| ︽ᠤᠳᠤ ᠦᠶ᠎ᠡ ᠶᠢᠨ ᠡᠮᠡᠭᠲᠡᠶᠢᠴᠦᠳ ᠤᠨ ᠨᠡᠶᠢᠭᠡᠮ ᠤᠨ ᠡᠭᠦᠷᠭᠡ ᠬᠠᠷᠢᠭᠤᠴᠠᠯᠭ᠎ᠠ ᠶᠢ ᠪᠦᠬᠦ ᠲᠠᠯ᠎ᠠ ᠪᠠᠷ | ᠢᠯᠡᠷᠡᠭᠦᠯᠬᠦ︾ ᠭᠤᠤᠯ ᠰᠡᠳᠦᠪ ᠪᠦᠬᠦᠢ 2016 ᠤᠨ ᠤ ᠠᠽᠢᠶ᠎ᠠ ᠶᠢᠨ ︽ᠡᠷᠬᠢᠮᠰᠦᠭ ᠬᠠᠲᠤᠨ︾ ᠭᠤᠶᠤ | ᠠᠪᠠᠭ᠋ᠠᠢ ᠶᠢᠨ ᠤᠷᠤᠯᠳᠤᠭᠠᠨ ᠳᠦᠷᠦᠭᠦᠬᠡᠨ ᠮᠠᠯᠠᠶᠢᠰᠢᠶ᠎ᠠ ᠳᠤ ᠶᠠᠪᠤᠭᠳᠠᠵᠤ᠂ ᠪᠦᠬᠦ ᠠᠽᠢᠶ᠎ᠠ ᠶᠢᠨ ᠭᠤᠶᠤ᠂ ᠰᠢᠯᠢᠳᠡᠭ | ᠠᠪᠠᠭ᠋ᠠᠶᠢᠴᠤᠳ ᠢᠳᠡᠪᠬᠢᠲᠠᠢ ᠤᠷᠤᠯᠴᠠᠵᠠᠭᠠᠯᠠ᠃ ᠤᠷᠤᠯᠳᠤᠭᠠᠨ ᠤ ᠳ᠋ᠦᠩ ᠳᠤ᠂ ᠮᠤᠩᠭᠤᠯ ᠤᠯᠤᠰ ᠤᠨ ᠡᠮᠡᠭᠲᠡᠢ | ᠰᠠᠷᠠᠨᠠᠢ ᠲᠡᠷᠢᠭᠦᠨ ᠳᠤ ᠲᠤᠳᠤᠷᠠᠵᠤ᠂ ᠮᠤᠩᠭᠤᠯ ᠡᠮᠡᠭᠲᠡᠶᠢᠴᠦᠳ ᠤᠨ ᠭᠤᠪᠠᠢ ᠡᠷᠬᠢᠮᠰᠦᠭ ᠢ ᠳᠠᠬᠢᠨᠲᠠ | ᠭᠠᠶᠢᠬᠠᠭᠤᠯᠤᠯ᠎ᠠ᠃ | ᠰᠠᠷᠠᠨᠠᠢ ᠪᠤᠯ ᠮᠤᠩᠭᠤᠯ ᠤᠯᠤᠰ ᠤᠨ ᠠᠯᠳᠠᠷᠲᠤ ᠰᠢᠯᠦᠭᠴᠢ ᠲᠤᠯᠮ᠎ᠠ ᠶᠢᠨ ᠤᠮᠪᠤᠯᠤ ᠬᠡᠦᠬᠡᠨ᠂ ᠠᠽᠢᠶ᠎ᠠ | ᠲᠢᠪ ᠤᠨ ᠨᠡᠷᠡᠲᠤ ᠮᠤᠳᠧᠯ᠂ ︽ᠠᠽᠢᠶ᠎ᠠ ᠶᠢᠨ ᠭᠤᠶᠤ ᠡᠮᠡᠭᠲᠡᠢ︾ ᠠᠯᠳᠠᠷ ᠲᠠᠢ᠂ ᠠᠮᠧᠷᠢᠺᠡ ᠶᠢᠨ ︽ᠭᠠᠩᠭᠠᠩ ᠡᠩᠡ | ︾ ᠰᠡᠳᠬᠦᠯ ᠤᠨ ᠬᠠᠪᠢᠰᠤᠨ ᠳᠤ ᠭᠠᠷᠤᠭᠰᠠᠨ ᠠᠩᠬᠠᠳᠠᠭᠴᠢ ᠮᠤᠩᠭᠤᠯ ᠬᠦᠮᠦᠨ ᠶᠤᠮ᠃ ᠡᠭᠦᠨ ᠠᠴᠠ ᠭᠠᠳᠠᠨ᠎ᠠ᠂ | ᠲᠡᠷᠡ ᠪᠠᠷ ᠬᠤᠪᠴᠠᠰᠤ ᠵᠠᠰᠠᠯ ᠵᠢᠷᠤᠵᠤ ᠲᠦᠰᠦᠪᠯᠡᠬᠦ ᠳᠤ ᠳᠤᠷ᠎ᠠ ᠪᠠᠭ᠋ᠠᠲᠠᠢ᠂ ᠳᠠᠭᠤᠯᠠᠬᠤ ᠮᠡᠷᠭᠡᠵᠢᠯ ᠢᠶᠠᠷ ᠴᠦ | ᠲᠤᠰᠬᠠᠢ ᠮᠡᠷᠭᠡᠵᠢᠯ ᠤᠨ ᠳᠠᠭᠤᠴᠢᠨ ᠠᠴᠠ ᠳᠤᠤᠷᠠᠳᠠᠬᠤ ᠦᠭᠡᠢ ᠤᠯᠠᠨ ᠲᠠᠯ᠎ᠠ ᠶᠢᠨ ᠠᠪᠢᠶᠠᠰ ᠪᠢᠯᠢᠭ ᠢᠶᠠᠷ ᠢᠶᠠᠨ | ᠤᠯᠠᠨ᠎ᠠ ᠲᠠᠨᠢᠭᠳᠠᠵᠤ ᠶᠠᠪᠤᠨ᠎ᠠ᠃ ᠤᠳᠤ ᠲᠡᠷᠡ ᠮᠤᠩᠭᠤᠯ ᠮᠤᠳᠧᠯ ᠤᠨ ᠦᠨ᠎ᠡ ᠵᠠᠰᠠᠭᠴᠢ ᠶᠢᠨ ᠨᠢᠭᠡᠨ ᠺᠤᠮᠫᠠᠨᠢ ᠶᠢ | ᠪᠠᠶᠢᠭᠤᠯᠤᠨ ᠡᠵᠡᠩᠨᠡᠵᠦ ᠪᠤᠢ᠃ |