᠦ ᠴᠡᠭᠡᠯ ᠤᠨ ᠤᠰᠤᠨ ᠳᠤ ᠱᠤᠩᠪᠠᠭᠠᠳ ᠴᠡᠩᠭᠡᠨ ᠵᠢᠷᠭᠠᠵᠤ ᠶᠠᠪᠤᠳᠠᠭ ᠰᠠᠨ᠃ ︵ᠭᠠᠳᠠᠨ᠎ᠠ ᠠᠴᠠ ᠶᠠᠮᠠᠷ ᠨᠢᠭᠡ ᠲᠠᠨᠢᠬᠤ ᠬᠦᠮᠦᠨ ᠤ ᠳᠠᠭᠤ ᠰᠤᠨᠤᠰᠲᠠᠨ᠎ᠠ︶ ᠨᠠᠩᠰᠠᠯᠮ᠎ᠠ᠄ ᠶᠠᠮᠠᠷ ᠬᠦᠮᠦᠨ ᠤ ᠳᠠᠭᠤ ᠪᠤᠢ ᠶᠠᠭᠠᠬᠢᠭᠰᠠᠨ ᠲᠠᠨᠢᠯ ᠳᠠᠭᠤ ᠪᠤᠢᠠᠮᠠᠷᠠᠭ ᠶᠦᠨᠳᠡᠩ ᠤᠨ ᠮᠢᠨᠢ ᠳᠠᠭᠤ ᠲᠠᠢ ᠠᠳᠠᠯᠢᠬᠠᠨ ᠶᠤᠮ ᠰᠢᠭ᠋ ᠰᠤᠨᠤᠰᠲᠠᠨ᠎ᠠ᠃ ᠬᠠᠮᠢᠭ᠎ᠠ ᠠᠴᠠ ᠢᠷᠡᠭᠰᠡᠨ ᠬᠦᠮᠦᠨ ᠪᠤᠢ︖ ᠬᠠᠷᠠᠵᠤ ᠦᠵᠡᠬᠦ ᠶᠤᠮᠰᠠᠨ ᠬᠠᠭᠠᠯᠭ᠎ᠠ ᠡᠭᠦᠳᠡ ᠪᠠᠨ ᠨᠡᠭᠡᠭᠡᠭᠡᠳ ᠢᠨᠠᠭᠰᠢ ᠨᠢ ᠲᠡᠭᠦᠨ ᠢ ᠤᠷᠤᠭᠤᠯ᠃ ᠮᠠᠭᠠᠳ ᠬᠦᠦ ᠮᠢᠨᠢ ᠢᠷᠡᠪᠡ ᠦᠦ ᠳ᠋ᠠ ᠮᠠᠨᠳᠤᠬᠤ ᠨᠠᠷᠠ ᠴᠦ ᠭᠠᠷᠤᠯ᠎ᠠ ᠰᠢᠦ᠃ ᠮᠢᠨᠦ ᠵᠢᠷᠭᠠᠯ ᠡᠬᠢᠯᠡᠭᠰᠡᠨ ᠰᠢᠦ ᠮᠡᠨᠳᠦ ᠠᠭᠤᠯᠵᠠᠬᠤ ᠶᠢᠨ ᠢᠷᠦᠭᠡᠯ ᠪᠠᠶᠢᠵᠤ᠃ ︵ᠨᠠᠩᠰᠠᠯᠮ᠎ᠠ ᠪᠠᠶᠠᠷᠯᠠᠪᠠ᠃ ᠭᠡᠲᠡᠯ᠎ᠡ ᠶᠠᠩᠵᠤ ᠪᠦᠷᠢ ᠶᠢᠨ ᠭᠤᠶᠤᠮᠰᠤᠭ ᠡᠳ᠋ ᠲᠠᠸᠠᠷ ᠪᠠᠷᠢᠭᠰᠠᠨ ᠨᠢᠭᠡ ᠲᠦᠪᠡᠳ ᠬᠤᠳᠠᠯᠳᠤᠭᠠᠴᠢᠨ ᠤᠷᠤᠵᠤ ᠢᠷᠡᠨ᠎ᠡ︶ ᠬᠤᠳᠠᠯᠳᠤᠭᠠᠴᠢᠨ᠄ ᠬᠤᠲᠠ ᠭᠠᠵᠠᠷ ᠠᠴᠠ ᠢᠷᠡᠭᠰᠡᠨ ᠪᠢ ᠬᠤᠷᠭᠤᠢ ᠲᠤᠷᠭᠠᠨ ᠤ ᠮᠠᠶᠢᠮᠠᠶᠢᠴᠢᠨ ᠬᠤᠯᠠ ᠤᠶᠢᠷ᠎ᠠ ᠪᠠᠷ ᠬᠡᠰᠦᠵᠦ ᠬᠤᠨᠵᠢᠶ᠎ᠠ ᠠᠰᠢᠭ ᠢ ᠤᠯᠳᠠᠭ ᠪᠢ᠃ ᠤᠭᠲᠠᠷᠭᠤᠢ ᠳᠤ ᠲᠠᠲᠠᠭᠰᠠᠨ ᠰᠤᠯᠤᠩᠭ᠎ᠠ ᠰᠢᠭ᠋ ᠤᠨᠴᠠ ᠶᠢᠨ ᠰᠠᠶᠢᠬᠠᠨ ᠲᠤᠷᠭ᠎ᠠ ᠰᠢᠦ ᠤᠯᠬᠤ ᠳᠤ ᠪᠡᠷᠬᠡ ᠡᠳ᠋ ᠰᠢᠦ ᠤᠨᠳᠤᠤ ᠬᠦᠮᠦᠨ ᠳᠤ ᠪᠠᠶᠢᠬᠤ ᠦᠭᠡᠢ᠃ ᠲᠠᠯ᠎ᠠ ᠳᠤ ᠤᠷᠭᠤᠭᠰᠠᠨ ᠴᠡᠴᠡᠭ ᠰᠢᠭᠲᠠᠪᠤᠨ ᠦᠩᠭᠡ ᠶᠢᠨ ᠳᠤᠷᠳᠤᠩ ᠰᠢᠦ ᠲᠠ ᠡᠭᠦᠨ ᠢ ᠠᠪᠤᠶ᠎ᠠ ᠭᠡᠪᠡᠯ ᠲᠠᠭᠠᠯᠠᠵᠤ ᠦᠵᠡᠭᠡᠳ ᠠᠪ ᠳ᠋ᠠ᠃ ᠡᠭᠦᠯᠡᠨ ᠤ ᠠᠳᠠᠯᠢ ᠬᠡ ᠲᠠᠢ ᠦᠨᠡᠬᠡᠷ ᠰᠠᠶᠢᠬᠠᠨ ᠬᠤᠷᠭᠤᠢ ᠰᠢᠦ ᠡᠭᠦᠨ ᠠᠴᠠ ᠬᠡᠷᠡᠭᠯᠡᠶ᠎ᠡ ᠭᠡᠪᠡᠯ ᠦᠵᠡᠵᠦ ᠬᠠᠷᠠᠭᠠᠳ ᠠᠪ ᠳ᠋ᠠ᠃ ︵ᠡᠬᠡᠨᠡᠷ ᠤᠳ ᠪᠠᠶᠠᠷᠯᠠᠨ ᠳᠠᠭᠤᠯᠠᠨ ᠪᠦᠵᠢᠭᠯᠡᠵᠦ ᠳᠠᠯᠳᠠ ᠤᠷᠤᠨ᠎ᠠ᠃ ᠨᠠᠩᠰᠠᠯᠮ᠎ᠠ ᠬᠤᠳᠠᠯᠳᠤᠭᠠᠴᠢᠨ ᠠᠴᠠ ᠶᠦᠨᠳᠡᠩ ᠤᠨ ᠰᠤᠷᠠᠭ ᠳᠤᠭᠤᠯᠳᠠᠬᠤ ᠪᠤᠯᠪᠠ ᠦᠦ ᠭᠡᠰᠡᠨ ᠪᠠᠶᠢᠳᠠᠯ ᠲᠠᠢ ᠳᠠᠭᠤᠯᠠᠨ᠎ᠠ︶ ᠨᠠᠩᠰᠠᠯᠮ᠎ᠠ᠄ ᠬᠤᠲᠠ ᠠᠴᠠ ᠢᠷᠡᠭᠰᠡᠨ ᠭᠡᠳᠡᠭ ᠴᠢᠨᠢ ᠬᠤᠷᠭᠤᠢ ᠠᠴᠠ ᠢᠯᠡᠭᠦᠦ ᠰᠤᠨᠢᠨ ᠪᠠᠶᠢᠨ᠎ᠠ᠃ ᠬᠤᠯᠠ ᠶᠢᠨ ᠬᠦᠮᠦᠨ ᠢ ᠬᠦᠯᠢᠶᠡᠭᠰᠡᠭᠡᠷ ᠬᠤᠶᠠᠷ ᠨᠢᠳᠦ ᠮᠢᠨᠢ ᠬᠦᠬᠡᠷᠡᠯ᠎ᠡ᠃ ᠬᠤᠳᠠᠯᠳᠤᠭᠠᠴᠢᠨ᠄ ᠢᠯᠳᠠᠮ ᠰᠠᠶᠢᠬᠠᠨ ᠠᠪᠠᠭᠠᠢ ᠮᠢᠨᠢ ᠶᠠᠮᠠᠷ ᠬᠦᠮᠦᠨ ᠢ ᠬᠦᠯᠢᠶᠡᠭᠰᠡᠨ ᠪᠤᠢ︖ ᠶᠠᠪᠤᠳᠠᠯ ᠠᠶᠠᠨ ᠤ ᠪᠢ ᠴᠢᠨᠢ ᠮᠡᠳᠡᠬᠦ ᠴᠦ ᠪᠠᠶᠢᠵᠤ ᠮᠠᠭᠠᠳ ᠦᠭᠡᠢ᠃ ᠨᠠᠩᠰᠠᠯᠮ᠎ᠠ᠄ ᠬᠠᠶᠢᠷᠠᠲᠠᠢ ᠢᠨᠠᠭ ᠬᠦᠦ ᠮᠢᠨᠢ ᠬᠤᠲᠠ ᠤᠷᠤᠬᠤ ᠪᠠᠷ ᠶᠠᠪᠤᠭᠠᠳ ᠬᠤᠶᠠᠷ ᠰᠠᠷ᠎ᠠ ᠪᠤᠯᠵᠤ ᠪᠠᠶᠢᠨ᠎ᠠ᠃ ᠲᠡᠭᠦᠨ ᠤ ᠨᠡᠷ᠎ᠡ ᠶᠢ ᠠᠰᠠᠭᠤᠪᠠᠯᠶᠦᠨᠳᠡᠩ ᠭᠡᠳᠡᠭ ᠬᠦᠮᠦᠨ ᠰᠢᠦ᠃ ᠬᠠᠷᠢᠨ ᠲᠠ ᠮᠡᠳᠡᠬᠦ ᠪᠤᠯ ᠬᠠᠷᠠᠮ ᠦᠭᠡᠢ ᠬᠡᠯᠡᠬᠦ ᠶᠢ ᠭᠤᠶᠤᠨ᠎ᠠ᠃ ᠬᠤᠳᠠᠯᠳᠤᠭᠠᠴᠢᠨ ᠰᠤᠷᠠᠭ ᠰᠤᠨᠤᠰᠬᠤ ᠪᠠᠶᠢᠳᠤᠭᠠᠢ ᠰᠠᠭᠤᠳᠠᠯ ᠵᠡᠷᠭᠡᠴᠡᠨ ᠰᠠᠭᠤᠭᠠᠳ ᠦᠭᠡ ᠪᠠᠨ ᠬᠠᠷᠢᠯᠴᠠᠨ ᠶᠠᠷᠢᠯᠴᠠᠵᠤ ᠦᠨᠡᠬᠡᠷ ᠲᠡᠭᠦᠨ ᠲᠠᠢ ᠲᠠᠨᠢᠯᠴᠠᠭᠰᠠᠨ ᠪᠢ᠃ ᠬᠡᠵᠢᠶ᠎ᠡ ᠢᠷᠡᠬᠦ ᠶᠢ ᠮᠡᠳᠡᠬᠦ ᠦᠭᠡᠢ ᠬᠡᠷᠡᠭ ᠴᠢᠬᠤᠯᠠ ᠪᠤᠯᠪᠠᠯ ᠬᠤᠲᠠ ᠵᠠᠪᠠᠯ ᠤᠷᠤᠭᠠᠳ ᠬᠡᠯᠡ ᠬᠦᠷᠭᠡᠵᠦ ᠴᠢᠳᠠᠨ᠎ᠠ᠃ ᠨᠠᠩᠰᠠᠯᠮ᠎ᠠ᠄ ᠬᠤᠳᠠᠯᠳᠤᠭᠠᠴᠢᠨ ᠡᠷᠬᠢᠮ ᠨᠦᠬᠦᠷ ᠮᠢᠨᠢ ᠬᠤᠪᠢ ᠶᠢᠨ ᠬᠠᠶᠢᠷᠠᠲᠠᠢ ᠶᠦᠨᠳᠡᠩ ᠳᠤ ᠮᠢᠨᠢ ᠬᠤᠷᠳᠤᠨ ᠬᠡᠯᠡ ᠬᠦᠷᠭᠡᠬᠦ ᠶᠢ ᠬᠤᠰᠢᠭᠤ ᠴᠤᠷᠪᠤᠶᠢᠵᠤ ᠭᠤᠶᠤᠶ᠎ᠠ᠃ ᠬᠠᠷᠭᠢᠰ ᠪᠠᠯᠭᠠᠨ ᠪᠠᠷᠢᠭᠠᠳ ᠬᠠᠲᠤᠨ ᠪᠤᠯᠭᠠᠬᠤ ᠪᠠᠷ ᠰᠢᠢᠳᠴᠦ ᠪᠠᠶᠢᠨ᠎ᠠ᠃ ᠬᠠᠶᠢᠷᠠᠲᠠᠢ ᠲᠡᠷᠡ ᠮᠢᠨᠢ ᠢᠷᠡᠵᠦ ᠬᠠᠮᠠᠭᠠᠯᠠᠵᠤ ᠠᠪᠬᠤ ᠨᠢ ᠴᠢᠬᠤᠯᠠ ᠪᠠᠶᠢᠨ᠎ᠠ᠃ ᠬᠤᠳᠠᠯᠳᠤᠭᠠᠴᠢᠨ᠄ ᠠᠮᠠᠷᠠᠭ ᠲᠡᠭᠦᠨ ᠳᠤ ᠴᠢᠨᠢ ᠬᠡᠯᠡᠶ᠎ᠡ ᠳ᠋ᠠ ᠠᠷᠭ᠎ᠠ ᠤᠯᠳᠠᠪᠠᠯ ᠲᠤᠰᠠᠯᠠᠶ᠎ᠠ ᠳ᠋ᠠ᠃ ᠠᠮᠵᠢᠭᠤᠯᠵᠤ ᠬᠡᠯᠡ ᠬᠦᠷᠭᠡᠶ᠎ᠡ ᠳ᠋ᠡ᠂ ᠠᠬ᠎ᠠ ᠴᠢᠨᠢ ᠢᠩᠭᠢᠭᠡᠳ ᠶᠠᠪᠤᠶ᠎ᠠ ᠳ᠋ᠠ᠃ ︵ᠬᠠᠲᠤᠳ ᠤᠨ ᠦᠭᠭᠦᠭᠰᠡᠨ ᠶᠠᠭᠤᠮᠠᠨ ᠠᠴᠠ ᠨᠠᠩᠰᠠᠯᠮ᠎ᠠ ᠨᠢᠭᠡ ᠶᠤᠸᠠᠮᠪᠤᠤ ᠶᠢ ᠦᠭᠬᠦ ᠪᠠ ᠬᠤᠳᠠᠯᠳᠤᠭᠠᠴᠢᠨ ᠶᠤᠰᠤᠯᠠᠨ ᠭᠠᠷᠴᠤ ᠶᠠᠪᠤᠨ᠎ᠠ᠃ ᠭᠡᠲᠡᠯ᠎ᠡ ᠪᠠᠯᠭᠠᠨ ᠢᠷᠡᠵᠦ ᠨᠠᠩᠰᠠᠯᠮ᠎ᠠ ᠳᠤ ᠪᠡᠯᠡᠭ ᠦᠭᠬᠦ ᠳᠤ ᠨᠠᠩᠰᠠᠯᠮ᠎ᠠ ᠲᠡᠭᠦᠨ ᠢ ᠠᠪᠬᠤ ᠦᠭᠡᠢ᠃ ᠪᠠᠯᠭᠠᠨ ᠵᠠᠷᠤᠴᠠ ᠨᠤᠭᠤᠳ ᠢ ᠬᠦᠭᠡᠭᠡᠵᠦ ᠭᠠᠷᠭᠠᠭᠠᠳ ᠡᠭᠦᠳᠡ ᠪᠠᠨ ᠲᠦᠭᠵᠢᠵᠦ ᠬᠦᠷᠮ᠎ᠡ ᠮᠠᠯᠠᠭᠠᠢ ᠪᠠᠨ ᠲᠠᠶᠢᠯᠤᠨ᠎ᠠ︶ ᠪᠠᠯᠭᠠᠨ᠄ ᠴᠠᠪ ᠴᠠᠭᠠᠨ ᠴᠢᠷᠠᠢ ᠴᠢᠨᠢ ᠴᠠᠰᠤᠨ ᠤ ᠰᠢᠷᠬᠡᠭ ᠠᠴᠠ ᠦᠩᠭᠡ ᠲᠠᠢ ᠬᠦ᠋᠃ ᠴᠠᠭᠠᠷᠢᠭ ᠬᠠᠷ᠎ᠠ ᠨᠢᠳᠦ ᠴᠢᠨᠢ ᠴᠠᠯᠭᠢᠬᠤ ᠤᠰᠤᠨ ᠠᠴᠠ ᠲᠤᠩᠭᠠᠯᠠᠭ ᠬᠦ᠋᠃ ᠦᠵᠡᠭᠡᠳ ᠦᠩᠭᠡᠷᠡᠬᠦ ᠶᠢᠨ ᠵᠠᠪᠰᠠᠷ ᠦᠷᠭᠦᠯᠵᠢ ᠰᠡᠳᠬᠢᠯ ᠳᠤ ᠦᠯᠡᠳᠡᠨ᠎ᠡ ᠬᠦ᠋᠃ ᠡᠭᠦᠷᠢᠳᠡ ᠶᠢᠨ ᠬᠠᠨᠢ ᠬᠠᠨᠢ ᠪᠤᠯᠬᠤ ᠶᠢ ᠴᠢᠨᠢ ᠦᠨᠡᠨ ᠵᠢᠷᠦᠬᠡᠨ ᠠᠴᠠ ᠭᠤᠶᠤᠶ᠎ᠠ᠃ ︵ᠪᠠᠯᠭᠠᠨ ᠨᠠᠩᠰᠠᠯᠮ᠎ᠠ ᠲᠠᠢ ᠨᠤᠴᠤᠯᠳᠤᠵᠤ᠂ ᠨᠠᠩᠰᠠᠯᠮ᠎ᠠ ᠬᠢᠲᠤᠭ᠎ᠠ ᠶᠢ ᠨᠢ ᠰᠢᠭᠦᠷᠡᠨ ᠠᠪᠴᠤ ᠳᠠᠭᠤᠯᠠᠨ᠎ᠠ︶ ᠨᠠᠩᠰᠠᠯᠮ᠎ᠠ᠄ ᠤᠬᠠᠭᠠᠨ ᠲᠠᠢ ᠲᠦᠷᠦᠭᠰᠡᠨ ᠨᠤᠶᠠᠨ ᠮᠢᠨᠢ︕ ᠤᠴᠢᠷ ᠲᠠᠢ ᠦᠭᠡ ᠶᠢ ᠬᠡᠯᠡᠶ᠎ᠡ᠃ ᠤᠤᠯ ᠤᠨ ᠬᠠᠶᠢᠷᠠᠲᠠᠢ ᠲᠡᠭᠦᠨ ᠠᠴᠠ ᠪᠠᠨ ᠤᠷᠪᠠᠵᠤ ᠰᠠᠯᠵᠤ ᠴᠢᠳᠠᠬᠤ ᠦᠭᠡᠢ᠃ ᠦᠨᠳᠦᠷ ᠳᠡᠭᠡᠳᠦ ᠨᠤᠶᠠᠨ ᠮᠢᠨᠢ︕ ᠦᠷᠦᠰᠢᠶᠡᠵᠦ ᠨᠠᠮᠠᠶᠢ ᠤᠷᠬᠢᠨ᠎ᠠ ᠦᠦ︖ᠦᠭᠡᠳᠡ ᠦᠭᠡᠢ ᠲᠤᠤᠷᠠᠳᠤ ᠪᠢ ᠴᠢᠨᠢ ᠦᠪᠡᠷ ᠤᠨ ᠢᠶᠠᠨ ᠢᠵᠢᠯᠢ ᠳᠡᠭᠡᠨ ᠶᠠᠪᠤᠶ᠎ᠠ᠃ ︵ᠪᠠᠯᠭᠠᠨ ᠨᠤᠶᠠᠨ ᠨᠠᠩᠰᠠᠯᠮ᠎ᠠ ᠤᠷᠤᠭᠤ ᠤᠬᠤᠰᠬᠢᠨ᠎ᠠ︶ ᠨᠠᠩᠰᠠᠯᠮ᠎ᠠ᠄ ᠬᠡᠷᠪᠡ ᠨᠠᠳᠠ ᠬᠠᠯᠳᠠᠪᠠᠯ ᠠᠮᠢ ᠪᠠᠨ ᠪᠢ ᠬᠤᠤᠷᠯᠠᠨ᠎ᠠ᠃ ᠴᠢᠨᠦ ᠭᠠᠷ ᠠᠴᠠ ᠡᠮᠦᠨ᠎ᠡ ᠮᠢᠨᠦ ᠬᠢᠲᠤᠭ᠎ᠠ ᠠᠮᠵᠢᠨ᠎ᠠ᠃ ︵ᠪᠠᠯᠭᠠᠨ ᠨᠠᠩᠰᠠᠯᠮ᠎ᠠ ᠶᠢ ᠪᠠᠷᠢᠵᠤ ᠠᠪᠤᠨ᠎ᠠ︶       ᠭᠤᠷᠪᠠᠳᠤᠭᠠᠷ ᠦᠵᠡᠭᠳᠡᠯ       ᠲᠠᠶᠢᠰᠠᠨ ᠤ ᠪᠠᠶᠢᠳᠠᠯ ᠨᠢ᠄ ᠬᠤᠶᠠᠷ ᠠᠭᠤᠯᠠ ᠶᠢᠨ ᠬᠤᠭᠤᠷᠤᠨᠲᠤ ᠬᠤᠷᠯᠤᠮ᠎ᠠ ᠶᠢᠨ ᠭᠡᠷ᠂ ᠭᠡᠷ ᠤᠨ ᠡᠷᠭᠢᠨ ᠲᠤᠭᠤᠷᠢᠨ ᠨᠤᠭᠤᠭᠠᠨ ᠤᠷᠭᠤᠮᠠᠯ ᠮᠤᠳᠤ ᠪᠠᠶᠢᠨ᠎ᠠ᠃ ᠭᠡᠷ ᠤᠨ ᠭᠠᠳᠠᠨ᠎ᠠ ᠮᠤᠳᠤᠨ ᠲᠡᠷᠭᠡᠨ ᠳᠡᠭᠡᠷ᠎ᠡ ᠨᠢᠭᠡ ᠬᠤᠶᠠᠷ ᠬᠦᠮᠦᠨ ᠨᠤᠶᠢᠷᠮᠤᠭᠯᠠᠨ ᠰᠠᠭᠤᠬᠤ ᠪᠠ ᠨᠢᠭᠡᠳᠦᠭᠡᠷ ᠬᠦᠮᠦᠨ ᠡᠪᠰᠢᠶᠡᠭᠰᠡᠭᠡᠷ ᠰᠡᠷᠢᠵᠤ ᠨᠦᠭᠦᠭᠡ ᠪᠠᠨ ᠳᠠᠭᠤᠳᠠᠬᠤ ᠳᠤ ᠬᠤᠶᠠᠳᠤᠭᠠᠷ ᠬᠦᠮᠦᠨ ᠴᠤᠴᠢᠨ ᠪᠤᠰᠴᠤ᠂ ᠨᠢᠭᠡᠳᠦᠭᠡᠷ ᠬᠦᠮᠦᠨ ᠲᠡᠷᠭᠡᠨ ᠠᠴᠠ ᠤᠩᠬᠤᠯᠢᠳᠤᠨ ᠤᠨᠠᠨ᠎ᠠ᠃ ᠡᠭᠦᠨ ᠤ ᠳᠠᠷᠠᠭ᠎ᠠ ᠪᠠᠷ ᠨᠢᠭᠡᠳᠦᠭᠡᠷ ᠬᠦᠮᠦᠨ ᠠᠯᠤᠰ ᠢ ᠰᠢᠷᠲᠡᠵᠦ ᠳᠠᠭᠤᠯᠠᠨ᠎ᠠ᠃ ᠨᠢᠭᠡᠳᠦᠭᠡᠷ ᠬᠦᠮᠦᠨ᠄ ᠲᠡᠭᠷᠢ ᠭᠠᠵᠠᠷ ᠤᠨ ᠵᠠᠪᠰᠠᠷ ᠢᠶᠠᠷ ᠲᠡᠷᠡ ᠰᠦᠮᠡᠯᠵᠡᠳᠡᠭ ᠴᠢᠨᠢ ᠶᠠᠭᠤ ᠪᠤᠢ︖ ᠦᠨᠦ ᠭᠠᠶᠢᠬᠠᠯ ᠶᠦᠨᠳᠡᠩ ᠴᠢᠨᠢ ᠦᠭᠡᠳᠡ ᠠᠴᠠ ᠴᠢᠭᠯᠡᠭᠡᠳ ᠡᠷᠡᠪᠡ ᠦᠦ ᠬᠦ᠋︖ ᠬᠤᠶᠠᠳᠤᠭᠠᠷ ᠬᠦᠮᠦᠨ᠄ ᠬᠦᠶ᠋ᠢ ᠴᠢ ᠪᠠᠶᠢᠵᠠ ᠭᠡᠮ ᠳ᠋ᠠ ᠬᠦᠮᠦᠨ ᠪᠢᠰᠢ ᠮᠤᠳᠤ ᠪᠠᠶᠢᠨ᠎ᠠ᠃ ᠬᠦᠢᠲᠡᠨ ᠬᠦᠨᠲᠡᠢ ᠶᠢᠨ ᠡᠬᠢᠨ ᠤ ᠦᠯ ᠤᠨ ᠤᠪᠤᠭ᠎ᠠ ᠴᠤᠬᠤᠶᠢᠵᠤ ᠪᠠᠶᠢᠨ᠎ᠠ᠃ ᠨᠢᠭᠡᠳᠦᠭᠡᠷ ᠬᠦᠮᠦᠨ᠄ ᠦᠯ ᠤᠨ ᠤᠪᠤᠭ᠎ᠠ ᠭᠡᠵᠦ ᠦᠦ ᠬᠦ᠋︖ᠡᠪᠤᠭᠡᠨ ᠴᠢᠨᠢ ᠪᠠᠭ᠋ᠠᠨ ᠠᠶᠤᠵᠤ ᠪᠠᠶᠢᠨ᠎ᠠ᠃ ᠦᠨᠦ ᠭᠠᠶᠢᠬᠠᠯ ᠶᠦᠨᠳᠡᠩ ᠴᠢᠨᠢ ᠦᠭᠡᠳᠡ ᠠᠴᠠ ᠬᠦᠷᠦᠭᠡᠳ ᠢᠷᠡᠪᠡᠯ ᠶᠠᠭᠠᠬᠢᠬᠤ ᠶᠤᠮ ᠪᠤᠢ︖ ᠬᠤᠶᠠᠳᠤᠭᠠᠷ ᠬᠦᠮᠦᠨ᠄ ᠠᠷᠠᠳ ᠶᠦᠨᠳᠡᠩ ᠢᠷᠡᠬᠦ ᠳᠤ ᠠᠯᠠᠵᠤ ᠡᠰᠡ ᠴᠢᠳᠠᠪᠠᠯ ᠠᠮᠢ ᠪᠠᠷ ᠢᠶᠠᠨ ᠲᠦᠯᠦᠬᠦ ᠶᠢ ᠠᠩᠬᠠᠷᠴᠤ ᠮᠠᠳᠠᠵᠤ ᠪᠠᠶᠢᠨ᠎ᠠ ᠦᠦ︖ ᠶᠠᠭᠠᠬᠢᠬᠤ ᠶᠤᠮ ᠪᠤᠢ ᠭᠡᠨ᠎ᠡ ᠰᠢᠦ︖ ᠶᠠᠭᠠᠬᠢ ᠭᠡᠰᠡᠨ ᠪᠤᠢ᠂ ᠪᠠᠯᠭᠠᠨ︖ ᠵᠠ ᠭᠡᠵᠦ ᠬᠡᠯᠡᠭᠡᠳ ᠤᠳᠤ ᠪᠤᠴᠠᠵᠤ ᠪᠠᠶᠢᠨ᠎ᠠ ᠦᠦ︖ ︵ᠶᠦᠨᠳᠡᠩ ᠤᠨ ᠢᠷᠡᠵᠦ ᠶᠠᠪᠤᠭ᠎ᠠ ᠶᠢ ᠬᠠᠷᠠᠮᠠᠭᠴᠠ ᠨᠢᠭᠡᠳᠦᠭᠡᠷ ᠬᠦᠮᠦᠨ ᠠᠶᠤᠨ ᠵᠢᠭᠤᠳᠠᠬᠤ ᠳᠤ ᠬᠤᠶᠠᠳᠤᠭᠠᠷ ᠬᠦᠮᠦᠨ ᠲᠡᠭᠦᠨ ᠢ ᠪᠠᠷᠢᠨ ᠭᠡᠷ ᠤᠨ ᠬᠠᠵᠠᠭᠤ ᠲᠠᠯ᠎ᠠ ᠳᠤ ᠰᠠᠭᠤᠨ᠎ᠠ᠃ ᠭᠡᠷ ᠠᠴᠠ ᠴᠠᠢ ᠢᠳᠡᠭᠡ ᠠᠪᠴᠢᠷᠠᠵᠤ ᠪᠡᠯᠡᠳᠬᠡᠨ᠎ᠡ᠃ ᠶᠦᠨᠳᠡᠩ ᠳᠠᠯᠳᠠ ᠠᠴᠠ ᠳᠠᠭᠤᠯᠠᠬᠤ ᠴᠢᠮᠡᠭᠡ ᠰᠤᠨᠤᠰᠲᠠᠨ᠎ᠠ︶ ᠶᠦᠨᠳᠡᠩ᠄ ᠠᠭᠤᠯᠠ ᠤᠰᠤ ᠮᠢᠨᠢ ᠤᠶᠢᠷᠠᠲᠤᠯ᠎ᠠ ᠤᠷᠢᠳᠤ ᠶᠢᠨ ᠲᠠᠨᠢᠯ ᠲᠠᠭᠠᠷᠠᠯᠳᠤᠯ᠎ᠠ᠃ ᠤᠭ ᠨᠤᠲᠤᠭ ᠤᠨ ᠰᠤᠨᠢᠨ ᠢ ᠤᠷᠢᠳᠠ ᠪᠠᠷ ᠠᠳᠡ ᠠᠴᠠ ᠰᠤᠨᠤᠰᠤᠶ᠎ᠠ᠃ ᠬᠤᠶᠠᠳᠤᠭᠠᠷ ᠬᠦᠮᠦᠨ᠄ ᠠᠯᠤᠰ ᠤᠨ ᠵᠠᠮ ᠳᠤ ᠶᠠᠪᠤᠭᠰᠠᠨ ᠠᠩᠴᠢᠨ ᠨᠦᠬᠦᠷ ᠶᠦᠨᠳᠡᠩ ᠮᠢᠨᠢ ᠠᠮᠤᠷ ᠮᠡᠨᠳᠦ ᠶᠠᠪᠤᠪᠠ ᠦᠦ︖ ᠠᠵᠢᠯ ᠬᠡᠷᠡᠭ ᠴᠢᠨᠢ ᠪᠦᠲᠦᠪᠡ ᠦᠦ︖ ᠲᠠᠨ ᠤ ᠨᠤᠲᠤᠭ ᠤᠶᠢᠷᠠᠲᠤᠯ᠎ᠠ᠂ ᠲᠠᠨᠢᠯ ᠰᠠᠶᠢᠨ ᠳᠡᠭᠦᠦ ᠮᠢᠨᠢ ᠲᠠᠪᠠ ᠲᠠᠢ ᠰᠠᠭᠤᠵᠤ ᠶᠠᠷᠢᠯᠴᠠᠶ᠎ᠠ᠃ ᠲᠠᠮᠠᠬᠢ ᠪᠠᠨ ᠬᠠᠷᠢᠯᠴᠠᠨ ᠲᠠᠲᠠᠶ᠎ᠠ᠃ ︵ᠶᠦᠨᠳᠡᠩ ᠠᠪᠴᠤ ᠶᠠᠪᠤᠭᠰᠠᠨ ᠪᠤᠭᠴᠤ ᠤᠷᠤᠭᠤ ᠪᠠᠨ ᠶᠠᠪᠤᠲᠠᠯ᠎ᠠ ᠬᠤᠶᠠᠳᠤᠭᠠᠷ ᠬᠦᠮᠦᠨ ᠲᠦᠷᠡᠢ ᠠᠴᠠ ᠪᠠᠨ ᠬᠢᠲᠤᠭ᠎ᠠ ᠠᠪᠴᠤ ᠶᠦᠨᠳᠡᠩ ᠢ ᠬᠢᠳᠤᠭᠠᠯᠠᠬᠤ ᠭᠡᠨ᠎ᠡ᠃ ᠶᠦᠨᠳᠡᠩ ᠬᠢᠲᠤᠭ᠎ᠠ ᠶᠢ ᠨᠢ ᠪᠤᠯᠢᠶᠠᠵᠤ ᠲᠦᠯᠬᠢᠨ ᠤᠨᠠᠭᠠᠲᠠᠯ᠎ᠠ ᠨᠢᠭᠡᠳᠤᠭᠡᠷ ᠬᠦᠮᠦᠨ ᠶᠦᠨᠳᠡᠩ ᠢ ᠪᠦᠲᠦᠭᠦᠨ ᠮᠤᠳᠤ ᠪᠠᠷ ᠴᠤᠬᠢᠵᠤ ᠤᠨᠠᠭᠠᠭᠠᠳ᠂ ᠬᠤᠶᠠᠳᠤᠭᠠᠷ ᠬᠦᠮᠦᠨ ᠢ ᠲᠡᠷᠭᠡᠨ ᠳᠡᠭᠡᠷ᠎ᠡ ᠲᠠᠯᠪᠢᠵᠤ ᠵᠢᠭᠤᠳᠠᠨ ᠶᠠᠪᠤᠨ᠎ᠠ᠃ ᠬᠤᠷᠯᠤᠮ᠎ᠠ ᠬᠤᠪᠢᠩ ᠲᠠᠢ ᠤᠰᠤ ᠪᠠᠷᠢᠨ ᠢᠷᠡᠵᠦ ᠶᠦᠨᠳᠡᠩ ᠢ ᠬᠠᠷᠠᠵᠤ ᠴᠤᠴᠢᠨ᠂ ᠭᠡᠷ ᠠᠴᠠ ᠪᠠᠨ ᠠᠯᠴᠢᠭᠤᠷ ᠠᠪᠴᠢᠷᠠᠵᠤ ᠶᠦᠨᠳᠡᠩ ᠤᠨ ᠲᠤᠯᠤᠭᠠᠢ ᠶᠢ ᠪᠤᠭᠤᠨ᠎ᠠ︶ ᠬᠤᠷᠯᠤᠮ᠎ᠠ᠄ ᠡᠷᠲᠡᠨ ᠠᠴᠠ ᠴᠢᠮᠠᠶᠢ ᠬᠦᠰᠡᠭᠰᠡᠨ ᠰᠠᠨ ᠡᠷᠬᠡᠪᠰᠢ ᠤᠴᠠᠷᠠᠬᠤ ᠶᠢ ᠪᠤᠳᠤᠭᠰᠠᠨ ᠰᠠᠨ ᠢᠩᠭᠢᠵᠦ ᠠᠭᠤᠯᠵᠠᠬᠤ ᠶᠢ ᠦᠵᠡᠪᠡᠯ ᠢᠷᠦᠭᠡᠯ ᠵᠠᠶᠠᠭᠠᠲᠠᠢ ᠶᠤᠮᠰᠠᠨᠵᠠᠢ᠃ ᠵᠢᠪᠬᠤᠯᠠᠩᠲᠤ ᠰᠠᠶᠢᠬᠠᠨ ᠡᠷ᠎ᠡ ᠯᠡ ᠭᠡᠵᠦ ᠵᠠᠰᠠᠭ ᠬᠤᠰᠢᠭᠤ ᠪᠠᠷ ᠬᠡᠯᠡᠯᠴᠡᠳᠡᠭ ᠶᠤᠮ᠃ ᠴᠢᠷᠠᠢ ᠵᠢᠰᠦ ᠶᠢ ᠴᠢᠨᠢ ᠦᠵᠡᠪᠡᠯ ᠳᠠᠮᠵᠢᠭ ᠦᠭᠡᠢ ᠦᠨᠡᠨ ᠯᠡ ᠶᠤᠮ ᠳ᠋ᠠ᠃ ᠳᠠᠪᠬᠤᠷ᠎ᠠ ᠲᠠᠢ ᠠᠯᠠᠭ ᠨᠢᠳᠦ ᠲᠠᠢ ᠲᠤᠩ ᠴᠠᠭᠠᠨ ᠰᠢᠳᠦ ᠲᠠᠢ ᠬᠦ᠋ ᠳᠠᠷᠬᠠᠨ ᠴᠡᠩᠲᠡ ᠶᠢᠨ ᠶᠦᠨᠳᠡᠩ ᠴᠢᠨᠢ ᠳᠠᠪᠠᠭᠤ ᠴᠡᠪᠡᠷᠬᠡᠨ ᠲᠦᠷᠦᠵᠡᠢ᠃ ᠪᠡᠶ᠎ᠡ ᠶᠢ ᠴᠢᠨᠢ ᠬᠠᠷᠠᠭᠠᠳ ᠪᠠᠭ᠋ᠠᠳᠤᠭᠰᠠᠨ ᠶᠤᠮ᠂ ᠴᠢᠷᠠᠢ ᠶᠢ ᠴᠢᠨᠢ ᠦᠵᠡᠭᠡᠳ ᠳᠤᠷᠠᠯᠠᠭᠰᠠᠨ ᠶᠤᠮ᠃ ᠤᠬᠠᠭᠠᠨ ᠤᠷᠤᠵᠤ ᠰᠡᠷᠭᠦᠭᠡᠴᠢ ᠤᠭ ᠰᠠᠨᠠᠭ᠎ᠠ ᠪᠠᠨ ᠬᠡᠯᠡᠶ᠎ᠡ᠃ ᠲᠠᠪᠢᠯᠠᠩ ᠢᠷᠦᠭᠡᠯ ᠪᠠᠶᠢᠭᠰᠠᠨ ᠠᠴᠠ ᠲᠠᠪᠠ ᠲᠠᠢ ᠰᠠᠶᠢᠬᠠᠨ ᠠᠭᠤᠯᠵᠠᠯ᠎ᠠ ᠳ᠋ᠠ᠃ ᠳᠡᠭᠡᠭᠰᠢ ᠪᠠᠨ ᠰᠡᠷᠭᠦᠵᠦ ᠪᠤᠰᠤᠭᠠᠴᠢ᠂ ᠳᠤᠷᠠᠯᠠᠭᠰᠠᠨ ᠰᠡᠳᠬᠢᠯ ᠢᠶᠠᠨ ᠰᠤᠨᠤᠰᠬᠠᠶ᠎ᠠ᠃ ︵ᠶᠦᠨᠳᠡᠩ ᠳᠦᠩᠭᠡᠵᠦ ᠰᠡᠷᠭᠦᠭᠡᠳ ᠬᠤᠷᠯᠤᠮ᠎ᠠ ᠶᠢᠨ ᠭᠠᠷ ᠢ ᠢᠯᠢᠵᠦ 《 ᠨᠠᠩᠰᠠᠯᠮ᠎ᠠ 》 ᠭᠡᠵᠦ ᠳᠠᠭᠤᠳᠠᠨ᠎ᠠ᠃ ᠬᠤᠷᠯᠤᠮ᠎ᠠ 《 ᠵᠦᠭᠡᠷ ᠵᠦᠭᠡᠷ 》 ᠭᠡᠵᠦ ᠬᠠᠷᠢᠭᠤᠯᠤᠨ᠎ᠠ᠃ ᠶᠦᠨᠳᠡᠩ ᠨᠢᠳᠦ ᠪᠠᠨ ᠨᠡᠭᠡᠭᠡᠵᠦ ᠬᠤᠷᠯᠤᠮ᠎ᠠ ᠶᠢ ᠲᠠᠨᠢᠭᠠᠳ ᠭᠡᠨᠡᠳᠲᠡ ᠪᠤᠰᠲᠠᠯ᠎ᠠ ᠲᠤᠯᠤᠭᠠᠢ ᠨᠢ ᠡᠷᠭᠢᠵᠦ ᠤᠨᠠᠬᠤ ᠳᠤ ᠲᠦᠬᠦᠨ᠎ᠡ᠃ ᠲᠡᠭᠦᠨ ᠢ ᠬᠤᠷᠯᠤᠮ᠎ᠠ ᠲᠡᠪᠡᠷᠢᠨ ᠠᠪᠴᠤ ᠵᠤᠭᠰᠤᠨ᠎ᠠ᠃ ᠶᠦᠨᠳᠡᠩ᠄ 《 ᠲᠠ ᠶᠠᠭᠤᠨ ᠤ ᠬᠦᠮᠦᠨ ᠪᠤᠢ︖ ᠨᠠᠩᠰᠠᠯᠮ᠎ᠠ ᠶᠠᠭᠠᠬᠢᠭᠰᠠᠨ ᠪᠤᠢ︖ 》 ᠭᠡᠬᠦ ᠳᠤ ᠬᠤᠷᠯᠤᠮ᠎ᠠ᠄ 《 ᠪᠢ ᠮᠡᠳᠡᠬᠦ ᠦᠭᠡᠢ 》 ᠭᠡᠵᠦ ᠢᠴᠢᠨ ᠵᠦᠷᠢᠭᠦᠦ ᠬᠠᠷᠠᠨ᠎ᠠ᠃ ᠶᠦᠨᠳᠡᠩ ᠤᠶᠢᠳᠬᠠᠷ  ᠲᠠᠢ ᠪᠠᠷ ᠭᠠᠵᠠᠷ ᠠᠴᠠ ᠮᠠᠯᠠᠭᠠᠢ ᠪᠠᠨ ᠠᠪᠴᠤ ᠶᠠᠪᠤᠬᠤ ᠭᠡᠲᠡᠯ᠎ᠡ ᠬᠤᠷᠯᠤᠮ᠎ᠠ᠄ 《 ᠪᠢ ᠮᠡᠳᠡᠨ᠎ᠡ 》 ᠭᠡᠵᠦ ᠬᠠᠷᠢᠭᠤᠯᠤᠨ᠎ᠠ᠃ ᠲᠡᠭᠦᠨ ᠢ ᠶᠦᠨᠳᠡᠩ ᠰᠤᠨᠤᠰᠴᠤ ᠡᠷᠭᠢᠵᠦ ᠵᠤᠭᠰᠤᠨ᠎ᠠ᠃︶ ᠬᠤᠷᠯᠤᠮ᠎ᠠ᠄ ᠲᠠᠨ ᠢ ᠬᠡᠳᠦᠶᠢᠨᠡᠢ ᠠᠴᠠ ᠲᠠᠨᠢᠬᠤ ᠪᠤᠯᠪᠠᠴᠤ ᠨᠢᠭᠤᠷ ᠢ ᠴᠢᠨᠢ ᠦᠵᠡᠵᠦ ᠶᠠᠪᠤᠭᠰᠠᠨ ᠦᠭᠡᠢ᠂ ᠲᠠ ᠮᠤᠷᠢᠨ ᠠᠴᠠ ᠤᠨᠠᠭᠰᠠᠨ ᠶᠤᠮ ᠦᠦ︖ ᠶᠠᠭᠠᠬᠢᠭᠠᠳ ᠢᠩᠭᠢᠵᠦ ᠰᠢᠷᠬᠠᠳᠤᠪᠠ︖ ᠲᠠᠨ ᠢ ᠠᠳᠡ ᠬᠡᠪᠲᠡᠵᠦ ᠪᠠᠶᠢᠬᠤ ᠳᠤ ᠲᠡᠩᠬᠡᠷᠡᠭᠦᠯᠦᠨ ᠰᠤᠪᠢᠯᠠᠵᠤ ᠰᠡᠷᠭᠦᠭᠡᠪᠡ᠃ ᠬᠡᠷᠪᠡ ᠲᠠ ᠵᠢᠭᠰᠢᠬᠦ ᠦᠭᠡᠢ ᠪᠤᠯ ᠦᠴᠦᠬᠡᠨ ᠨᠠᠳᠠ ᠲᠠᠢ ᠲᠠᠨᠢᠯᠴᠠᠨ᠎ᠠ ᠦᠦ︖ ᠶᠦᠨᠳᠡᠩ᠄ ᠲᠠ ᠶᠠᠭᠠᠬᠢᠭᠰᠠᠨ ᠰᠠᠶᠢᠨ ᠬᠦᠮᠦᠨ ᠪᠤᠢ︕ᠲᠠᠯ᠎ᠠ ᠳᠤ ᠬᠡᠪᠲᠡᠭᠰᠡᠨ ᠨᠠᠮᠠᠶᠢ ᠲᠠ ᠰᠡᠷᠭᠦᠭᠡᠵᠦ ᠠᠪᠤᠭ᠎ᠠ ᠦᠭᠡᠢ ᠪᠤᠯ ᠡᠨᠡ ᠪᠡᠶ᠎ᠡ ᠮᠢᠨᠢ ᠦᠷᠡᠭᠳᠡᠨ᠎ᠡ᠃ ᠬᠠᠶᠢᠷᠠᠲᠠᠢ ᠢᠨᠠᠭ ᠲᠡᠭᠦᠨ ᠳᠡᠭᠡᠨ ᠬᠠᠷᠢᠵᠤ ᠤᠴᠢᠬᠤ ᠪᠠᠷ ᠶᠠᠪᠤᠲᠠᠯ᠎ᠠ ᠬᠠᠷᠭᠤᠢ ᠵᠠᠮ ᠳᠤ ᠭᠡᠨᠡᠳᠲᠡ ᠬᠠᠷ᠎ᠠ ᠰᠠᠨᠠᠭᠠᠲᠠᠨ ᠳᠤ ᠬᠤᠤᠷᠯᠠᠭᠳᠠᠯ᠎ᠠ᠃ ᠡᠷᠬᠢᠮ ᠪᠦᠰᠡᠭᠦᠢ ᠶᠢᠨ ᠨᠡᠷ᠎ᠡ ᠬᠡᠨ ᠪᠤᠢ︖ ᠭᠡᠷ ᠤᠷᠤᠨ ᠴᠢᠨᠢ ᠬᠠᠮᠢᠭ᠎ᠠ ᠪᠤᠢ︖ ᠬᠠᠷᠠᠮ ᠦᠭᠡᠢ ᠨᠠᠳᠠ ᠬᠡᠯᠡᠨ᠎ᠡ ᠦᠦ︖ ᠬᠤᠵᠢᠮ ᠠᠴᠢ ᠶᠢ ᠴᠢᠨᠢ ᠬᠠᠷᠢᠭᠤᠯᠤᠨ᠎ᠠ᠃ ᠬᠤᠷᠯᠤᠮ᠎ᠠ᠄ ᠤᠴᠠᠷᠠᠯ ᠢᠷᠦᠭᠡᠯ ᠪᠠᠶᠢᠭᠰᠠᠨ ᠠᠴᠠ ᠠᠭᠤᠯᠵᠠᠵᠤ ᠲᠤᠬᠢᠶᠠᠯᠳᠤᠭᠰᠠᠨ ᠨᠢ ᠡᠨᠡ ᠪᠢᠵᠡ᠂ ᠮᠠᠭᠤᠵᠢᠷᠠᠭᠰᠠᠨ ᠲᠠᠨ ᠢ ᠰᠡᠷᠭᠦᠭᠡᠬᠦ ᠨᠢ ᠮᠡᠬᠦᠰ ᠮᠢᠨᠦ ᠰᠡᠳᠬᠢᠯ ᠡ᠃ ᠡᠷᠬᠢᠮ ᠬᠦᠮᠦᠨ ᠲᠠᠨ ᠲᠠᠢ ᠢᠩᠭᠢᠵᠦ ᠲᠠᠨᠢᠯᠴᠠᠬᠤ ᠶᠢᠨ ᠬᠡᠰᠢᠭ ᠪᠠᠶᠢᠵᠤ ᠲᠤᠤᠷᠠᠲᠤ ᠭᠡᠷ ᠲᠤ ᠮᠢᠨᠢ ᠰᠠᠭᠠᠲᠠᠵᠤ ᠲᠡᠩᠬᠡᠭᠡ ᠲᠠᠮᠢᠷ ᠢᠶᠠᠨ ᠰᠤᠪᠢᠯᠠᠨ᠎ᠠ ᠦᠦ︖ ᠶᠦᠨᠳᠡᠩ᠄ ᠡᠶᠡᠯᠳᠡᠭ ᠰᠡᠳᠬᠢᠯ ᠲᠠᠢ ᠦᠬᠢᠨ ᠲᠠᠨ ᠤᠡᠨᠡᠷᠢᠵᠦ ᠦᠵᠡᠭᠰᠡᠨ ᠳᠤ ᠪᠠᠶᠠᠷᠯᠠᠯ᠎ᠠ᠃ ᠠᠯᠳᠠᠷ ᠨᠡᠷ᠎ᠡ ᠪᠠᠨ ᠬᠡᠯᠡᠨ᠎ᠡ ᠦᠦ︖ ᠬᠤᠵᠢᠮ ᠠᠶᠢᠯᠴᠢᠯᠠᠨ ᠤᠴᠢᠶ᠎ᠠ᠃ ᠵᠦᠭᠡᠯᠡᠨ ᠬᠦᠩᠭᠡᠨ ᠭᠠᠷ ᠢᠶᠠᠷ ᠢᠶᠠᠨ ᠢᠯᠢᠵᠦ ᠰᠤᠪᠢᠯᠠᠭᠰᠠᠨ ᠳᠤ ᠲᠠᠯᠠᠷᠬᠠᠨ᠎ᠠ᠃ ᠠᠬ᠎ᠠ ᠳᠡᠭᠦᠦ ᠮᠡᠲᠦ ᠦᠵᠡᠭᠰᠡᠨ ᠠᠴᠢ ᠲᠤᠰᠠ ᠶᠢ ᠴᠢᠨᠢ ᠬᠠᠷᠢᠭᠤᠯᠤᠨ᠎ᠠ᠃ ᠲᠠᠨ ᠢ ᠳᠠᠭᠠᠭᠠᠳ ᠶᠠᠪᠤᠬᠤ ᠶᠤᠮᠰᠠᠨ ᠲᠠᠨᠢᠯᠴᠠᠵᠤ ᠮᠡᠳᠡᠯᠴᠡᠵᠦ ᠠᠪᠬᠤ ᠶᠤᠮᠰᠠᠨ ᠡᠬᠡᠨᠡᠷ ᠢᠶᠠᠨ ᠤᠯᠵᠤ ᠤᠴᠢᠬᠤ ᠶᠤᠮᠰᠠᠨ ᠡᠭᠡᠴᠢ ᠮᠢᠨᠢ ᠲᠠ ᠬᠠᠷᠠᠭ᠎ᠠ ᠦᠭᠡᠢ ᠦᠦ︖ ᠬᠤᠷᠯᠤᠮ᠎ᠠ᠄ ᠵᠠᠯᠢᠬᠠᠢ ᠡᠲᠡᠭᠡᠳ ᠲᠠᠢ ᠬᠠᠨᠢᠯᠠᠵᠤ ᠵᠠᠯᠠᠭᠤ ᠴᠢᠮᠠᠶᠢ ᠮᠠᠷᠲᠠᠭᠰᠠᠨ ᠰᠢᠦ᠃ ᠪᠤᠭᠲᠤᠯᠠᠵᠤ ᠠᠪᠬᠤ ᠭᠡᠰᠡᠨ ᠬᠡᠦᠬᠡᠨ ᠴᠢᠨᠢ ᠪᠠᠯᠭᠠᠨ ᠲᠠᠢ ᠨᠦᠬᠦᠴᠡᠭᠡᠳ ᠶᠠᠪᠤᠭᠰᠠᠨ ᠰᠢᠦ᠃ ︵ᠶᠦᠨᠳᠡᠩ ᠬᠤᠳᠠᠯ ᠭᠡᠵᠦ ᠬᠤᠷᠯᠤᠮ᠎ᠠ ᠶᠢ ᠪᠠᠭᠠᠯᠵᠤᠷᠳᠠᠭᠠᠳ ᠠᠪᠤᠭᠰᠠᠨ ᠢᠶᠠᠨ ᠪᠤᠯᠢᠵᠤ ᠳᠠᠭᠤᠯᠠᠨ᠎ᠠ︶ ᠶᠦᠨᠳᠡᠩ᠄ ᠵᠠᠯᠢᠬᠠᠢ ᠬᠦᠮᠦᠨ ᠤ ᠬᠦᠴᠦ ᠪᠢᠵᠡ ᠵᠠᠩ ᠠᠭᠠᠰᠢ ᠨᠢ ᠬᠤᠪᠢᠷᠠᠭ᠎ᠠ ᠦᠭᠡᠢ ᠪᠢᠵᠡ ᠲᠠᠨ ᠤ ᠦᠭᠡ ᠶᠢ ᠳᠤᠭᠤᠯᠬᠤ ᠳᠤ ᠲᠤᠲᠤᠷ᠎ᠠ ᠬᠠᠷᠠᠩᠭᠤᠶᠢᠯᠠᠨ ᠲᠡᠪᠴᠢᠳᠠᠨ᠎ᠠ᠃ ᠬᠤᠷᠯᠤᠮ᠎ᠠ᠄ ᠡᠶᠢᠮᠦ ᠰᠠᠶᠢᠬᠠᠨ ᠡᠷ᠎ᠡ ᠳᠤ ᠡᠬᠡᠨᠡᠷ ᠬᠠᠮᠢᠭ᠎ᠠ ᠠᠴᠠ ᠮᠤᠩᠳᠠᠬᠤ ᠪᠤᠢ︖ ᠭᠠᠭᠴᠠ ᠨᠢᠭᠡ ᠶᠢᠨ ᠬᠤᠶᠢᠨ᠎ᠠ ᠠᠴᠠ ᠭᠠᠨᠢᠬᠠᠷᠠᠵᠤ ᠭᠤᠨᠢᠬᠠᠷᠠᠭᠠᠳ ᠶᠠᠭᠠᠬᠢᠳᠠᠭ ᠶᠤᠮ᠃ ᠶᠦᠨᠳᠡᠩ᠄ ᠬᠠᠲᠠᠭᠰᠠᠨ ᠭᠠᠵᠠᠷ ᠤᠨ ᠬᠦᠷᠦᠰᠦᠨ ᠳᠡᠭᠡᠷ᠎ᠡ ᠴᠡᠴᠡᠭ ᠲᠠᠷᠢᠭᠰᠠᠨ ᠴᠦ ᠤᠷᠭᠤᠬᠤ ᠦᠭᠡᠢ᠃ ᠬᠠᠷᠠᠯᠠᠭᠰᠠᠨ ᠰᠡᠳᠬᠢᠯ ᠤᠨ ᠲᠤᠲᠤᠷ᠎ᠠ ᠠᠯᠲᠠ ᠴᠢᠳᠬᠤᠭᠰᠠᠨ ᠴᠦ ᠴᠠᠶᠢᠷᠠᠳᠠᠭ ᠦᠭᠡᠢ᠃ ᠬᠤᠷᠯᠤᠮ᠎ᠠ᠄ ᠠᠶᠠᠨ ᠳᠤ ᠶᠠᠪᠤᠭᠰᠠᠨ ᠡᠳᠦᠷ ᠠᠴᠠ ᠴᠢᠨᠢ ᠠᠮᠠᠷᠠᠭ ᠤᠨ ᠰᠡᠳᠬᠢᠯ ᠬᠤᠪᠢᠷᠠᠭᠰᠠᠨ ᠰᠢᠦ᠃ ᠦᠨᠵᠢᠵᠦ ᠬᠤᠨᠤᠬᠤ ᠪᠦᠷᠢ ᠳᠡᠭᠡᠨ ᠦᠭᠡᠷ᠎ᠡ ᠬᠦᠮᠦᠨ ᠳᠤ ᠲᠠᠰᠤᠭᠰᠠᠨ ᠰᠢᠦ᠃ ᠢᠨᠠᠭ ᠰᠡᠳᠬᠢᠯ ᠬᠤᠪᠤᠷ ᠶᠤᠮ ᠦᠩᠭᠡ ᠮᠦᠩᠭᠦᠨ ᠳᠤ ᠴᠦ ᠪᠤᠯᠳᠠᠭ ᠰᠢᠦ᠃ ᠦᠢᠯᠡ ᠵᠠᠶᠠᠭ᠎ᠠ ᠭᠡᠴᠡᠭᠦᠦ ᠰᠢᠦ ᠦᠪᠡᠷ ᠤᠨ ᠰᠠᠨᠠᠭ᠎ᠠ ᠪᠠᠷ ᠪᠤᠯᠳᠠᠭ ᠦᠭᠡᠢ ᠶᠤᠮ᠃ ᠤᠷᠴᠢᠯᠠᠩ ᠭᠡᠳᠡᠭ ᠪᠦᠭᠡᠷᠡᠩᠬᠡᠢ ᠡᠷᠭᠢᠵᠦ ᠬᠤᠪᠢᠷᠠᠵᠤ ᠪᠠᠶᠢᠳᠠᠭ ᠰᠢᠦ᠃ ᠤᠶᠠᠷᠠᠨ ᠭᠠᠰᠢᠭᠤᠳᠠᠭᠠᠳ ᠬᠡᠷᠡᠭ ᠦᠭᠡᠢ ᠤᠨᠳᠤᠤ ᠵᠠᠮ ᠪᠠᠶᠢᠳᠠᠭ ᠶᠤᠮ ᠰᠢᠦ᠃ ᠡᠷᠬᠢᠮ ᠬᠦᠮᠦᠨ ᠤ ᠦᠷ᠎ᠡ ᠮᠢᠨᠢ ᠤᠳᠤ ᠮᠠᠨ ᠤ ᠳᠤ ᠤᠷᠤ ᠯᠠ ᠳ᠋ᠠ᠃ ᠬᠡᠵᠢᠶᠡᠨ ᠤ ᠢᠷᠦᠭᠡᠯ ᠪᠠᠶᠢᠭᠰᠠᠨ ᠠᠴᠠ ᠬᠤᠶᠠᠭᠤᠯᠠ ᠪᠠᠨ ᠠᠭᠤᠯᠵᠠᠬᠤ ᠨᠢ ᠡᠨᠡ ᠦᠦ ᠳ᠋ᠠ᠃ ︵ᠬᠤᠷᠯᠤᠮ᠎ᠠ ᠶᠦᠨᠳᠡᠩ ᠢ ᠭᠡᠷ ᠲᠡᠭᠡᠨ ᠤᠷᠤᠭᠤᠯᠵᠤ ᠡᠭᠦᠳᠡ ᠪᠠᠨ ᠬᠠᠭᠠᠭᠠᠳ ᠡᠷᠭᠢᠵᠦ ᠬᠠᠶᠠᠭᠠᠨ ᠳᠤ ᠲᠠᠯᠪᠢᠭᠰᠠᠨ ᠪᠤᠭᠴᠤ ᠲᠠᠢ ᠶᠠᠭᠤᠮ᠎ᠠ ᠶᠢ ᠠᠪᠴᠤ ᠭᠡᠷ ᠤᠨ ᠡᠭᠦᠳᠡ ᠶᠢ ᠨᠡᠭᠡᠭᠡᠵᠦ ᠳᠠᠭᠤᠯᠠᠨ᠎ᠠ︶ ᠬᠤᠷᠯᠤᠮ᠎ᠠ᠄ ᠤᠳᠤ ᠮᠢᠨᠦ ᠪᠤᠯᠤᠯ᠎ᠠ᠃ ᠤᠨᠴᠠ ᠵᠢᠷᠭᠠᠯ ᠢᠷᠡᠯ᠎ᠡ᠃ ︵ᠭᠡᠷ ᠲᠡᠭᠡᠨ ᠤᠷᠤᠨ᠎ᠠ︶       ᠬᠦᠰᠢᠭᠡ       ᠳᠦᠷᠪᠡᠳᠦᠭᠡᠷ ᠦᠵᠡᠭᠳᠡᠯ       ᠲᠠᠶᠢᠰᠠᠨ ᠤ ᠪᠠᠶᠢᠳᠠᠯ ᠨᠢ᠄ ᠬᠡᠷᠡᠮ ᠬᠠᠰᠢᠶ᠎ᠠ ᠲᠠᠢ᠂ ᠰᠦᠮ᠎ᠡ ᠶᠢᠨ ᠪᠠᠶᠢᠳᠠᠯ ᠲᠠᠢ ᠳᠠᠪᠬᠤᠷ ᠪᠠᠶᠢᠰᠢᠩ ᠪᠠᠶᠢᠨ᠎ᠠ᠃ ᠬᠡᠷᠡᠮ ᠤᠨ ᠳᠡᠭᠡᠭᠦᠷ ᠰᠦᠮ᠎ᠡ ᠶᠢᠨ ᠤᠷᠤᠢ ᠴᠤᠬᠤᠶᠢᠨ ᠬᠠᠷᠠᠭᠳᠠᠬᠤ ᠪᠠ ᠬᠡᠷᠡᠮ ᠤᠨ ᠬᠠᠭᠠᠯᠭᠠᠨ ᠤ ᠪᠠᠷᠠᠭᠤᠨ ᠲᠠᠯ᠎ᠠ ᠳᠤ ᠲᠤᠮᠤ ᠠᠯᠲᠠᠨ ᠠᠷᠰᠯᠠᠨ ᠪᠠᠶᠢᠬᠤ ᠪᠠ ᠲᠡᠷᠭᠡᠳᠡ ᠨᠢ ᠰᠢᠷ᠎ᠠ᠂ ᠴᠠᠭᠠᠨ᠂ ᠬᠦᠬᠡ ᠦᠩᠭᠡ ᠶᠢᠨ ᠭᠤᠷᠪᠠᠯᠵᠢᠨ ᠲᠤᠭ ᠪᠠᠶᠢᠨ᠎ᠠ᠂ ᠮᠦᠨ ᠬᠠᠨᠳᠠᠭᠠᠵᠠ ᠲᠠᠢ᠂ ᠫᠤᠤ ᠪᠠᠷᠢᠭᠰᠠᠨ ᠮᠠᠨᠠᠭᠠᠴᠢ ᠨᠠᠷ ᠢᠨᠠᠭᠰᠢ ᠴᠢᠨᠠᠭᠰᠢ ᠪᠠᠨ ᠵᠦᠷᠢᠨ ᠶᠠᠪᠤᠨ᠎ᠠ᠃ ᠭᠡᠲᠡᠯ᠎ᠡ ᠪᠠᠯᠭᠠᠨ ᠨᠤᠶᠠᠨ ᠤ ᠬᠤᠷᠢᠮ ᠳᠤ ᠢᠷᠡᠵᠦ ᠪᠠᠶᠢᠭ᠎ᠠ ᠯᠠᠮ᠎ᠠ ᠨᠠᠷ᠂ ᠨᠤᠶᠠᠳ᠂ ᠬᠠᠲᠤᠳ᠂ ᠫᠦᠰᠡᠨ ᠤ ᠳ᠋ᠠᠩᠵᠢᠶᠠᠳ ᠵᠡᠷᠭᠡ ᠤᠯᠠᠨ ᠬᠦᠮᠦᠨ ᠪᠡᠯᠡᠭ ᠤᠨ ᠵᠦᠢᠯᠡᠰ ᠢ ᠠᠪᠴᠢᠷᠠᠵᠤ ᠳᠠᠭᠤᠯᠠᠨ᠎ᠠ᠃ ︵ᠾᠤᠷ︶ ᠰᠠᠷᠠᠭᠤᠯ ᠠᠭᠤᠳᠠᠮ ᠤᠷᠳᠤᠨ ᠳᠤ ᠰᠠᠳᠤᠨ ᠨᠦᠬᠦᠳ ᠨᠢ ᠴᠤᠭᠯᠠᠷᠠᠵᠤ ᠰᠠᠶᠢᠬᠠᠨ ᠬᠠᠲᠤᠨ ᠢ ᠠᠪᠤᠭᠰᠠᠨ ᠳᠤ ᠰᠠᠭᠠᠲᠠᠵᠤ ᠬᠤᠷᠢᠮ ᠢ ᠬᠢᠨ᠎ᠡ ᠳ᠋ᠡ᠃ ᠠᠯᠳᠠᠷᠲᠤ ᠨᠤᠶᠠᠨ ᠤ ᠬᠤᠷᠢᠮ ᠳᠤ ᠠᠶᠢᠯᠴᠢᠨ ᠤᠯᠠᠨ ᠢᠶᠠᠷ ᠢᠷᠡᠵᠦ ᠠᠶᠢᠷᠠᠭ ᠠᠷᠢᠬᠢ ᠶᠢ ᠤᠤᠭᠤᠵᠤ ᠠᠮᠲᠠᠲᠠᠢ ᠰᠠᠶᠢᠬᠠᠨ ᠵᠢᠷᠭᠠᠶ᠎ᠠ᠃ ᠠᠭᠤᠯᠠ ᠰᠢᠭ᠋ ᠠᠷᠪᠢᠨ ᠢᠳᠡᠭᠡ ᠤᠰᠤ ᠰᠢᠭ᠋ ᠡᠯᠪᠡᠭ ᠠᠷᠢᠬᠢ ᠶᠢ ᠤᠭᠰᠠᠭ᠎ᠠ ᠳᠡᠭᠡᠳᠦ ᠶᠢᠨ ᠬᠦᠮᠦᠰ ᠤᠤᠭᠤᠵᠤ ᠢᠳᠡᠨ ᠴᠡᠩᠭᠡᠶ᠎ᠡ᠃ ︵ᠨᠡᠶᠢᠲᠡ ᠪᠠᠷ ᠢᠶᠠᠨ ᠡᠷᠭᠢᠨ ᠲᠤᠭᠤᠷᠢᠵᠤ ᠳᠠᠬᠢᠨ ᠳᠠᠭᠤᠯᠠᠯ᠎ᠠ︶ ︵ᠾᠤᠷ︶ ᠰᠠᠷᠠᠭᠤᠯ ᠠᠭᠤᠳᠠᠮ ᠤᠷᠳᠤᠨ ᠳᠠᠭᠠᠨ ᠰᠠᠳᠤᠨ ᠨᠦᠬᠦᠳ ᠤᠳ ᠨᠢ ᠴᠤᠭᠯᠠᠷᠠᠵᠤ ᠰᠠᠶᠢᠬᠠᠨ ᠬᠠᠲᠤᠨ ᠢ ᠠᠪᠤᠭᠰᠠᠨ ᠳᠤ ᠰᠠᠭᠠᠲᠠᠵᠤ ᠬᠤᠷᠢᠮ ᠢ ᠬᠢᠵᠡᠭᠡᠶ᠎ᠡ᠃ ︵ᠲᠡᠨᠳᠡ ᠬᠦᠮᠦᠰ ᠤᠷᠳᠤᠨ ᠤ ᠬᠠᠭᠠᠯᠭ᠎ᠠ ᠪᠠᠷ ᠴᠤᠪᠤᠷᠠᠨ ᠤᠷᠤᠵᠠᠭᠠᠨ᠎ᠠ᠃ ᠭᠡᠲᠡᠯ᠎ᠡ ᠬᠤᠶᠠᠷ ᠡᠬᠡᠨᠡᠷ ᠨᠠᠩᠰᠠᠯᠮ᠎ᠠ ᠶᠢ ᠠᠪᠴᠢᠷᠠᠨ᠎ᠠ︶ ᠨᠠᠩᠰᠠᠯᠮ᠎ᠠ᠄ ᠬᠦᠰᠡᠭᠰᠡᠨ ᠬᠦᠮᠦᠨ ᠮᠢᠨᠢ ᠢᠷᠡᠬᠦ ᠦᠭᠡᠢ ᠬᠦᠷᠴᠦ ᠢᠷᠡᠬᠦ ᠰᠤᠷᠠᠭ ᠦᠭᠡᠢ᠃ ᠬᠤᠶᠢᠨ᠎ᠠ ᠠᠴᠠ ᠴᠢᠨᠢ ᠤᠴᠢᠬᠤ ᠴᠢᠳᠠᠯ ᠦᠭᠡᠢ ᠬᠤᠤᠷᠲᠠᠨ ᠤ ᠭᠠᠷ ᠲᠤ ᠤᠷᠤᠯ᠎ᠠ᠃ ︵ᠭᠡᠲᠡᠯ᠎ᠡ ᠤᠷᠳᠤᠨ ᠤ ᠬᠠᠭᠠᠯᠭ᠎ᠠ ᠪᠠᠷ ᠤᠯᠠᠨ ᠬᠠᠲᠤᠳ ᠭᠠᠷᠴᠤ ᠢᠷᠡᠨ ᠳᠠᠭᠤᠯᠠᠨ᠎ᠠ︶ ︵ᠾᠤᠷ︶ ᠬᠠᠳᠠᠮ ᠳᠤ ᠤᠴᠢᠳᠠᠭ ᠨᠠᠰᠤ ᠰᠢᠦ ᠬᠠᠶᠢᠯᠠᠵᠤ ᠤᠭᠢᠯᠠᠭᠠᠳ ᠶᠠᠭᠠᠬᠢᠬᠤ ᠪᠤᠢ᠃ ᠬᠠᠭᠠᠨ ᠬᠦᠮᠦᠨ ᠤ ᠦᠷ᠎ᠡ ᠰᠢᠦ ᠳ᠋ᠠ ᠬᠠᠲᠤᠨ ᠪᠤᠯᠳᠠᠭ ᠨᠢ ᠲᠠ ᠰᠢᠦ᠃ ᠰᠠᠶᠢᠨ ᠬᠦᠮᠦᠨ ᠤ ᠦᠷ᠎ᠡ ᠰᠢᠦ ᠳ᠋ᠠᠰᠠᠶᠢᠬᠠᠨ ᠲᠦᠷᠦᠭᠰᠡᠨ ᠡᠷ᠎ᠡ ᠰᠢᠦ ᠳ᠋ᠠ᠃ ᠰᠠᠨᠠᠭ᠎ᠠ ᠰᠡᠳᠬᠢᠯ ᠬᠤᠶᠠᠷ ᠨᠢ ᠭᠠᠭᠴᠠ ᠬᠦ ᠴᠢᠮ᠎ᠠ ᠳᠡᠭᠡᠷ᠎ᠡ ᠪᠤᠯᠤᠭᠰᠠᠨ ᠶᠤᠮ ᠰᠢᠦ᠃ ᠵᠦᠪ ᠬᠠᠷᠠᠵᠤ ᠢᠨᠢᠶᠡᠭᠡᠷᠡᠢ ᠪᠤᠷᠤᠭᠤ ᠬᠠᠷᠠᠵᠤ ᠤᠭᠢᠯᠠᠭᠠᠷᠠᠢ᠃ ᠡᠷ᠎ᠡ ᠳᠤ ᠤᠴᠢᠨ᠎ᠠ ᠭᠡᠳᠡᠭ ᠴᠢᠨᠢ ᠡᠨᠡ ᠨᠠᠰᠤᠨ ᠤ ᠵᠢᠷᠭᠠᠯ ᠰᠢᠦ᠃ ᠤᠭᠰᠠᠭᠠᠲᠤ ᠬᠦᠮᠦᠨ ᠤ ᠦᠷ᠎ᠡ ᠰᠢᠦ ᠤᠷᠢᠳᠦ ᠠᠴᠠ ᠴᠢᠮᠠᠶᠢ ᠬᠦᠰᠡᠭᠰᠡᠨ ᠶᠤᠮ᠃ ᠤᠴᠠᠷᠠᠭᠰᠠᠨ ᠨᠦᠬᠦᠷ ᠢᠶᠠᠨ ᠭᠡᠪᠡᠯ ᠤᠬᠠᠭᠠᠨ ᠰᠠᠨᠠᠭᠠᠨ ᠳᠠᠭᠠᠨ ᠪᠤᠳᠤᠭᠠᠷᠠᠢ᠃ ︵ᠬᠠᠲᠤᠳ ᠤᠳ ᠨᠠᠩᠰᠠᠯᠮ᠎ᠠ ᠶᠢ ᠬᠠᠭᠠᠯᠭ᠎ᠠ ᠪᠠᠷ ᠤᠷᠤᠭᠤᠯᠵᠤ᠂ ᠳᠠᠷᠠᠭ᠎ᠠ ᠪᠠᠷ ᠨᠢ ᠦᠪᠡᠷᠰᠡᠳ ᠢᠶᠠᠨ ᠴᠤᠪᠤᠷᠠᠨ ᠤᠷᠤᠯ᠎ᠠ᠃ ᠭᠡᠲᠡᠯ᠎ᠡ ᠶᠦᠨᠳᠡᠩ ᠬᠡᠷᠡᠮ ᠤᠨ ᠬᠠᠭᠠᠯᠭᠠᠨ ᠳᠡᠭᠡᠭᠦᠷ ᠳᠠᠪᠠᠵᠤ ᠮᠠᠨᠠᠭᠠᠴᠢ ᠨᠠᠷ ᠤᠨ ᠤᠨᠲᠠᠭᠰᠠᠨ ᠢ ᠮᠡᠳᠡᠵᠦ ᠬᠠᠷᠠᠭᠠᠳ ᠪᠠᠭᠤᠵᠤ ᠢᠷᠡᠨ᠎ᠡ︶ ᠶᠦᠨᠳᠡᠩ᠄ ᠠᠶᠠᠨ ᠠᠴᠠ ᠪᠤᠴᠠᠭᠠᠳ ᠢᠷᠡᠬᠦ ᠳᠤ ᠠᠮᠠᠷᠠᠭ ᠬᠦᠦ ᠮᠢᠨᠢ ᠦᠭᠡᠶ᠎ᠡ᠃ ᠠᠬ᠎ᠠ ᠳᠡᠭᠦᠦ ᠠᠴᠠ ᠨᠢ ᠰᠤᠨᠤᠰᠪᠠᠯ ᠠᠮᠠᠷᠠᠭ ᠤᠨ ᠰᠡᠳᠬᠢᠯ ᠬᠤᠪᠢᠷᠠᠭᠰᠠᠨ ᠭᠡᠨ᠎ᠡ᠃ ᠦᠨᠡᠨ ᠰᠡᠳᠬᠢᠯ ᠬᠤᠪᠢᠷᠠᠭᠰᠠᠨ ᠪᠤᠯ ᠦᠭᠡ ᠶᠢ ᠨᠢ ᠠᠰᠠᠭᠤᠭᠠᠳ ᠮᠡᠳᠡᠬᠦ ᠶᠤᠮᠰᠠᠨ᠃ ᠬᠦᠮᠦᠨ ᠳᠤ ᠬᠡᠷᠪᠡ ᠳᠠᠷᠤᠯᠠᠭᠳᠠᠭᠰᠠᠨ ᠪᠤᠯ ᠬᠦᠴᠦ ᠴᠢᠳᠠᠯ ᠢᠶᠠᠷ ᠲᠡᠮᠡᠴᠡᠬᠦ ᠶᠤᠮᠰᠠᠨ᠃ ᠠᠯᠠᠭ ᠨᠢᠳᠦᠨ ᠤ ᠨᠢᠯᠪᠤᠰᠤ ᠶᠢ ᠠᠷᠴᠢᠨ ᠪᠠᠶᠢᠵᠤ ᠰᠠᠯᠤᠭᠰᠠᠨ ᠶᠤᠮᠰᠠᠨ᠃ ᠠᠭᠠᠰᠢ ᠵᠠᠩ ᠨᠢ ᠬᠤᠪᠢᠷᠠᠭᠰᠠᠨ ᠪᠤᠯ ᠠᠯᠢᠪᠠ ᠤᠴᠢᠷ ᠢ ᠮᠡᠳᠡᠬᠦ ᠶᠤᠮᠰᠠᠨ᠃ ᠬᠤᠯᠠ ᠭᠠᠵᠠᠷ ᠶᠠᠪᠤᠬᠤ ᠳᠤ ᠬᠦᠢᠲᠡᠨ ᠬᠠᠯᠠᠭᠤᠨ ᠳᠤ ᠵᠦᠳᠡᠷᠡᠭᠰᠡᠨ ᠶᠤᠮᠰᠠᠨ᠃ ᠬᠤᠷᠢᠮ ᠨᠠᠶᠢᠷ ᠢ ᠬᠢᠭᠡᠳ ᠬᠦᠦ ᠲᠠᠢ ᠪᠠᠨ ᠵᠢᠷᠭᠠᠬᠤ ᠶᠢ ᠪᠤᠳᠤᠭᠰᠠᠨ ᠶᠤᠮ᠃ ᠬᠤᠤᠰ ᠦᠭᠡᠢ ᠬᠤᠶᠠᠷ ᠠᠮᠠᠷᠠᠭ ᠬᠤᠯᠠᠳᠴᠤ ᠰᠠᠯᠬᠤ ᠶᠢᠨ ᠤᠴᠢᠷ ᠦᠭᠡᠢ᠂ ᠬᠤᠪᠢ ᠵᠠᠶᠠᠭ᠎ᠠ ᠮᠢᠨᠢ ᠲᠤᠲᠠᠭᠤ ᠳᠤ ᠡᠶᠢᠮᠦ ᠬᠡᠷᠡᠭ ᠪᠤᠯᠤᠯ᠎ᠠ ᠳ᠋ᠠ᠃ ︵ᠭᠡᠲᠡᠯ᠎ᠡ ᠪᠠᠶᠢᠰᠢᠩ ᠤᠨ ᠳᠠᠪᠬᠤᠷ ᠤᠨ ᠬᠠᠭᠠᠯᠭᠠᠨ ᠤ ᠳᠡᠷᠭᠡᠳᠡ ᠨᠠᠩᠰᠠᠯᠮ᠎ᠠ ᠢᠯᠡ ᠭᠠᠷᠴᠤ ᠳᠠᠭᠤᠯᠠᠨ᠎ᠠ︶ ᠨᠠᠩᠰᠠᠯᠮ᠎ᠠ᠄ ᠪᠠᠯᠠᠮᠠᠳ ᠨᠤᠶᠠᠨ ᠪᠠᠯᠭᠠᠨ ᠳᠤ ᠪᠠᠷᠢᠭᠳᠠᠭᠠᠳ ᠪᠠᠶᠢᠨ᠎ᠠ ᠪᠢ ᠴᠢᠨᠢ᠂ ᠲᠤᠤᠷ ᠲᠤ ᠤᠷᠤᠭᠰᠠᠨ ᠪᠤᠯᠵᠤᠮᠤᠷ ᠰᠢᠭ᠋ ᠤᠳᠤ ᠪᠢ ᠶᠠᠭᠠᠬᠢᠬᠤ ᠪᠢᠯᠡ︖ ᠬᠤᠶᠠᠷ ᠰᠠᠷ᠎ᠠ ᠪᠤᠯᠤᠯ᠎ᠠ ᠳ᠋ᠠ ᠬᠤᠩᠭᠤᠷ ᠬᠦᠦ ᠮᠢᠨᠢ ᠶᠠᠭᠠᠬᠢᠪᠠ ᠳ᠋ᠠ︖ ᠬᠦᠮᠦᠨ ᠤ ᠭᠠᠷ ᠲᠤ ᠤᠷᠤᠯ᠎ᠠ ᠰᠢᠦᠬᠤᠷᠳᠤᠨ ᠢᠷᠡᠵᠦ ᠠᠪᠤᠭᠠᠰᠠᠢ᠃ ᠶᠦᠨᠳᠡᠩ ︵ᠠᠩᠬᠠᠷᠤᠨ ᠤᠶᠢᠷᠠᠳᠤᠵᠤ︶᠄ ᠠᠯᠠᠭ᠎ᠠ ᠪᠤᠯᠤᠭᠠᠳ ᠤᠯᠳᠠᠬᠤ ᠦᠭᠡᠢ ᠳᠤ ᠴᠢᠨᠢ ᠠᠷᠭ᠎ᠠ ᠲᠠᠰᠤᠷᠠᠵᠤ ᠶᠠᠪᠤᠯ᠎ᠠ ᠪᠢ᠃ ᠠᠮᠠᠷᠠᠭ ᠬᠦᠦ ᠮᠢᠨᠢ ᠮᠦᠨ ᠪᠤᠯ ᠠᠯᠢᠪᠠ ᠤᠴᠢᠷ ᠢᠶᠠᠨ ᠬᠡᠯᠡᠨ᠎ᠡ ᠦᠦ︖ ᠬᠠᠷᠢ ᠶᠢᠨ ᠡᠲᠡᠭᠡᠳ ᠵᠤᠪᠠᠭᠠᠭᠰᠠᠨ ᠪᠤᠯ ᠬᠠᠮᠠᠭᠠᠯᠠᠵᠤ ᠠᠪᠤᠷᠠᠵᠤ ᠴᠢᠳᠠᠨ᠎ᠠ ᠪᠢ᠃ ᠬᠠᠶᠢᠷᠠᠲᠠᠢ ᠰᠡᠳᠬᠢᠯ ᠴᠢᠨᠢ ᠬᠡᠪ ᠢᠶᠠᠷ ᠢᠶᠠᠨ ᠪᠤᠯ ᠬᠠᠳᠠ ᠴᠢᠯᠠᠭᠤ ᠶᠢ ᠴᠦ ᠬᠠᠭᠠᠯᠤᠨ᠎ᠠ᠃ ᠨᠠᠩᠰᠠᠯᠮ᠎ᠠ᠄ ᠡᠷᠭᠢᠵᠦ ᠢᠷᠡᠬᠦ ᠦᠭᠡᠢ ᠪᠤᠯᠬᠤᠷ ᠴᠢᠨᠢ ᠡᠯᠳᠡᠪ ᠤᠨ ᠶᠠᠭᠤᠮ᠎ᠠ ᠶᠢ ᠪᠤᠳᠤᠯ᠎ᠠ᠃ ᠡᠨᠡᠯᠵᠤ ᠰᠢᠨᠠᠯᠵᠤ ᠬᠠᠪᠴᠢᠭᠳᠠᠭᠰᠠᠭᠠᠷ ᠠᠳᠡ ᠪᠠᠷᠢᠭᠳᠠᠭᠠᠳ ᠪᠠᠶᠢᠨ᠎ᠠ᠃ ᠴᠢᠨ᠋ᠸ᠎ᠠ ᠶᠢᠨ ᠠᠮᠠᠨ ᠠᠴᠠ ᠭᠠᠷᠬᠤ ᠶᠢ ᠴᠢ ᠮᠢᠨᠢ ᠮᠡᠳᠡᠬᠦ ᠬᠡᠷᠡᠭᠲᠡᠢ ᠰᠢᠦ᠃ ᠬᠦᠰᠡᠯᠲᠦ ᠰᠡᠳᠬᠢᠯ ᠴᠢᠮ᠎ᠠ ᠳᠡᠭᠡᠷ᠎ᠡ ᠬᠦᠢᠲᠡᠨ ᠬᠠᠯᠠᠭᠤᠨ ᠢ ᠴᠦ ᠳᠠᠭᠠᠭᠠᠨ᠎ᠠ᠃ ᠶᠦᠨᠳᠡᠩ᠄ ᠬᠤᠶᠠᠷ ᠪᠡᠶ᠎ᠡ ᠮᠢᠨᠢ ᠤᠴᠠᠷᠠᠯ᠎ᠠ ᠬᠤᠶᠢᠰᠢᠳᠠ ᠶᠢᠨ ᠵᠤᠪᠠᠯᠠᠩ ᠭᠠᠶᠢᠭᠤᠢ ᠪᠢᠵᠡ᠃ ᠡᠨᠡ ᠤᠴᠠᠷᠠᠭᠰᠠᠨ ᠰᠠᠭᠠᠳ ᠢ ᠡᠷ᠎ᠡ ᠴᠢᠳᠠᠯ ᠢᠶᠠᠷ ᠳᠠᠪᠠᠶ᠎ᠠ᠃ ᠠᠮᠠᠷᠠᠭ ᠰᠡᠳᠬᠢᠯ ᠪᠠᠶᠢᠪᠠᠯ ᠠᠭᠤᠰᠬᠢ ᠵᠢᠷᠦᠬᠡ ᠨᠢᠭᠡ ᠰᠢᠦ ᠳ᠋ᠠ᠃ ᠠᠭᠤᠵᠢᠮ ᠲᠠᠶᠢᠪᠤᠩ ᠪᠠᠶᠢᠭᠠᠳ ᠤᠷᠤᠭ ᠤᠨ ᠬᠡᠷᠡᠭ ᠢ ᠭᠦᠢᠴᠡᠳᠬᠡᠶ᠎ᠡ᠃ ︵ᠶᠦᠨᠳᠡᠩ ᠨᠠᠩᠰᠠᠯᠮ᠎ᠠ ᠬᠤᠶᠠᠭᠤᠯᠠ ᠪᠠᠨ ᠳᠠᠭᠤᠯᠠᠬᠤ ᠨᠢ︶ ︵ᠳ᠋ᠦᠨ᠋ᠧᠲ︶ ᠨᠡᠶᠢᠯᠡᠭᠰᠡᠨ ᠬᠤᠶᠠᠷ ᠰᠡᠳᠬᠢᠯ ᠮᠢᠩᠭᠠᠨ ᠯᠠᠩ ᠤᠨ ᠠᠯᠲᠠ ᠰᠢᠭ᠋ ᠵᠠᠢ ᠦᠭᠡᠢ ᠬᠠᠲᠠᠭᠤ ᠨᠢᠭᠲᠠ ᠳᠤ ᠵᠡᠭᠦᠦ ᠶᠢᠨ ᠦᠵᠦᠭᠦᠷ ᠤᠷᠤᠬᠤ ᠦᠭᠡᠢ᠃ ᠠᠯᠲᠠᠨ ᠨᠠᠷᠠᠨ ᠮᠠᠨᠳᠤᠬᠤ ᠳᠤ ᠠᠭᠠᠷ ᠲᠡᠭᠷᠢ ᠶᠢᠨ ᠳ᠋ᠧᠩᠯᠦ᠃ ᠠᠮᠠᠷᠠᠭ ᠬᠤᠩᠭᠤᠷ ᠬᠦᠦ ᠮᠢᠨᠢ ᠶᠤᠰᠤ ᠲᠠᠢ ᠮᠢᠨᠦ ᠳ᠋ᠧᠩᠯᠦ᠃ ᠶᠦᠨᠳᠡᠩ᠄ ᠦᠢᠮᠡᠬᠦ ᠬᠤᠷᠢᠮ ᠤᠨ ᠵᠠᠪᠰᠠᠷ ᠦᠳᠡᠰᠢ ᠪᠦᠷᠦᠩᠭᠦᠢ ᠶᠢᠨ ᠦᠶ᠎ᠡ ᠦᠶ᠎ᠡ ᠶᠢᠨ ᠬᠡᠳᠦᠨ ᠨᠦᠬᠦᠳ ᠲᠠᠢ ᠦᠨᠡᠨᠴᠢ ᠬᠦᠦ ᠴᠢᠨᠢ ᠢᠷᠡᠨ᠎ᠡ᠃ ︵ᠶᠦᠨᠳᠡᠩ ᠭᠠᠷᠴᠤ ᠶᠠᠪᠤᠨ᠎ᠠ᠃ ᠲᠠᠯ᠎ᠠ ᠲᠠᠯ᠎ᠠ ᠠᠴᠠ ᠬᠦᠮᠦᠰ ᠴᠤᠭᠯᠠᠷᠠᠬᠤ ᠪᠠ ᠬᠤᠷᠯᠤᠮ᠎ᠠ ᠪᠠᠯᠭᠠᠨ ᠢ ᠪᠢᠯᠳᠠᠤᠴᠢᠯᠠᠨ ᠳᠠᠭᠤᠯᠠᠨ᠎ᠠ︶ᠬᠤᠷᠯᠤᠮ᠎ᠠ᠄ ᠬᠠᠭᠠᠨ ᠢᠵᠠᠭᠤᠷᠲᠤ ᠨᠤᠶᠠᠨ ᠲᠠ ᠬᠠᠮᠤᠭ ᠤᠯᠠᠨ ᠢ ᠴᠤᠭᠯᠠᠭᠠᠭᠠᠳ ᠬᠠᠶᠢᠷ᠎ᠠ ᠦᠷᠦᠰᠢᠶᠡᠯᠲᠦ ᠬᠤᠷᠢᠮ ᠢᠶᠠᠨ ᠬᠠᠨᠲᠠᠯ᠎ᠠ ᠪᠠᠨ ᠬᠢᠬᠦ ᠪᠠᠷ ᠪᠡᠯᠡᠳᠬᠡᠵᠡᠢ᠃ ᠭᠡᠲᠡᠯ᠎ᠡ ᠲᠠᠨ ᠤ ᠬᠠᠲᠤᠨ ᠴᠢᠨᠢ ᠭᠡᠨᠡᠳᠲᠡ ᠤᠷᠭᠤᠬᠤ ᠪᠠᠷ ᠰᠢᠢᠳᠦᠯ᠎ᠡ᠃ ᠰᠠᠶ᠋ᠢᠬᠠᠨ ᠪᠢ ᠢᠷᠡᠭᠡᠳ ᠰᠠᠶᠢᠬᠠᠨ ᠮᠡᠳᠡᠭᠡᠳ ᠠᠪᠤᠯ᠎ᠠ ᠳ᠋ᠠ᠃ ᠶᠦᠨᠳᠡᠩ ᠭᠡᠳᠡᠭ ᠬᠦᠮᠦᠨ ᠨᠦᠬᠦᠳ ᠤᠨ ᠬᠠᠮᠲᠤ ᠪᠠᠷ ᠢᠷᠡᠭᠡᠳ ᠦᠳᠡᠰᠢ ᠲᠡᠭᠦᠨ ᠢ ᠤᠷᠭᠤᠭᠤᠯᠬᠤ ᠪᠠᠷ ᠴᠤᠩᠬᠤ ᠪᠠᠷ ᠬᠡᠯᠡᠯᠴᠡᠭᠡᠳ ᠲᠤᠭᠲᠠᠯ᠎ᠠ᠃ ︵ᠬᠤᠷᠯᠤᠮ᠎ᠠ ᠶᠠᠪᠤᠵᠤ ᠤᠳᠤᠨ᠎ᠠ᠃ ᠪᠠᠯᠭᠠᠨ ᠳᠠᠭᠠᠭᠤᠯ ᠤᠳ ᠢᠶᠠᠨ ᠠᠪᠴᠢᠷᠠᠵᠤ ᠪᠤᠯᠤᠩ ᠲᠤᠬᠤᠢ ᠨᠤᠭᠤᠳ ᠲᠤ ᠨᠢᠭᠤᠵᠤ ᠬᠡᠪᠲᠡᠭᠦᠯᠦᠨ᠎ᠡ᠃ ᠶᠦᠨᠳᠡᠩ ᠨᠦᠬᠦᠳ ᠤᠨ ᠢᠶᠠᠨ ᠬᠠᠮᠲᠤ ᠢᠷᠡᠵᠦ ᠨᠠᠩᠰᠠᠯᠮ᠎ᠠ ᠶᠢ ᠤᠷᠭᠤᠭᠤᠯᠬᠤ ᠪᠠᠷ ᠵᠠᠪᠳᠤᠲᠠᠯ᠎ᠠ ᠪᠠᠯᠭᠠᠨ ᠪᠠ ᠵᠠᠷᠤᠴᠠ ᠨᠠᠷ ᠨᠢ ᠵᠦᠭ ᠪᠦᠬᠦᠨ ᠠᠴᠠ ᠪᠤᠰᠴᠤ ᠢᠷᠡᠨ᠎ᠡ︶ ᠪᠠᠯᠭᠠᠨ᠄ ᠬᠠᠭᠠᠨ ᠲᠦᠷᠦ ᠳᠤ ᠳᠡᠷᠰᠯᠡᠭᠰᠡᠨ ᠬᠠᠷᠠᠴᠤ ᠪᠤᠭᠤᠯ ᠢ ᠪᠠᠷᠢᠭᠠᠳ ᠠᠪ᠃ ᠬᠠᠷᠠᠩᠭᠤᠢ ᠭᠢᠨᠳᠠᠨ ᠳᠤ ᠲᠦᠭᠵᠢᠭᠡᠳ ᠬᠠᠲᠠᠲᠠᠯ᠎ᠠ ᠨᠢ ᠬᠤᠷᠢᠵᠤ ᠰᠢᠢᠳᠬᠡ ᠬᠦ᠋᠃ ︵ᠵᠠᠷᠤᠴᠠ ᠨᠠᠷ ᠶᠦᠨᠳᠡᠩ ᠲᠠᠢ ᠨᠤᠴᠤᠯᠳᠤᠵᠤ ᠶᠦᠨᠳᠡᠩ ᠢ ᠱᠤᠷᠤᠩ ᠳᠤ ᠬᠢᠨ᠎ᠡ᠃ ᠨᠠᠩᠰᠠᠯᠮ᠎ᠠ ᠲᠡᠭᠦᠨ ᠢ ᠬᠠᠷᠠᠵᠤ ᠤᠬᠠᠭᠠᠨ ᠪᠠᠯᠠᠷᠳᠤᠨ ᠳᠠᠯᠳᠠ ᠤᠷᠤᠨ᠎ᠠ᠃ ᠪᠠᠯᠭᠠᠨ ᠵᠠᠷᠤᠴᠠ ᠨᠠᠷ ᠤᠨ ᠬᠠᠮᠲᠤ ᠶᠠᠪᠤᠨ᠎ᠠ᠃ ᠬᠤᠶᠠᠷ ᠵᠠᠷᠤᠴᠠ ᠦᠯᠡᠳᠡᠵᠦ ᠠᠶᠢᠷᠠᠭ ᠠᠷᠢᠬᠢ ᠶᠢ ᠰᠤᠭᠲᠤᠲᠠᠯ᠎ᠠ ᠪᠠᠨ ᠤᠤᠭᠤᠨ᠎ᠠ᠃ ᠭᠡᠲᠡᠯ᠎ᠡ ᠬᠤᠷᠯᠤᠮ᠎ᠠ ᠪᠠᠶᠢᠰᠢᠩ ᠤᠨ ᠬᠠᠭᠠᠯᠭ᠎ᠠ ᠪᠠᠷ ᠰᠤᠭᠲᠤᠭᠤ ᠭᠠᠷᠴᠤ ᠢᠷᠡᠭᠡᠳ ᠡᠪᠦᠭᠡᠨ ᠤ ᠠᠶᠢᠷᠠᠭ ᠢ ᠠᠪᠴᠤ ᠤᠤᠭᠤᠬᠤ ᠶᠢᠨ ᠢᠶᠠᠨ ᠵᠡᠷᠭᠡᠴᠡᠭᠡ ᠪᠠᠷ ᠠᠶᠢᠷᠠᠭ ᠲᠤ ᠬᠤᠤᠷ᠎ᠠ ᠬᠢᠨ᠎ᠡ᠃ ᠲᠡᠭᠦᠨ ᠢ ᠵᠠᠷᠤᠴᠠ ᠡᠪᠦᠭᠡᠨ ᠮᠡᠳᠡᠭᠰᠡᠨ ᠦᠭᠡᠢ ᠤᠤᠭᠤᠵᠤ ᠬᠤᠷᠯᠤᠮ᠎ᠠ ᠶᠠᠪᠤᠵᠤ ᠳᠠᠯᠳᠠ ᠤᠷᠤᠨ᠎ᠠ᠃ ᠵᠠᠷᠤᠴᠠ ᠡᠪᠦᠭᠡᠨ ᠦᠬᠦᠭᠰᠡᠨ ᠤ ᠳᠠᠷᠠᠭ᠎ᠠ ᠬᠤᠷᠯᠤᠮ᠎ᠠ ᠢᠷᠡᠵᠦ ᠡᠪᠦᠷ ᠠᠴᠠ ᠨᠢ ᠱᠤᠷᠤᠩ ᠤᠨ ᠳᠦᠯᠬᠢᠭᠦᠷ ᠢ ᠠᠪᠴᠤ ᠶᠦᠨᠳᠡᠩ ᠪᠠ ᠪᠤᠰᠤᠳ ᠬᠦᠮᠦᠰ ᠢ ᠰᠤᠯᠠᠯᠠᠨ ᠭᠠᠷᠭᠠᠨ᠎ᠠ᠃ ᠶᠦᠨᠳᠡᠩ ᠡᠪᠦᠭᠡᠨ ᠢ ᠵᠠᠶᠢᠯᠠᠭᠤᠯᠬᠤ ᠵᠠᠪᠰᠠᠷ᠂ ᠬᠤᠷᠯᠤᠮ᠎ᠠ ᠶᠦᠨᠳᠡᠩ ᠢ ᠪᠠᠷᠢᠵᠤ ᠳᠠᠭᠤᠯᠠᠨ᠎ᠠ︶ ᠬᠤᠷᠯᠤᠮ᠎ᠠ᠄ ᠬᠠᠰ ᠤᠨ ᠴᠢᠯᠠᠭᠤ ᠶᠢ ᠬᠠᠭᠠᠯᠪᠠᠯ ᠬᠠᠮᠤᠭ ᠦᠨ᠎ᠡ ᠪᠠᠨ ᠠᠯᠳᠠᠳᠠᠭ ᠶᠤᠮ᠃ ᠬᠠᠶᠢᠷᠠᠯᠠᠭᠰᠠᠨ ᠬᠦᠮᠦᠨ ᠢ ᠢᠲᠡᠭᠡᠬᠦ ᠦᠭᠡᠢ ᠪᠤᠯ ᠬᠠᠷ᠎ᠠ ᠲᠤᠯᠤᠭᠠᠢ ᠴᠢᠨᠢ ᠬᠠᠭᠠᠷᠠᠲᠠᠭ ᠶᠤᠮ᠃ ᠡᠨᠡᠷᠢᠵᠤ ᠬᠠᠶᠢᠷᠠᠯᠠᠭᠰᠠᠨ ᠰᠡᠳᠬᠢᠯ ᠠᠴᠠ ᠪᠠᠨ ᠡᠷᠭᠢᠵᠦ ᠴᠢᠮ᠎ᠠ ᠳᠡᠭᠡᠷ᠎ᠡ ᠢᠷᠡᠭᠰᠡᠨ ᠶᠤᠮ᠃ ᠨᠠᠩᠰᠠᠯᠮ᠎ᠠ ᠶᠢ ᠠᠪᠬᠤ ᠴᠢᠨᠢ ᠦᠩᠭᠡᠷᠡᠭᠰᠡᠨ ᠰᠢᠦ ᠨᠠᠳᠠ ᠲᠠᠢ ᠰᠠᠭᠤᠪᠠᠯ ᠳᠡᠭᠡᠷ᠎ᠡ ᠦᠭᠡᠢ ᠦᠦ᠃ ᠶᠦᠨᠳᠡᠩ᠄ ᠠᠯᠲᠠᠨ ᠨᠠᠷᠠᠨ ᠤ ᠭᠡᠷᠡᠯ ᠠᠷᠪᠠᠨ ᠵᠦᠭ ᠲᠤ ᠰᠠᠴᠤᠷᠠᠨ᠎ᠠ᠃ ᠠᠭᠤᠤ ᠰᠠᠶᠢᠬᠠᠨ ᠲᠤᠶᠠᠭᠠᠨ ᠳᠤᠨᠢ ᠠᠮᠠᠷᠠᠭ ᠬᠦᠦ ᠮᠢᠨᠢ ᠦᠵᠡᠭᠳᠡᠬᠦ ᠦᠭᠡᠢ᠃ ᠠᠯᠤᠰ ᠠᠴᠠ ᠬᠠᠷᠠᠭᠤᠯᠳᠠᠬᠤ ᠦᠭᠡᠢ ᠳᠤ ᠠᠭᠤᠵᠢᠮᠬᠠᠨ᠂ ᠠᠮᠢᠰᠬᠤᠯ ᠤᠨ ᠲᠤᠲᠤᠷ᠎ᠠ ᠴᠢᠬᠤᠯ᠂ ᠠᠮᠢᠳᠤ ᠮᠡᠨᠳᠦ ᠶᠠᠪᠤᠪᠠᠯ ᠤᠴᠠᠷᠠᠬᠤ ᠶᠢᠨ ᠢᠷᠦᠭᠡᠯ ᠪᠤᠢ ᠪᠤᠯᠪᠠ ᠦᠦ᠃ ᠬᠤᠷᠯᠤᠮ᠎ᠠ᠄ ᠡᠭᠦᠯᠡ ᠪᠠᠷ ᠨᠢᠰᠴᠦ ᠡᠷᠢᠪᠡᠴᠦ ᠠᠮᠠᠷᠠᠭ ᠴᠢᠮ᠎ᠠ ᠳᠠᠭᠠᠨ ᠤᠯᠳᠠᠬᠤ ᠦᠭᠡᠢ᠂ ᠡᠳᠦᠷ ᠰᠦᠨᠢ ᠦᠭᠡᠢ ᠬᠦᠯᠢᠶᠡᠪᠡᠴᠦ ᠰᠡᠳᠬᠢᠯ ᠰᠠᠨᠠᠭᠠᠨ ᠳᠤ ᠴᠢᠨᠢ ᠭᠠᠷᠤᠵᠠ ᠰᠢᠦ᠃ ᠶᠦᠨᠳᠡᠩ᠄ ᠠᠯᠤᠰ ᠠᠴᠠ ᠬᠠᠷᠠᠭᠤᠯᠳᠠᠬᠤ ᠶᠢ ᠮᠢᠨᠢ ᠬᠤᠷᠢᠨ᠎ᠠ ᠪᠢᠵᠡ ᠠᠮᠠᠷᠠᠭ ᠰᠡᠳᠬᠢᠯ ᠢ ᠮᠢᠨᠢ ᠬᠤᠷᠢᠬᠤ ᠦᠭᠡᠢ᠃ ᠡᠷᠭᠢᠭᠦᠯᠵᠦ ᠰᠠᠭᠠᠲᠤᠭᠤᠯᠵᠤ ᠴᠢᠳᠠᠪᠠᠴᠤ ᠡᠭᠦᠷᠢᠳᠡ ᠬᠤᠪᠢᠷᠠᠭᠤᠯᠵᠤ ᠴᠢᠳᠠᠬᠤ ᠦᠭᠡᠢ᠃ ᠬᠤᠷᠯᠤᠮ᠎ᠠ᠄ ᠮᠡᠷᠭᠡᠨ ᠤᠬᠠᠭᠠᠨ ᠴᠢᠨᠢ ᠰᠠᠮᠠᠭᠤᠷᠠᠭᠰᠠᠨ ᠪᠢᠵᠡ ᠮᠡᠳᠡᠯ ᠰᠠᠨᠠᠭ᠎ᠠ ᠴᠢᠨᠢ ᠲᠦᠭᠡᠷᠡᠭᠰᠡᠨ ᠪᠢᠵᠡ᠃ ᠦᠢᠯᠡ ᠵᠤᠪᠠᠯᠠᠩ ᠢᠶᠠᠨ ᠡᠳ᠋ᠯᠡᠭᠰᠡᠨ ᠰᠢᠦ ᠦᠷᠦ ᠡᠪᠡᠳᠴᠦ ᠴᠢᠮ᠎ᠠ ᠪᠠᠨ ᠬᠠᠶᠢᠷᠠᠯᠠᠭᠰᠠᠨ ᠶᠤᠮ᠃ ᠶᠦᠨᠳᠡᠩ᠄ ᠤᠯᠤᠰᠤ ᠳᠡᠭᠡᠰᠦ ᠪᠠᠷ ᠬᠤᠯᠪᠤᠭᠰᠠᠨ ᠢ ᠬᠢᠲᠤᠭ᠎ᠠ ᠬᠠᠶᠢᠴᠢ ᠪᠠᠷ ᠲᠠᠰᠤᠯᠳᠠᠭ ᠶᠤᠮ᠃ ᠨᠡᠶᠢᠯᠡᠭᠰᠡᠨ ᠬᠤᠶᠠᠷ ᠰᠡᠳᠬᠢᠯ ᠢ ᠢᠯᠳᠦ ᠵᠢᠳᠠ ᠪᠠᠷ ᠰᠠᠯᠭᠠᠬᠤ ᠦᠭᠡᠢ᠃ ᠬᠤᠷᠯᠤᠮ᠎ᠠ᠄ ᠬᠢᠲᠤᠭ᠎ᠠ ᠮᠡᠰᠡ ᠶᠢ ᠭᠠᠷᠭᠠᠭᠰᠠᠨ ᠦᠭᠡᠢ ᠬᠠᠷ᠎ᠠ ᠰᠠᠨᠠᠭ᠎ᠠ ᠶᠢ ᠠᠭᠤᠯᠤᠭᠰᠠᠨ ᠦᠭᠡᠢ᠃ ᠬᠠᠶᠢᠷᠠᠯᠠᠵᠤ ᠡᠨᠡᠷᠢᠬᠦ ᠳᠡᠭᠡᠨ ᠬᠡᠯᠡᠭᠰᠡᠨ ᠶᠤᠮ ᠬᠠᠷᠠᠵᠤ ᠰᠠᠭᠤᠪᠠᠯ ᠳᠡᠭᠡᠷ᠎ᠡ ᠦᠭᠡᠢ ᠦᠦ᠃ ᠶᠦᠨᠳᠡᠩ ︵ᠠᠭᠤᠷ ᠲᠠᠢ ᠪᠠᠷ︶᠄ ᠬᠠᠭᠠᠨ ᠬᠠᠭᠠᠨ ᠭᠡᠪᠡᠴᠦᠬᠠᠷᠠᠴᠤ ᠶᠢᠨ ᠬᠦᠴᠦ ᠪᠠᠷ ᠠᠮᠢᠳᠤᠷᠠᠨ᠎ᠠ᠃ ᠬᠠᠷᠠᠴᠤ ᠶᠢ ᠶᠡᠭᠡ ᠪᠠᠷ ᠳᠠᠷᠤᠯᠠᠪᠠᠯ ᠬᠠᠭᠠᠨ ᠤ ᠲᠤᠯᠤᠭᠠᠢ ᠬᠠᠭᠠᠷᠠᠨ᠎ᠠ᠃ ᠨᠤᠶᠠᠨ ᠨᠤᠶᠠᠨ ᠭᠡᠪᠡᠴᠦ ᠨᠤᠲᠤᠭ ᠤᠨ ᠠᠷᠠᠳ ᠢ ᠳᠤᠯᠳᠤᠶᠢᠯᠠᠨ᠎ᠠ᠃ ᠨᠤᠲᠤᠭ ᠤᠨ ᠠᠷᠠᠳ ᠢ ᠳᠠᠷᠤᠯᠠᠪᠠᠯ ᠨᠤᠶᠠᠨ ᠤ ᠲᠤᠯᠤᠭᠠᠢ ᠬᠤᠪᠠᠭ᠋ᠠᠶᠢᠷᠠᠨ᠎ᠠ᠃ ᠢᠨᠠᠭ ᠬᠡᠦᠬᠡᠨ ᠢ ᠮᠢᠨᠢ ᠪᠤᠯᠢᠶᠠᠭᠰᠠᠨ ᠶᠠᠯ᠎ᠠ ᠶᠢ ᠴᠢᠮ᠎ᠠ ᠳᠤ ᠲᠤᠯᠭᠠᠨ᠎ᠠ᠃ ᠦᠨᠦ ᠬᠡᠦᠬᠡᠨ ᠢᠶᠠᠨ ᠠᠯᠳᠠᠪᠠᠴᠤ ᠮᠠᠷᠭᠠᠰᠢ ᠲᠤᠯᠤᠭᠠᠢ ᠶᠢ ᠴᠢᠨᠢ ᠠᠪᠤᠨ᠎ᠠ᠃ ︵ᠮᠠᠨᠠᠭᠠᠴᠢ ᠨᠠᠷ ᠤᠨ ᠤᠷᠤᠨ ᠳᠤ ᠬᠡᠪᠲᠡᠵᠦ ᠪᠠᠶᠢᠭᠰᠠᠨ ᠶᠦᠨᠳᠡᠩ ᠤᠨ ᠨᠦᠬᠦᠳ ᠤᠳ ᠪᠤᠰᠴᠤ ᠵᠤᠭᠰᠤᠨ᠎ᠠ᠃ ᠬᠤᠷᠯᠤᠮ᠎ᠠ ᠪᠠᠯᠭᠠᠨ ᠤ ᠪᠠᠶᠢᠰᠢᠩ ᠤᠨ ᠵᠦᠭ 《 ᠪᠠᠯᠭᠠᠨ 》 ᠭᠡᠵᠦ ᠪᠠᠷᠬᠢᠷᠠᠨ᠎ᠠ᠃ ᠶᠦᠨᠳᠡᠩ ᠬᠤᠷᠯᠤᠮ᠎ᠠ ᠶᠢᠨ ᠠᠮᠠ ᠶᠢ ᠨᠢ ᠲᠠᠭᠯᠠᠨ᠎ᠠ︶       ᠬᠦᠰᠢᠭᠡ       ᠲᠠᠪᠤᠳᠤᠭᠠᠷ ᠦᠵᠡᠭᠳᠡᠯ       ︵ᠲᠠᠶᠢᠰᠠᠨ ᠤ ᠪᠠᠶᠢᠳᠠᠯ ᠨᠢ᠄ ᠨᠢᠭᠡᠳᠦᠭᠡᠷ ᠪᠦᠯᠦᠭ ᠤᠨ ᠲᠠᠶᠢᠰᠠᠨ ᠤ ᠪᠠᠶᠢᠳᠠᠯ ᠬᠡᠪ ᠢᠶᠠᠷ ᠪᠠᠶᠢᠨ᠎ᠠ᠃ ᠶᠦᠨᠳᠡᠩ ᠠᠴᠠ ᠲᠡᠮᠡᠴᠡᠯ ᠳᠡᠭᠡᠨ ᠠᠷᠠᠳ ᠢ ᠲᠠᠲᠠᠨ ᠠᠪᠴᠤ ᠪᠠᠯᠭᠠᠨ ᠲᠠᠢ ᠲᠡᠮᠡᠴᠡᠬᠦ ᠪᠡᠯᠡᠳᠬᠡᠯ ᠢ ᠬᠢᠵᠦ ᠵᠡᠪᠰᠡᠭ ᠢᠶᠠᠨ ᠬᠡᠷᠬᠢᠨ ᠬᠡᠷᠡᠭᠯᠡᠬᠦ ᠰᠤᠷᠭᠠᠭᠤᠯᠢᠯᠠᠯ ᠬᠢᠯᠭᠡᠵᠦ᠂ ᠡᠯᠳᠡᠪ ᠵᠦᠢᠯ ᠢ ᠰᠢᠯᠭᠠᠨ ᠦᠵᠡᠵᠡᠭᠡᠵᠦ ᠪᠠᠶᠢᠨ᠎ᠠ᠂ ᠡᠨᠡ ᠦᠶ᠎ᠡ ᠳᠤ ᠬᠡᠳᠦᠨ ᠬᠦᠮᠦᠨ ᠰᠡᠯᠡᠮ᠎ᠡ ᠶᠢ ᠶᠠᠭᠠᠬᠢᠵᠤ ᠠᠰᠢᠭᠯᠠᠬᠤ ᠲᠤᠬᠠᠢ ᠲᠠᠨᠼ ᠤᠨ ᠮᠠᠶ᠋ᠢᠭ ᠲᠠᠢ ᠰᠤᠷᠭᠠᠭᠤᠯᠢᠯᠠᠯ ᠬᠢᠵᠦ ᠪᠠᠶᠢᠨ᠎ᠠ᠃︶ ᠶᠦᠨᠳᠡᠩ ᠤᠨ ᠨᠦᠬᠦᠳ ᠤᠨ ᠳᠠᠭᠤᠯᠠᠬᠤ ᠨᠢ᠄ ︵ᠾᠤᠷ︶ ᠬᠠᠷᠠᠴᠤ ᠪᠢᠳᠡᠨ ᠤ ᠬᠢᠯᠢᠩ ᠬᠠᠯᠠᠭᠤᠨ ᠭᠠᠯ ᠰᠢᠭ᠋ ᠪᠠᠳᠠᠷᠠᠵᠤ ᠪᠠᠶᠢᠨ᠎ᠠ᠃ ᠬᠠᠳᠠᠨ ᠲᠡᠮᠦᠷ ᠵᠡᠪᠰᠡᠭ ᠤᠳ ᠭᠠᠯ ᠤᠨ ᠠᠳᠠᠯᠢ ᠤᠯᠠᠯᠵᠠᠵᠤ ᠪᠠᠶᠢᠨ᠎ᠠ᠃ ᠬᠠᠭᠠᠨ ᠪᠠᠯᠭᠠᠨ ᠭᠡᠳᠡᠭ ᠴᠢᠨᠢ ᠬᠠᠷᠭᠢᠰ ᠲᠦᠷᠦᠯ ᠤᠨ ᠠᠮᠢᠲᠠᠨ᠃ ᠬᠠᠷᠢᠶᠠᠲᠤ ᠪᠢᠳᠡᠨ ᠢ ᠳᠠᠷᠤᠯᠠᠭᠰᠠᠭᠠᠷ ᠬᠠᠷᠢᠭᠤ ᠦᠭᠡᠢ ᠬᠤᠭᠤᠰᠤᠨ ᠪᠤᠯᠭᠠᠯ᠎ᠠ᠃ ᠶᠦᠨᠳᠡᠩ ︵ᠭᠤᠨᠢᠭᠲᠠᠢ ᠪᠠᠷ︶᠄ ᠠᠯᠲᠠᠨ ᠨᠠᠷᠠ ᠮᠠᠨᠳᠤᠵᠤ ᠠᠭᠠᠷ ᠲᠡᠭᠷᠢ ᠶᠢ ᠭᠡᠶᠢᠭᠦᠯᠦᠭᠰᠡᠭᠡᠷ ᠬᠠᠷᠢᠶᠠᠲᠤ ᠪᠢᠳᠡᠨ ᠤ ᠠᠷᠠᠳ ᠤᠳ ᠲᠡᠭᠦᠨ ᠤ ᠲᠤᠲᠤᠷ᠎ᠠ ᠵᠤᠪᠠᠭᠰᠠᠭᠠᠷ ᠡ᠃ ᠬᠠᠷᠭᠢᠰ ᠬᠦᠮᠦᠨ ᠬᠠᠪᠴᠢᠪᠠᠴᠤ ᠬᠠᠯᠠᠭᠤᠨ ᠰᠡᠳᠬᠢᠯ ᠬᠦᠷᠦᠬᠦ ᠦᠭᠡᠢ᠃ ᠬᠠᠯᠳᠠᠵᠤ ᠳᠦᠷᠢᠮᠡᠬᠡᠶᠢᠯᠡᠬᠦ ᠨᠢ ᠪᠡᠷᠬᠡ ᠲᠠᠢ ᠴᠦ ᠬᠠᠶᠢᠷᠠᠲᠤ ᠬᠦᠦ ᠮᠢᠨᠢ ᠬᠤᠪᠢᠷᠠᠬᠤ ᠦᠭᠡᠢ᠃ ︵ᠳᠠᠰᠢᠭᠤᠷ ᠪᠠᠷᠢᠭᠰᠠᠨ ᠨᠢᠭᠡᠨ ᠡᠪᠦᠭᠡᠨ ᠠᠮᠢᠰᠬᠤᠭᠠᠳᠠᠨ ᠭᠦᠶᠦᠵᠦ ᠢᠷᠡᠭᠡᠳ ᠳᠠᠭᠤᠯᠠᠬᠤ ᠨᠢ︶ ᠬᠦᠭᠡᠷᠦᠬᠦᠢ ᠨᠢᠭᠡ ᠭᠦᠷᠦᠭᠡᠰᠦ ᠶᠢ ᠬᠦᠬᠡ ᠴᠢᠨ᠋ᠸ᠎ᠠ ᠬᠦᠭᠡᠭᠡᠬᠦ ᠮᠡᠲᠦ ᠬᠦᠭᠡᠷᠦᠬᠦᠢ ᠨᠢᠭᠡ ᠪᠦᠰᠡᠭᠦᠢ ᠶᠢ ᠤᠯᠠᠨ ᠬᠦᠮᠦᠨ ᠬᠦᠭᠡᠭᠡᠵᠦ ᠪᠠᠶᠢᠨ᠎ᠠ᠃ ᠠᠶᠤᠭᠰᠠᠨ ᠭᠦᠷᠦᠭᠡᠰᠦ ᠰᠢᠭ ᠲᠡᠷᠡ ᠠᠶᠢᠰᠤᠢ ᠶᠠᠪᠤᠨ᠎ᠠ ᠨᠠᠰᠢ ᠪᠠᠨ᠃ ᠠᠮᠠᠷᠠᠭ ᠨᠦᠬᠦᠳ ᠮᠢᠨᠢ ᠲᠡᠭᠦᠨ ᠢ ᠠᠪᠤᠷᠠᠵᠤ ᠬᠠᠮᠠᠭᠠᠯᠠᠬᠤ ᠬᠡᠷᠡᠭᠲᠡᠢ᠃ ᠬᠤᠯᠠ ᠠᠴᠠ ᠪᠠᠷ᠎ᠠ ᠶᠢ ᠬᠠᠷᠠᠬᠤ ᠳᠤ ᠬᠤᠩᠭᠤᠷ ᠨᠠᠩᠰᠠᠯᠮ᠎ᠠ ᠮᠦᠨ ᠰᠢᠭ ᠪᠠᠶᠢᠨ᠎ᠠ᠃ ᠬᠤᠷᠲᠤᠨ ᠮᠤᠷᠢᠨ ᠤ ᠭᠦᠶᠦᠬᠦ ᠪᠠᠷ ᠬᠥᠭᠡᠷᠦᠬᠦᠢ ᠲᠡᠷᠡ ᠢᠷᠡᠯ᠎ᠡ᠃ ᠶᠦᠨᠳᠡᠩ ︵ᠰᠢᠢᠳᠪᠦᠷᠢ ᠲᠠᠢ︶᠄ ᠪᠠᠭᠠᠵᠢ ᠵᠡᠪᠰᠡᠭ ᠢᠶᠠᠨ ᠪᠠᠷᠢᠭᠠᠳ ᠪᠠᠶᠢᠯᠳᠤᠨ ᠲᠤᠯᠤᠯᠳᠤᠬᠤ ᠳᠤ ᠪᠡᠯᠡᠳᠬᠡᠶ᠎ᠡ᠃ ᠪᠠᠯᠠᠮᠠᠳ ᠳᠠᠶᠢᠰᠤᠨ ᠢᠷᠡᠪᠡᠯ ᠬᠠᠶᠢᠷ᠎ᠠ ᠨᠠᠶᠢᠷ ᠦᠭᠡᠢ ᠴᠤᠬᠢᠵᠠᠭᠠᠶ᠎ᠠ᠃ ᠪᠠᠯᠭᠠᠨ ᠬᠡᠷᠪᠡ ᠢᠷᠡᠪᠡᠯ ᠪᠠᠭᠠᠲᠤᠷ ᠴᠢᠳᠠᠯ ᠢᠶᠠᠷ ᠤᠰᠠᠳᠬᠠᠶ᠎ᠠ᠃ ᠲᠡᠭᠦᠨ ᠤ ᠭᠠᠷ ᠠᠴᠠ ᠭᠠᠷᠴᠠᠭᠠᠵᠤ ᠴᠢᠯᠦᠭᠡ ᠵᠢᠷᠭᠠᠯ ᠢᠶᠠᠨ ᠤᠯᠵᠠᠭᠠᠶ᠎ᠠ᠃ ︵ᠠᠯᠤᠰ ᠠᠴᠠ ᠮᠤᠷᠢ ᠲᠠᠢ ᠬᠦᠮᠦᠨ ᠤ ᠢᠷᠡᠵᠦ ᠪᠠᠶᠢᠭ᠎ᠠ ᠮᠤᠷᠢᠨ ᠤ ᠲᠦᠪᠡᠷᠭᠡᠨ ᠰᠤᠨᠤᠰᠲᠠᠨ᠎ᠠ᠃ ᠭᠡᠲᠡᠯ᠎ᠡ ᠤᠭᠲᠤᠨ ᠤᠴᠢᠭᠰᠠᠨ ᠬᠦᠮᠦᠰ ᠨᠠᠩᠰᠠᠯᠮ᠎ᠠ ᠶᠢ ᠳᠠᠮᠨᠠᠨ ᠭᠠᠷᠴᠤ ᠢᠷᠡᠨ᠎ᠡ᠃ ᠨᠠᠩᠰᠠᠯᠮ᠎ᠠ ᠰᠠᠶ᠋ᠢ ᠤᠬᠠᠭᠠᠨ ᠤᠷᠤᠵᠤ ᠰᠡᠷᠭᠦᠭᠡᠳ ᠳᠠᠭᠤᠯᠠᠨ᠎ᠠ︶ ᠨᠠᠩᠰᠠᠯᠮ᠎ᠠ᠄ ᠬᠦᠯᠦᠭ ᠮᠤᠷᠢᠨ ᠤ ᠬᠦᠴᠦ ᠪᠠᠷ ᠬᠦᠷᠴᠦ ᠢᠷᠡᠯ᠎ᠡ ᠪᠢ ᠴᠢᠨᠢ᠂ ᠬᠦᠨᠦᠭᠡᠬᠦ ᠳᠠᠶᠢᠰᠤᠨ ᠪᠠᠯᠭᠠᠨ ᠴᠢᠨᠢ ᠬᠦᠭᠡᠭᠡᠭᠰᠡᠭᠡᠷ ᠢᠷᠡᠵᠦ ᠶᠠᠪᠤᠨ᠎ᠠ ᠰᠢᠦ᠃ ᠦᠬᠦᠬᠦ ᠴᠠᠭ ᠢᠷᠡᠪᠡᠯ ᠴᠢᠨᠦ ᠳᠡᠷᠭᠡᠳᠡ ᠦᠬᠦᠶ᠎ᠡ᠃ ᠠᠮᠢᠳᠤᠷᠠᠬᠤ ᠠᠵᠠ ᠪᠠᠶᠢᠪᠠᠯ ᠴᠢᠨᠦ ᠳᠡᠷᠭᠡᠳᠡ ᠠᠮᠢᠳᠤᠷᠠᠶ᠎ᠠ᠃ ᠠᠶᠤᠯᠲᠤ ᠳᠠᠶᠢᠰᠤᠨ ᠠᠴᠠ ᠬᠠᠮᠠᠭᠠᠯᠠᠬᠤ ᠶᠢ ᠠᠮᠠᠷᠠᠭ ᠬᠦᠦ ᠮᠢᠨᠢ ᠮᠡᠳᠡ ᠳ᠋ᠠ᠃ ᠠᠮᠠᠷᠠᠭ ᠴᠢᠮᠠᠶᠢ ᠪᠠᠨ ᠬᠠᠷᠠᠭᠰᠠᠭᠠᠷ ᠠᠮᠢᠰᠬᠤᠯ ᠲᠠᠰᠤᠷᠠᠪᠠᠴᠤ ᠭᠤᠮᠤᠳᠠᠯ ᠦᠭᠡᠢ᠃ ︵ᠪᠠᠯᠭᠠᠨ ᠬᠡᠰᠡᠭ ᠬᠢᠶ᠎ᠡ ᠵᠠᠷᠤᠴᠠ ᠨᠠᠷ ᠢ ᠳᠠᠭᠠᠭᠤᠯᠤᠨ ᠢᠷᠡᠵᠦ ᠳᠤᠰᠢᠶᠠᠬᠤ ᠮᠠᠶ᠋ᠢᠭ ᠲᠠᠢ ᠳᠠᠭᠤᠯᠠᠨ᠎ᠠ︶ ᠪᠠᠯᠭᠠᠨ᠄ ᠳᠤᠷ᠎ᠠ ᠰᠠᠨᠠᠯ ᠢ ᠬᠠᠶᠢᠬᠤᠷᠬᠤ ᠦᠭᠡᠢ ᠪᠤᠯ ᠳᠤᠰᠢᠶᠠᠯ ᠢᠶᠠᠷ ᠰᠢᠢᠳᠬᠡᠨ᠎ᠡ ᠪᠢ᠃ ᠪᠠᠯᠠᠮᠠᠳ ᠬᠡᠦᠬᠡᠨ ᠨᠠᠩᠰᠠᠯᠮ᠎ᠠ ᠶᠢ ᠪᠠᠷᠢᠭᠠᠳ ᠠᠪ ᠤᠳᠤᠬᠠᠨ᠃ ᠲᠡᠵᠢᠭᠡᠵᠦ ᠦᠰᠬᠡᠭᠰᠡᠨ ᠪᠢᠷᠠᠭᠤ ᠲᠡᠷᠭᠡ ᠡᠪᠳᠡᠯᠡᠬᠦ ᠶᠢᠨ ᠠᠳᠠᠯᠢ᠂ ᠲᠡᠨᠡᠭ ᠮᠤᠤᠰᠠᠶᠢᠨ ᠠᠷᠠᠳ ᠤᠳ ᠲᠤᠯᠤᠭᠠᠢ ᠳᠡᠭᠡᠷ᠎ᠡ ᠭᠠᠷᠬᠤ ᠨᠢ᠃ ᠶᠦᠨᠳᠡᠩ᠄ ᠨᠤᠶᠠᠨ ᠬᠦᠮᠦᠨ ᠤ ᠦᠷᠦᠰᠢᠶᠡᠯ ᠨᠤᠬᠠᠢ ᠶᠢᠨ ᠲᠠᠷᠭᠤ ᠲᠠᠢ ᠠᠳᠠᠯᠢ ᠨᠤᠬᠠᠢ ᠬᠡᠳᠦᠢ ᠲᠠᠷᠭᠤᠨ ᠴᠦ ᠬᠦᠮᠦᠨ ᠲᠡᠭᠦᠨ ᠢ ᠢᠳᠡᠬᠦ ᠦᠭᠡᠢ᠃ ᠨᠤᠶᠠᠨ ᠬᠡᠳᠦᠢ ᠦᠷᠦᠰᠢᠶᠡᠪᠡᠴᠦ ᠠᠷᠠᠳ ᠲᠤ ᠤᠭᠲᠤ ᠬᠦᠷᠲᠡᠬᠦ ᠦᠭᠡᠢ᠃ ᠦᠷᠦᠰᠢᠶᠡᠬᠦ ᠦᠭᠡ ᠶᠢ ᠬᠡᠯᠡᠪᠡᠴᠦ ᠦᠰᠢᠶᠡᠯᠡᠬᠦ ᠦᠢᠯᠡ ᠶᠢ ᠬᠢᠳᠡᠭ᠃ ᠪᠠᠭᠠᠲᠤᠷ ᠭᠠᠷ ᠤᠨ ᠬᠦᠴᠦ ᠪᠠᠷ ᠪᠠᠯᠲᠠ ᠲᠡᠮᠦᠷ ᠤᠨ ᠬᠦᠴᠦ ᠪᠠᠷ ᠪᠠᠯᠠᠮᠠᠳ ᠳᠠᠶᠢᠰᠤᠨ ᠢ ᠳᠠᠷᠤᠭᠠᠳ ᠪᠠᠭ᠋ᠠᠲᠠᠢ ᠵᠢᠷᠭᠠᠯ ᠢᠶᠠᠨ ᠤᠯᠵᠠᠭᠠᠶ᠎ᠠ᠃ ︵ᠭᠡᠵᠦ ᠳᠠᠭᠤᠯᠠᠵᠤ ᠳᠠᠭᠤᠰᠬᠤ ᠲᠠᠢ ᠵᠡᠷᠭᠡ ᠲᠤᠰ ᠲᠤᠰ ᠤᠨ ᠪᠡᠶ᠎ᠡ ᠳᠤ ᠠᠪᠴᠤ ᠶᠠᠪᠤᠭᠰᠠᠨ ᠰᠡᠯᠡᠮ᠎ᠡ ᠪᠠ ᠰᠢᠳᠠᠮ ᠵᠡᠷᠭᠡ ᠪᠠᠷ ᠭᠠᠷᠳᠠᠨ ᠪᠠᠶᠢᠯᠳᠤᠬᠤ ᠳᠤ ᠶᠦᠨᠳᠡᠩ ᠤᠨ ᠲᠠᠯ᠎ᠠ ᠨᠢ ᠢᠯᠠᠵᠤ ᠳᠠᠶᠢᠰᠤᠨ ᠵᠢᠭᠤᠳᠠᠯ᠎ᠠ᠃︶ ︵ᠨᠠᠩᠰᠠᠯᠮ᠎ᠠ ᠪᠠᠶᠢᠯᠳᠤᠭᠠᠨ ᠢ ᠠᠵᠢᠭᠯᠠᠨ ᠬᠠᠷᠠᠵᠤ ᠦᠯᠡᠳᠡᠨ᠎ᠡ᠃ ᠬᠤᠷᠯᠤᠮ᠎ᠠ ᠰᠡᠮ ᠭᠠᠷᠴᠤ ᠢᠷᠡᠭᠡᠳ ᠳᠠᠭᠤᠯᠠᠬᠤ  ᠨᠢ︶ ᠬᠤᠷᠯᠤᠮ᠎ᠠ᠄ ᠵᠢᠷᠭᠠᠬᠤ ᠵᠠᠮ ᠤᠨ ᠪᠤᠭᠤᠮᠳᠠ ᠪᠤᠯᠤᠭᠰᠠᠨ ᠵᠢᠷᠪᠠᠭᠠᠷ ᠡᠮ᠎ᠡ ᠶᠢ ᠳᠠᠷᠤᠶ᠎ᠠ᠃ ᠬᠠᠷᠢᠯᠴᠠᠬᠤ ᠵᠠᠮ ᠤᠨ ᠬᠠᠭᠠᠯᠲᠠ ᠪᠤᠯᠤᠭᠰᠠᠨ ᠬᠠᠷ᠎ᠠ ᠦᠯᠦᠭᠴᠢᠨ ᠢ ᠰᠦᠨᠦᠭᠡᠶ᠎ᠡ᠃ ︵ᠬᠢᠲᠤᠭᠠᠯᠠᠬᠤ ᠭᠡᠲᠡᠯ᠎ᠡ ᠶᠦᠨᠳᠡᠩ ᠵᠡᠷᠭᠡ ᠬᠦᠮᠦᠰ ᠭᠠᠷᠴᠤ ᠢᠷᠡᠨ᠂ ᠬᠤᠷᠯᠤᠮ᠎ᠠ ᠶᠢ ᠬᠦᠭᠡᠭᠡᠵᠦ ᠶᠠᠪᠤᠭᠤᠯᠤᠨ᠎ᠠ᠃ ᠳᠠᠶᠢᠰᠤᠨ ᠢᠶᠠᠨ ᠳᠠᠷᠤᠭᠰᠠᠨ ᠪᠤᠰᠤᠳ ᠠᠷᠠᠳ ᠤᠳ ᠪᠦᠭᠦᠳᠡ ᠭᠠᠷᠴᠤ ᠢᠷᠡᠨ ᠳᠠᠭᠤᠯᠠᠬᠤ ᠨᠢ︶ ︵ᠾᠤᠷ︶ ᠨᠠᠷᠠ ᠰᠠᠷᠠ ᠰᠢᠭ᠋ ᠬᠤᠤᠰᠯᠠᠭᠤᠯᠵᠤ ᠨᠠᠪᠴᠢ ᠴᠡᠴᠡᠭ ᠰᠢᠭ ᠨᠦᠬᠦᠷᠯᠡᠵᠦ ᠨᠠᠶᠢᠷ ᠤᠨ ᠳᠡᠭᠡᠳᠦ ᠶᠢ ᠬᠢᠭᠡᠳ ᠨᠠᠭᠠᠳᠤᠮ ᠤᠨ ᠳᠡᠭᠡᠳᠦ ᠶᠢ ᠦᠢᠯᠡᠳᠴᠡᠭᠡᠶ᠎ᠡ᠃ ᠠᠭᠲᠠ ᠮᠤᠷᠢ ᠪᠠᠨ ᠤᠷᠤᠯᠳᠤᠭᠤᠯᠵᠤ ᠠᠷᠠᠳ ᠤᠯᠠᠨ ᠳᠠᠭᠠᠨ ᠨᠡᠷ᠎ᠡ ᠲᠠᠢᠠᠯᠳᠠᠷᠲᠤ ᠬᠠᠷᠪᠤᠭᠠᠴᠢᠳ ᠢ ᠪᠠᠷᠢᠯᠳᠤᠭᠤᠯᠤᠶ᠎ᠠ᠃ ᠠᠶᠤᠯ ᠬᠦᠨᠦᠭᠡᠯ ᠢ ᠡᠭᠦᠰᠬᠡᠭᠴᠢ ᠠᠪᠯᠢᠭᠠᠴᠢ ᠪᠠᠯᠭᠠᠨ ᠢ ᠳᠠᠷᠤᠭᠠᠳ ᠮᠢᠩᠭᠠᠨ ᠤ ᠨᠢᠳᠦᠨ ᠳᠤ ᠲᠤᠯᠢᠯᠠᠭᠤᠯᠵᠤ ᠲᠦᠮᠡᠨ ᠤ ᠴᠢᠬᠢᠨ ᠳᠤ ᠰᠤᠨᠤᠰᠬᠠᠶ᠎ᠠ᠃ ᠨᠠᠷᠠ ᠰᠠᠷᠠ ᠰᠢᠭ᠋ ᠬᠤᠤᠰᠯᠠᠭᠤᠯᠵᠤ ᠨᠠᠪᠴᠢ ᠴᠡᠴᠡᠭ ᠰᠢᠭ ᠨᠦᠬᠦᠷᠯᠡᠵᠦ ᠨᠠᠶᠢᠷ ᠤᠨ ᠳᠡᠭᠡᠳᠦ ᠶᠢ ᠬᠢᠭᠡᠳ ᠨᠠᠭᠠᠳᠤᠮ ᠤᠨ ᠳᠡᠭᠡᠳᠦ ᠶᠢ ᠦᠢᠯᠡᠳᠴᠡᠭᠡᠶ᠎ᠡ᠃ ︵ᠪᠦᠭᠦᠳᠡᠭᠡᠷ ᠢᠶᠠᠨ ᠲᠤᠭᠤᠷᠢᠨ ᠰᠠᠭᠤᠵᠠᠭᠠᠨ᠎ᠠ︶ ︵ᠾᠤᠷ︶ ᠠᠮᠠᠷᠠᠭ ᠨᠦᠬᠦᠳ ᠪᠦᠭᠦᠳᠡᠭᠡᠷ ᠴᠤᠭᠯᠠᠷᠠᠵᠤ ᠠᠯᠲᠠᠨ ᠰᠢᠷᠡᠭᠡ ᠪᠠᠨ ᠲᠤᠭᠤᠷᠢᠨ ᠰᠠᠭᠤᠭᠠᠳ ᠠᠮᠲᠠᠲᠤ ᠢᠳᠡᠭᠡ ᠪᠠᠨ ᠠᠮᠰᠠᠵᠤ ᠠᠭᠤᠤ ᠨᠠᠶᠢᠷ ᠢ ᠡᠭᠦᠰᠬᠡᠨ ᠵᠢᠷᠭᠠᠶ᠎ᠠ᠃ ᠬᠤᠰᠢᠭᠤᠴᠢ ᠪᠠᠭᠠᠲᠤᠷ ᠤᠳ ᠮᠤᠷᠢᠯᠠᠨ ᠢᠷᠡᠵᠦ ᠭᠤᠸ᠎ᠠ ᠬᠡᠦᠬᠡᠨ ᠨᠦᠭᠦᠳ ᠤᠭᠲᠤᠨ ᠠᠭᠤᠯᠵᠠᠵᠤ ᠬᠤᠪᠢ ᠲᠠᠢ ᠴᠡᠩᠭᠡᠯ ᠪᠦᠷᠢᠳᠦᠭᠰᠡᠨ ᠲᠤᠯᠠ ᠬᠤᠷᠢᠮᠯᠠᠭᠰᠠᠨ ᠪᠦᠭᠦᠳᠡᠭᠡᠷ ᠲᠡᠭᠦᠰ ᠵᠢᠷᠭᠠᠯ ᠲᠠᠢ᠃ ᠭᠡᠵᠦ ᠳᠠᠭᠤᠯᠠᠵᠤ ᠪᠠᠶᠢᠭᠰᠠᠨ ᠤ ᠳᠠᠷᠠᠭ᠎ᠠ ᠪᠠᠷ ᠨᠢᠭᠡ ᠬᠦᠮᠦᠨ 《 ᠳᠦᠷᠪᠡᠨ ᠴᠠᠭ 》 ᠭᠡᠳᠡᠭ ᠤᠷᠲᠤ ᠶᠢᠨ ᠳᠠᠭᠤᠤ ᠳᠠᠭᠤᠯᠠᠨ᠎ᠠ᠃ ᠡᠨᠡ ᠵᠠᠪᠰᠠᠷ ᠠᠶᠢᠷᠠᠭ ᠢᠳᠡᠭᠡ ᠪᠠᠨ ᠪᠠᠷᠢᠵᠠᠭᠠᠵᠤ ᠲᠤᠭᠯᠠᠭᠠᠮ ᠨᠠᠭᠠᠳᠤᠮ ᠢᠶᠠᠨ ᠦᠷᠭᠦᠯᠵᠢᠯᠡᠭᠦᠯᠦᠨ᠎ᠡ᠃ ᠤᠷᠲᠤ ᠶᠢᠨ ᠳᠠᠭᠤᠤ ᠳᠠᠭᠤᠰᠤᠮᠠᠭᠴᠠ ᠡᠷᠡᠭᠲᠡᠢ ᠡᠮᠡᠭᠲᠡᠢ ᠬᠡᠳᠦᠨ ᠬᠦᠮᠦᠨ ᠪᠦᠵᠢᠭ ᠪᠦᠵᠢᠭᠯᠡᠬᠦ ᠪᠠ ᠳᠠᠷᠠᠭ᠎ᠠ ᠨᠢ ᠨᠠᠩᠰᠠᠯᠮ᠎ᠠ ᠶᠢ ᠳᠡᠭᠡᠭᠰᠢ ᠡᠷᠭᠦᠨ᠎ᠡ᠃ ︵ᠪᠤᠰᠤᠳ ᠬᠦᠮᠦᠰ ᠲᠡᠭᠦᠨ ᠢ ᠲᠤᠭᠤᠷᠢᠨ ᠭᠦᠶᠦᠯᠳᠦᠨ᠎ᠡ︶ᠬᠦᠰᠢᠭᠡ
 
ᠢᠷᠡᠯᠲᠡ᠄ ᠬᠠᠮᠢᠶ᠎ᠠ ᠪᠦᠬᠦᠢ ᠰᠤᠨᠢᠨ ᠰᠡᠳᠬᠦᠯ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号