ᠤᠷᠤᠨ ᠰᠠᠭᠤᠴᠠ ᠵᠠᠰᠠᠨ ᠴᠢᠮᠡᠭᠯᠡᠬᠦ ᠳᠤ ᠡᠭᠦᠰᠴᠦ ᠮᠡᠳᠡᠬᠦ ᠵᠢᠭᠤᠷᠠᠭᠠᠨ ᠢ ᠬᠡᠷᠬᠢᠨ ᠰᠡᠷᠭᠡᠶᠢᠯᠡᠬᠦ ᠪᠤᠢ︖
ᠨᠡᠶᠢᠲᠡᠯᠡᠭᠰᠡᠨ ᠴᠠᠭ᠄
2016-10-15
       ᠤᠷᠤᠨ ᠰᠠᠭᠤᠴᠠ ᠪᠠᠨ ᠵᠠᠰᠠᠨ ᠴᠢᠮᠡᠭᠯᠡᠬᠦ᠂ ᠢᠯᠠᠩᠭᠤᠶ᠎ᠠ ᠰᠢᠨ᠎ᠡ ᠤᠷᠤᠨ ᠰᠠᠭᠤᠴᠠ ᠬᠤᠳᠠᠯᠳᠤᠨ ᠠᠪᠤᠭᠰᠠᠨ ᠤ ᠳᠠᠷᠠᠭ᠎ᠠ ᠵᠠᠰᠠᠨ ᠴᠢᠮᠡᠭᠯᠡᠬᠦ ᠨᠢ ᠲᠡᠷᠢᠭᠦᠨ ᠴᠢᠬᠤᠯᠠ ᠶᠠᠪᠤᠳᠠᠯ ᠪᠤᠯᠤᠨ᠎ᠠ᠃ ᠮᠠᠰᠢ ᠤᠯᠠᠨ ᠬᠦᠮᠦᠨ ᠭᠡᠷ ᠢᠶᠠᠨ ᠵᠠᠰᠠᠨ ᠴᠢᠮᠡᠭᠯᠡᠬᠦ ᠭᠡᠵᠦ ᠪᠠᠭ᠎ᠠ ᠪᠤᠰᠤ ᠵᠤᠭᠤᠰ ᠮᠦᠩᠭᠦ ᠪᠠᠨ ᠵᠠᠷᠤᠴᠠᠭᠤᠯᠤᠭᠰᠠᠨ ᠪᠤᠯᠪᠠᠴᠤ ᠶᠡᠷᠦ ᠨᠢ ᠰᠠᠨᠠᠭᠠᠨ ᠳᠤ ᠨᠢ ᠲᠠᠭᠠᠷᠠᠬᠤ ᠦᠭᠡᠢ ᠪᠤᠯᠵᠤ ᠵᠢᠭᠠᠷᠠᠭᠠᠨ ᠡᠭᠦᠰᠳᠡᠭ ᠪᠠᠶᠢᠨ᠎ᠠ᠂ ᠬᠡᠷᠡᠭᠯᠡᠭᠴᠢᠳ ᠲᠤ ᠠᠪᠴᠤ ᠬᠡᠯᠡᠪᠡᠯ᠂ ᠵᠠᠰᠠᠨ ᠴᠢᠮᠡᠭᠯᠡᠬᠦ ᠶᠠᠪᠤᠴᠠ ᠳᠠᠬᠢ ᠲᠤᠭ᠎ᠠ ᠬᠡᠮᠵᠢᠭᠲᠡᠯ ᠪᠤᠶᠤ ᠵᠢᠷᠤᠭ ᠲᠦᠯᠦᠪᠯᠡᠭᠡ ᠶᠢ ᠤᠶᠢᠯᠠᠭᠠᠬᠤ ᠦᠭᠡᠢ᠂ ᠵᠠᠷᠢᠮ ᠵᠠᠰᠠᠨ ᠴᠢᠮᠡᠭᠯᠡᠬᠦ ᠺᠤᠮᠫᠠᠨᠢ ᠶᠢᠨ ᠵᠢᠷᠤᠭ ᠲᠦᠯᠦᠪᠯᠡᠭᠡ ᠨᠢ ᠰᠢᠨ᠎ᠡ ᠰᠤᠷᠭᠤᠭ ᠪᠤᠯᠪᠠᠴᠤ ᠲᠤᠰᠬᠠᠢ ᠮᠡᠷᠭᠡᠵᠢᠯ ᠤᠨ ᠠᠵᠢᠯᠲᠠᠨ ᠨᠢ ᠴᠦᠭᠡᠨ ᠠᠴᠠ ᠪᠤᠯᠵᠤ᠂ ᠶᠠᠭᠠᠷᠠᠤ ᠦᠶ᠎ᠡ ᠳᠡᠭᠡᠨ ᠪᠤᠰᠤᠳ ᠺᠤᠮᠫᠠᠨᠢ ᠠᠴᠠ ᠲᠦᠷ ᠴᠠᠭ ᠬᠦᠮᠦᠨ ᠬᠦᠯᠦᠰᠦᠯᠡᠨ‌ᠵᠠᠷᠤᠬᠤ ᠪᠤᠶᠤ ᠨᠡᠩ ᠴᠢᠨᠠᠭᠰᠢᠯᠠᠨ ᠵᠡᠭᠡᠯᠢ ᠪᠠ ᠵᠠᠮ ᠤᠨ ᠬᠠᠵᠠᠭᠤ ᠠᠴᠠ ᠰᠤᠯᠠ ᠠᠵᠢᠯᠲᠠᠨ ᠳᠠᠭᠤᠳᠠᠵᠤ ᠤᠷᠤᠯᠠᠭᠤᠯᠳᠠᠭ᠃ ᠡᠳᠡᠭᠡᠷ ᠬᠦᠮᠦᠰ ᠨᠢ ᠲᠤᠰᠬᠠᠢ ᠮᠡᠷᠭᠡᠵᠢᠯ ᠤᠨ ᠪᠤᠯᠪᠠᠰᠤᠷᠠᠯ ᠬᠦᠷᠲᠡᠭᠰᠡᠨ ᠦᠭᠡᠢ ᠪᠤᠯᠬᠤᠷ᠂ ᠵᠠᠰᠠᠨ ᠴᠢᠮᠡᠭᠯᠡᠬᠦ ᠠᠵᠢᠯ ᠨᠢ ᠤᠷᠤᠭᠰᠢᠲᠠᠢ ᠶᠠᠪᠤᠭᠳᠠᠵᠤ ᠳᠡᠶᠢᠯᠬᠦ ᠦᠭᠡᠢ ᠪᠠᠶᠢᠵᠤ᠂ ᠤᠤᠯ ᠤᠨ ᠵᠢᠷᠤᠭ ᠲᠦᠯᠦᠪᠯᠡᠭᠡ ᠪᠠ ᠪᠤᠳᠠᠲᠠᠢ ᠳ᠋ᠦᠩ ᠨᠢ ᠦᠰᠦᠳ ᠦᠭᠡᠷ᠎ᠡ ᠪᠤᠯᠤᠨ᠎ᠠ᠃        ᠵᠠᠷᠢᠮ ᠬᠦᠮᠦᠨ ᠭᠡᠷ ᠢᠶᠠᠨ ᠵᠠᠰᠠᠨ ᠴᠢᠮᠡᠭᠯᠡᠬᠦ ᠳᠡᠭᠡᠨ ᠲᠠᠨᠢᠯ ᠲᠠᠰᠤᠯ ᠬᠦᠮᠦᠨ ᠢᠶᠠᠨ ᠡᠷᠢᠵᠦ᠂ ᠶᠠᠮᠠᠷᠴᠦ ᠭᠡᠷ᠎ᠡ ᠲᠤᠭᠲᠠᠬᠤ ᠦᠭᠡᠢ ᠠᠮᠠ ᠪᠠᠷ ᠬᠡᠯᠡᠯᠴᠡᠵᠦ ᠲᠤᠭᠲᠠᠭᠠᠨ᠎ᠠ᠃ ᠵᠠᠷᠢᠮ ᠨᠢ ᠵᠠᠰᠠᠨ ᠴᠢᠮᠡᠭᠯᠡᠬᠦ ᠵᠠᠷ ᠮᠡᠳᠡᠭᠡ ᠶᠢ ᠦᠨᠳᠦᠰᠦᠯᠡᠨ ᠭᠡᠷ ᠢᠶᠠᠨ ᠵᠠᠰᠠᠨ ᠴᠢᠮᠡᠭᠯᠡᠭᠦᠯᠬᠦ ᠪᠠᠷ ᠭᠡᠷ᠎ᠡ ᠲᠤᠭᠲᠠᠬᠤ ᠪᠤᠯᠪᠠᠴᠤ ᠭᠡᠷ᠎ᠡ ᠶᠢᠨ ᠠᠭᠤᠯᠭ᠎ᠠ ᠨᠢ ᠪᠠᠯᠠᠷᠬᠠᠢ᠂ ᠡᠭᠦᠷᠭᠡ ᠬᠠᠷᠢᠭᠤᠴᠠᠯᠭ᠎ᠠ ᠨᠢ ᠲᠤᠲᠤᠷᠬᠠᠢ ᠦᠭᠡᠢ ᠪᠤᠯᠬᠤᠷ ᠵᠢᠭᠤᠷᠠᠭᠠᠨ ᠭᠠᠷᠬᠤ ᠦᠶᠡᠰ ᠡᠷᠬᠡ ᠪᠠᠨ ᠬᠠᠮᠠᠭᠠᠯᠠᠵᠤ ᠳᠡᠶᠢᠯᠬᠦ ᠦᠭᠡᠢ ᠭᠠᠴᠢᠭᠳᠠᠬᠤ ᠶᠠᠪᠤᠳᠠᠯ ᠭᠠᠷᠤᠨ᠎ᠠ᠃        ᠬᠠᠤᠯᠢ ᠶᠢᠨ ᠲᠠᠯ᠎ᠠ ᠠᠴᠠ ᠠᠪᠴᠤ ᠬᠡᠯᠡᠪᠡᠯ ᠵᠢᠭᠤᠷᠠᠭᠠᠨ ᠢ ᠰᠢᠢᠳᠪᠦᠷᠢᠯᠡᠬᠦ ᠪᠠ ᠵᠢᠭᠤᠷᠠᠭᠠᠨ ᠢ ᠰᠡᠷᠭᠡᠶᠢᠯᠡᠬᠦ ᠳᠤ ᠬᠠᠮᠤᠭ ᠤᠨ ᠴᠢᠬᠤᠯᠠ ᠨᠢ ᠳᠠᠷᠤᠢ ᠨᠢᠭᠡᠨ ᠬᠤᠪᠢ ᠳᠦᠷᠢᠮᠵᠢᠭᠰᠡᠨ ᠭᠡᠷ᠎ᠡ ᠪᠤᠯᠤᠨ᠎ᠠ᠂ ᠡᠨᠡᠬᠦ ᠭᠡᠷ᠎ᠡ ᠲᠤᠲᠤᠷ᠎ᠠ ᠪᠠᠨ ᠬᠤᠯᠪᠤᠭᠳᠠᠯ ᠪᠦᠬᠦᠢ ᠨᠠᠷᠢᠨ ᠠᠭᠤᠯᠭ᠎ᠠ ᠪᠠᠨ ᠳᠦᠷᠢᠮᠵᠢᠭᠦᠯᠦᠨ ᠲᠤᠳᠤᠷᠬᠠᠶᠢᠯᠠᠬᠤ ᠬᠡᠷᠡᠭᠲᠡᠢ᠂ ᠢᠩᠭᠢᠪᠡᠯ ᠰᠠᠶ᠋ᠢ ᠬᠤᠶᠠᠷ ᠲᠠᠯ᠎ᠠ ᠶᠢᠨ ᠠᠰᠢᠭ ᠲᠤᠰᠠ ᠶᠢ ᠬᠠᠮᠠᠭᠠᠯᠠᠬᠤ ᠪᠠᠷᠢᠮᠲᠠ ᠪᠤᠯᠵᠤ ᠴᠢᠳᠠᠨ᠎ᠠ᠃ ᠭᠡᠷ᠎ᠡ ᠳᠤ ᠵᠠᠰᠠᠨ ᠴᠢᠮᠡᠭᠯᠡᠬᠦ ᠱᠠᠭᠠᠷᠳᠠᠯᠭ᠎ᠠ ᠪᠠ ᠠᠵᠢᠯ ᠢᠶᠠᠨ ᠳᠠᠭᠤᠰᠬᠠᠬᠤ ᠡᠳᠦᠷ ᠬᠤᠭᠤᠴᠠᠭ᠎ᠠ ᠪᠠᠨ ᠵᠠᠪᠠᠯ ᠲᠤᠳᠤᠷᠬᠠᠶᠢᠯᠠᠬᠤ ᠬᠡᠷᠡᠭᠲᠡᠢ᠃ ᠵᠠᠰᠠᠨ ᠴᠢᠮᠡᠭᠯᠡᠬᠦ ᠳᠤ ᠬᠡᠷᠡᠭᠯᠡᠬᠦ ᠮᠠᠲ᠋ᠧᠷᠢᠶᠠᠯ ᠤᠨ ᠪᠤᠳᠠᠲᠠᠢ ᠲᠦᠷᠦᠯ ᠲᠡᠮᠳᠡᠭ ᠪᠤᠶᠤ ᠬᠡᠪ ᠶᠠᠩᠵᠤ᠂ ᠵᠡᠷᠭᠡ ᠳᠡᠰ᠂ ᠦᠨ᠎ᠡ ᠬᠠᠩᠰᠢ ᠵᠡᠷᠭᠡ ᠪᠠᠨ ᠵᠠᠪᠠᠯ ᠲᠤᠳᠤᠷᠬᠠᠶᠢᠯᠠᠵᠤ᠂ ᠵᠠᠰᠠᠨ ᠴᠢᠮᠡᠭᠯᠡᠬᠦ ᠺᠤᠮᠫᠠᠨᠢ ᠶᠢᠨ ᠮᠠᠭᠤ ᠪᠠᠷ ᠰᠠᠶᠢᠨ ᠢ ᠤᠷᠤᠯᠠᠭᠤᠯᠬᠤ ᠶᠢ ᠰᠡᠷᠭᠡᠶᠢᠯᠡᠬᠦ ᠬᠡᠷᠡᠭᠲᠡᠢ᠃        ᠤᠶᠢᠷ᠎ᠠ ᠶᠢᠨ ᠵᠢᠯ ᠠᠴᠠ ᠨᠠᠰᠢ ᠤᠷᠤᠨ ᠰᠠᠭᠤᠴᠠ ᠪᠠᠨ ᠵᠠᠰᠠᠨ ᠴᠢᠮᠡᠭᠯᠡᠬᠦ᠂ ᠤᠨᠴᠠᠭᠠᠶᠢᠯᠠᠨ ᠰᠢᠨ᠎ᠡ ᠤᠷᠤᠨ ᠰᠠᠭᠤᠴᠠ ᠬᠤᠳᠠᠯᠳᠤᠨ ᠠᠪᠤᠭᠰᠠᠨ ᠤ ᠳᠠᠷᠠᠭ᠎ᠠ ᠵᠠᠰᠠᠨ ᠴᠢᠮᠡᠭᠯᠡᠬᠦ ᠨᠢ ᠲᠡᠷᠢᠭᠦᠨ ᠴᠢᠬᠤᠯᠠ ᠶᠠᠪᠤᠳᠠᠯ ᠪᠤᠯᠤᠨ᠎ᠠ᠃        ᠮᠠᠰᠢ ᠤᠯᠠᠨ ᠬᠦᠮᠦᠨ ᠭᠡᠷ ᠢᠶᠠᠨ ᠵᠠᠰᠠᠨ ᠴᠢᠮᠡᠭᠯᠡᠬᠦ ᠭᠡᠵᠦ ᠪᠠᠭ᠎ᠠ ᠪᠤᠰᠤ ᠵᠤᠭᠤᠰ ᠮᠦᠩᠭᠦ ᠪᠠᠨ ᠵᠠᠷᠤᠴᠠᠭᠤᠯᠤᠭᠰᠠᠨ ᠪᠤᠯᠪᠠᠴᠤ ᠶᠡᠷᠦ ᠨᠢ ᠰᠠᠨᠠᠭᠠᠨ ᠳᠤ ᠨᠢ ᠲᠠᠭᠠᠷᠠᠬᠤ ᠦᠭᠡᠢ ᠵᠢᠭᠤᠷᠠᠭᠠᠨ ᠡᠭᠦᠰᠳᠡᠭ ᠦᠭᠡᠢ ᠪᠠᠶᠢᠨ᠎ᠠ ᠂ ᠡᠰᠡᠬᠦᠯ᠎ᠡ ᠵᠠᠰᠠᠨ ᠴᠢᠮᠡᠭᠯᠡᠬᠦ ᠭᠡᠷ᠎ᠡ ᠶᠢᠨ ᠠᠭᠤᠯᠭ᠎ᠠ ᠨᠢ ᠪᠠᠯᠠᠷᠬᠠᠢ᠂ ᠡᠭᠦᠷᠭᠡ ᠬᠠᠷᠢᠭᠤᠴᠠᠯᠭ᠎ᠠ ᠨᠢ ᠲᠤᠳᠤᠷᠬᠠᠢ ᠦᠭᠡᠢ᠂ ᠨᠡᠩ ᠴᠢᠨᠠᠭᠰᠢᠯᠠᠨ ᠭᠡᠷ᠎ᠡ ᠲᠤᠭᠲᠠᠬᠤ ᠦᠭᠡᠢ ᠠᠮᠠ ᠪᠠᠷ ᠬᠡᠯᠡᠯᠴᠡᠨ ᠲᠤᠭᠲᠠᠭᠰᠠᠨ ᠠᠴᠠ ᠪᠤᠯᠵᠤ᠂ ᠵᠢᠭᠤᠷᠠᠭᠠᠨ ᠭᠠᠷᠬᠤ ᠦᠶᠡᠰ ᠡᠷᠬᠡ ᠪᠠᠨ ᠬᠠᠮᠠᠭᠠᠯᠠᠵᠤ ᠳᠡᠶᠢᠯᠬᠦ ᠦᠭᠡᠢ ᠭᠠᠴᠢᠭᠳᠠᠬᠤ ᠶᠠᠪᠤᠳᠠᠯ ᠵᠦᠩᠳᠡᠭᠡᠨ ᠭᠠᠷᠴᠤ ᠪᠤᠢ᠃ ᠭᠡᠷ ᠢᠶᠠᠨ ᠵᠠᠰᠠᠨ ᠴᠢᠮᠡᠭᠯᠡᠭᠦᠯᠦᠭᠰᠡᠨ ᠠᠴᠠ ᠪᠤᠯᠤᠭᠰᠠᠨ ᠵᠢᠭᠤᠷᠠᠭᠠᠨ ᠨᠢ ᠤᠳᠤᠬᠠᠨ ᠳᠤ ᠬᠡᠷᠡᠭᠯᠡᠭᠴᠢᠳ ᠤᠨ ᠨᠡᠶᠢᠭᠡᠮᠯᠢᠭ ᠤᠨ ᠪᠦᠷᠢᠳᠬᠡᠭᠰᠡᠨ ᠬᠠᠯᠠᠮᠰᠢᠯ ᠠᠰᠠᠭᠤᠳᠠᠯ ᠤᠨ ᠨᠢᠭᠡ ᠪᠤᠯᠵᠠᠢ᠃        ᠤᠷᠤᠨ ᠰᠠᠭᠤᠴᠠ ᠵᠠᠰᠠᠨ ᠴᠢᠮᠡᠭᠯᠡᠬᠦ ᠳᠤ ᠢᠲᠡᠭᠡᠮᠵᠢ ᠮᠠᠰᠢ ᠴᠢᠬᠤᠯᠠ        ᠬᠦᠬᠡᠬᠤᠲᠠ ᠶᠢᠨ ᠰᠢᠨ᠎ᠡ ᠬᠤᠲᠠ ᠲᠤᠭᠤᠷᠢᠭ ᠲᠤ ᠰᠠᠭᠤᠵᠤ ᠪᠠᠶᠢᠭ᠎ᠠ ᠯᠢ ᠠᠪᠤᠭᠠᠢ ᠰᠢᠨ᠎ᠡ ᠬᠤᠳᠠᠯᠳᠤᠨ ᠠᠪᠤᠭᠰᠠᠨ ᠤᠷᠤᠨ ᠰᠠᠭᠤᠴᠠ ᠪᠠᠨ ᠵᠠᠰᠠᠨ ᠴᠢᠮᠡᠭᠯᠡᠬᠦ ᠰᠠᠨᠠᠭ᠎ᠠ ᠲᠠᠢ᠂ ᠭᠡᠬᠦ ᠳᠤ ᠭᠡᠷ ᠢᠶᠠᠨ ᠵᠠᠰᠠᠨ ᠴᠢᠮᠡᠭᠯᠡᠵᠦ ᠦᠩᠭᠡᠷᠡᠭᠰᠡᠨ ᠵᠠᠷᠢᠮ ᠨᠠᠶᠢᠵᠠ ᠨᠢ ︽ᠲᠤᠰᠬᠠᠶᠢᠯᠠᠨ ᠤᠷᠤᠨ ᠰᠠᠭᠤᠴᠠ ᠵᠠᠰᠠᠨ ᠴᠢᠮᠡᠭᠯᠡᠬᠦ ᠺᠣᠮᠫᠠᠨᠢ ᠶᠢ ᠡᠷᠢ᠂ ᠰᠠᠨᠠᠭ᠎ᠠ ᠠᠮᠤᠷ︾ ᠭᠡᠵᠦ ᠰᠠᠨᠠᠭᠤᠯᠬᠤ ᠳᠤ ᠵᠠᠷᠢᠮ ᠨᠢ ᠬᠠᠷᠢᠨ ︽ᠲᠡᠭᠦᠨ ᠢ ᠪᠢᠲᠡᠭᠡᠢ ᠢᠲᠡᠭᠡ᠂ ᠵᠢᠯ ᠲᠤᠵᠢ ᠤᠷᠤᠨ ᠰᠠᠭᠤᠴᠠ ᠵᠠᠰᠠᠨ ᠴᠢᠮᠡᠭᠯᠡᠵᠦ ᠶᠠᠪᠤᠭ᠎ᠠ ᠲᠤᠷᠰᠢᠯᠭ᠎ᠠ ᠲᠠᠢ ᠠᠵᠢᠯᠲᠠᠨ ᠢ ᠡᠷᠢ᠂ ᠲᠡᠳᠡ ᠠᠵᠢᠯ ᠬᠢᠬᠦ ᠳᠡᠭᠡᠨ ᠰᠢᠭᠤᠷᠬᠠᠢ ᠮᠦᠷᠲᠡᠭᠡᠨ ᠢᠲᠡᠭᠡᠯ ᠲᠠᠢ᠂ ᠵᠤᠭᠤᠰ ᠲᠤ ᠴᠦ ᠠᠷᠪᠢᠲᠠᠢ︾ ᠭᠡᠵᠦ ᠰᠠᠨᠠᠭᠤᠯᠤᠨ᠎ᠠ᠃        ᠯᠢ ᠠᠪᠤᠭᠠᠢ ᠠᠯᠢᠨ ᠤ ᠬᠢᠨᠢ ᠰᠠᠨᠠᠯ ᠢ ᠠᠪᠤᠪᠠᠯ ᠲᠠᠭᠠᠷᠠᠬᠤ ᠶᠢ ᠮᠡᠳᠡᠬᠦ ᠦᠭᠡᠢ ᠪᠤᠯᠵᠤ᠂ ᠤᠶᠢᠯᠠᠭᠠᠵᠤ ᠦᠵᠡᠬᠦ ᠰᠠᠨᠠᠭ᠎ᠠ ᠲᠠᠢ ᠦᠪᠡᠷ ᠤᠨ ᠰᠠᠭᠤᠵᠤ ᠪᠠᠶᠢᠭ᠎ᠠ ᠲᠤᠭᠤᠷᠢᠭ ᠤᠨ ᠢᠶᠠᠨ ᠵᠠᠰᠠᠨ ᠴᠢᠮᠡᠭᠯᠡᠬᠦ ᠠᠵᠢᠯ ᠢᠶᠠᠨ ᠨᠢᠭᠡᠨᠲᠡ ᠡᠬᠢᠯᠡᠭᠦᠯᠦᠭᠰᠡᠨ ᠬᠡᠳᠦᠨ ᠠᠶᠢᠯ ᠢᠶᠠᠷ ᠲᠤᠭᠤᠷᠢᠵᠤ ᠠᠳᠠᠯᠢᠳᠬᠠᠵᠤ ᠦᠵᠡᠪᠡ᠃ ︽X ᠵᠠᠰᠠᠨ ᠴᠢᠮᠡᠭᠯᠡᠬᠦ ᠺᠤᠮᠫᠠᠨᠢ ᠠᠳᠡ ᠠᠵᠢᠯ ᠬᠢᠵᠦ ᠪᠠᠶᠢᠨ᠎ᠠ︾ ᠭᠡᠬᠦ ᠬᠦᠨᠳᠡᠯᠡᠨ ᠪᠢᠴᠢᠭᠡᠰᠦ ᠡᠯᠭᠦᠭᠰᠡᠨ ᠨᠢᠭᠡ ᠠᠶᠢᠯ ᠳᠤ ᠤᠷᠤᠬᠤ ᠳᠤ ᠭᠡᠷ ᠤᠨ ᠡᠵᠡᠭᠲᠡᠢ ᠬᠦᠦ ᠲᠠᠢ ᠪᠠᠨ ᠬᠤᠶᠠᠭᠤᠯᠠ ᠵᠠᠰᠠᠨ ᠴᠢᠮᠡᠭᠯᠡᠵᠦ ᠪᠠᠷᠠᠮᠠᠷ ᠪᠠᠶᠢᠭ᠎ᠠ ᠰᠢᠨ᠎ᠡ ᠤᠷᠤᠨ ᠰᠠᠭᠤᠴᠠ ᠪᠠᠨ ᠪᠠᠶᠢᠴᠠᠭᠠᠨ ᠦᠵᠡᠵᠦ ᠪᠠᠶᠢᠪᠠ᠃        ︽164 ᠲᠡᠭᠰᠢ ᠳᠦᠷᠪᠡᠯᠵᠢᠨ ᠮᠧᠲᠷ ᠤᠨ ᠤᠷᠤᠨ ᠰᠠᠭᠤᠴᠠ ᠰᠢᠦ᠂ ᠵᠠᠰᠠᠨ ᠴᠢᠮᠡᠭᠯᠡᠬᠦ ᠰᠠᠭᠤᠷᠢ ᠰᠦᠢᠳᠬᠡᠯ ᠨᠢ 18 ᠲᠦᠮᠡᠨ ᠲᠦᠭᠦᠷᠢᠭ ᠢᠶᠠᠷ ᠪᠦᠬᠦᠨ ᠢ ᠳᠠᠭᠠᠭᠠᠴᠢᠯᠠᠭᠤᠯᠵᠤ ᠦᠭᠭᠦᠭᠰᠡᠨ ᠶᠤᠮ᠂ ᠬᠤᠶᠠᠷ ᠰᠠᠷ᠎ᠠ ᠭᠠᠷᠤᠢ ᠵᠠᠰᠠᠨ ᠴᠢᠮᠡᠭᠯᠡᠭᠡᠳ ᠤᠳᠤ ᠳᠠᠭᠤᠰᠤᠮᠠᠷ ᠪᠠᠶᠢᠨ᠎ᠠ᠂ ᠭᠡᠲᠡᠯ᠎ᠡ ᠱᠠᠯᠠ ᠶᠢ ᠳᠡᠪᠢᠰᠦᠭᠰᠡᠨ ᠨᠢ ᠲᠡᠶᠢᠮᠦ ᠨᠢᠭᠲᠠ ᠪᠢᠰᠢ᠂ ᠲᠤᠭᠤᠭᠠᠨ ᠭᠡᠷ ᠤᠨ ᠬᠤᠷᠭᠤ ᠶᠢ ᠴᠦ ᠰᠠᠨᠠᠭᠠᠨ ᠳᠤ ᠲᠠᠭᠠᠷᠠᠲᠠᠯ᠎ᠠ ᠬᠢᠵᠦ ᠴᠢᠳᠠᠭᠰᠠᠨ ᠦᠭᠡᠢ᠂ ᠵᠠᠰᠠᠨ ᠴᠢᠮᠡᠭᠯᠡᠬᠦ ᠰᠦᠢᠳᠬᠡᠯ ᠤᠨ 20% ᠶᠢ ᠨᠢ ᠦᠭᠬᠦ ᠦᠭᠡᠢ︾ ᠭᠡᠵᠦ ᠭᠡᠷ ᠤᠨ ᠡᠵᠡᠭᠲᠡᠢ ᠠᠭᠤᠷᠯᠠᠨ᠎ᠠ᠃        ᠯᠢ ᠠᠪᠤᠭᠠᠢ ᠲᠠᠬᠢᠭᠠᠳ ᠨᠢᠭᠡ ᠠᠶᠢᠯ ᠳᠤ ᠤᠷᠤᠵᠤ᠂ ᠲᠡᠳᠡᠨ ᠤ ᠭᠡᠷ ᠢᠶᠠᠨ ᠵᠠᠰᠠᠨ ᠴᠢᠮᠡᠭᠯᠡᠵᠦ ᠪᠠᠶᠢᠭ᠎ᠠ ᠪᠠᠶᠢᠳᠠᠯ ᠢ ᠤᠶᠢᠯᠠᠭᠠᠪᠠ᠃ ᠭᠡᠷ ᠤᠨ ᠡᠵᠡᠨ ᠶᠠᠩ ᠠᠪᠤᠭᠠᠢ᠄ ︽ᠮᠢᠨᠦ ᠰᠤᠩᠭᠤᠭᠰᠠᠨ ᠬᠦᠮᠦᠰ ᠪᠤᠯ ᠪᠦᠷ ᠲᠤᠷᠰᠢᠯᠭ᠎ᠠ ᠰᠠᠶᠢᠲᠠᠢ ᠠᠵᠢᠯᠲᠠᠨ ᠪᠤᠯᠤᠨ᠎ᠠ᠂ ᠭᠡᠪᠡᠴᠦ ᠵᠠᠰᠠᠨ ᠴᠢᠮᠡᠭᠯᠡᠬᠦ ᠮᠠᠲ᠋ᠧᠷᠢᠶᠠᠯ ᠢᠶᠠᠨ ᠬᠤᠳᠠᠯᠳᠤᠨ ᠠᠪᠬᠤ᠂ ᠬᠢᠨᠠᠯᠲᠠ ᠲᠠᠯᠪᠢᠬᠤ ᠪᠠ ᠵᠢᠷᠤᠭ ᠲᠦᠯᠦᠪᠯᠡᠭᠡ ᠪᠠᠨ ᠪᠦᠷ ᠦᠪᠡᠰᠦᠪᠡᠨ ᠬᠢᠨ᠎ᠡ᠂ ᠬᠡᠲᠦᠨ ᠰᠠᠷ᠎ᠠ ᠪᠤᠯᠴᠢᠬᠠᠯ᠎ᠠ᠂ ᠶᠠᠳᠠᠷᠠᠵᠤ ᠦᠬᠦᠮᠡᠷ ᠪᠠᠶᠢᠨ᠎ᠠ︾ ᠭᠡᠵᠦ ᠶᠠᠷᠢᠨ᠎ᠠ᠃        ︽ᠶᠠᠳᠠᠷᠠᠬᠤ ᠦᠭᠡᠢ ᠭᠡᠰᠡᠨ ᠶᠠᠪᠤᠳᠠᠯ ᠪᠠᠶᠢᠨ᠎ᠠ ᠦᠦ ᠳ᠋ᠠ᠂ ᠭᠡᠪᠡᠴᠦ ᠪᠢ ᠦᠪᠡᠷ ᠢᠶᠠᠨ ᠵᠢᠷᠤᠵᠤ ᠲᠦᠯᠦᠪᠯᠡᠵᠦ ᠴᠢᠳᠠᠬᠤ ᠦᠭᠡᠢ ᠶᠠᠭᠠᠬᠢᠬᠤ ᠪᠤᠢ︖︾ ᠭᠡᠵᠦ ᠯᠢ ᠠᠪᠤᠭᠠᠢ ᠠᠰᠠᠭᠤᠬᠤ ᠳᠤ᠂ ᠶᠠᠩ ᠠᠪᠤᠭᠠᠢ᠄ ︽ᠬᠡᠷᠪᠡ ᠴᠢ ᠵᠠᠰᠠᠨ ᠴᠢᠮᠡᠭᠯᠡᠬᠦ ᠠᠵᠢᠯᠲᠠᠨ ᠢᠶᠠᠨ ᠦᠪᠡᠷ ᠢᠶᠠᠨ ᠡᠷᠢᠭ᠍ᠰᠡᠨ ᠪᠤᠯ᠂ ᠠᠵᠢᠯ ᠡᠬᠢᠯᠡᠬᠦ ᠠᠴᠠ ᠡᠮᠦᠨ᠎ᠡ ᠲᠡᠳᠡ ᠴᠢᠮ᠎ᠠ ᠠᠴᠠ ᠲᠤᠭ᠎ᠠ ᠪᠠᠷᠢᠮᠲᠠ ᠪᠠ ᠶᠠᠭᠠᠬᠢᠵᠤ ᠵᠠᠰᠠᠬᠤ ᠶᠢ ᠤᠷᠢᠳᠠᠪᠠᠷ ᠠᠰᠠᠭᠤᠨ᠎ᠠ᠂ ᠡᠨᠡ ᠪᠤᠯ ᠬᠠᠷᠢᠭᠤᠴᠠᠯᠭ᠎ᠠ ᠲᠦᠯᠬᠢᠵᠦ ᠪᠠᠶᠢᠭ᠎ᠠ ᠶᠠᠪᠤᠳᠠᠯ ᠡ᠂ ᠡᠶᠢᠮᠦ ᠲᠡᠶᠢᠮᠦ ᠠᠰᠠᠭᠤᠳᠠᠯ ᠲᠠᠢ ᠪᠤᠯᠴᠢᠬᠠᠪᠠᠯ᠂ ᠲᠠ ᠮᠠᠨ ᠢ ᠢᠩᠭᠢᠵᠦ ᠬᠢ ᠭᠡᠵᠦ ᠵᠠᠬᠢᠭᠰᠠᠨ ᠭᠡᠨ᠎ᠡ᠂ ᠬᠡᠷᠪᠡ ᠮᠡᠷᠭᠡᠵᠢᠯ ᠲᠤᠷᠰᠢᠯᠭ᠎ᠠ ᠦᠭᠡᠢ ᠬᠦᠮᠦᠨ ᠢ ᠡᠷᠢᠪᠡᠯ ᠯᠠᠪ ᠠᠰᠠᠭᠤᠳᠠᠯ ᠭᠠᠷᠤᠨ᠎ᠠ᠂ ᠡᠶᠢᠮᠦ ᠠᠴᠠ ᠶᠠᠮᠠᠷ ᠬᠦᠮᠦᠨ ᠢ ᠡᠷᠢᠬᠦ ᠨᠢ ᠬᠠᠮᠤᠭ ᠴᠢᠬᠤᠯᠠ᠂ ᠠᠳᠡ ᠳᠤᠷᠠᠳᠤᠭᠤᠰᠢᠲᠠᠢ ᠨᠢ ᠪᠢ ᠪᠠᠰᠠ 18 ᠲᠦᠭᠦᠷᠢᠭ ᠵᠠᠷᠤᠴᠠᠭᠤᠯᠤᠭᠰᠠᠨ ᠪᠤᠯᠪᠠᠴᠤ ᠮᠠᠲ᠋ᠧᠷᠢᠶᠠᠯ ᠢᠶᠠᠨ ᠦᠪᠡᠰᠦᠪᠡᠨ ᠬᠤᠳᠠᠯᠳᠤᠨ ᠠᠪᠤᠭᠰᠠᠨ ᠪᠤᠯᠬᠤᠷ ᠪᠦᠷ ᠬᠠᠮᠤᠭ ᠰᠠᠶᠢᠨ ᠨᠢ ᠪᠤᠯᠤᠨ᠎ᠠ︾ ᠭᠡᠯ᠎ᠡ᠃ ᠡᠳᠡᠭᠡᠷ ᠢ ᠰᠤᠨᠤᠰᠤᠭᠠᠳ ᠯᠢ ᠠᠪᠤᠭᠠᠢ ᠰᠤᠩᠭᠤᠯᠲᠠ ᠬᠢᠵᠦ ᠳᠡᠶᠢᠯᠬᠦ ᠪᠠᠨ ᠪᠤᠯᠢᠪᠠ᠃        ᠬᠦᠬᠡᠬᠤᠲᠠ ᠶᠢᠨ ᠬᠡᠷᠡᠭᠯᠡᠭᠴᠢᠳ ᠤᠨ ᠨᠡᠶᠢᠭᠡᠮᠯᠢᠭ ᠤᠨ 2015 ᠤᠨ ᠤ ᠵᠠᠰᠠᠨ ᠴᠢᠮᠡᠭᠯᠡᠬᠦ ᠠᠵᠢᠯ ᠲᠦᠷᠦᠯ ᠤᠨ ᠢᠲᠡᠭᠡᠮᠵᠢ ᠶᠢᠨ ᠲᠤᠬᠠᠢ ᠪᠠᠶᠢᠴᠠᠭᠠᠯᠲᠠ ᠶᠢ ᠦᠨᠳᠦᠰᠦᠯᠡᠪᠡᠯ᠂ ᠤᠷᠤᠨ ᠰᠠᠭᠤᠴᠠ ᠵᠠᠰᠠᠨ ᠴᠢᠮᠡᠭᠯᠡᠬᠦ ᠠᠵᠢᠯ ᠲᠦᠷᠦᠯ ᠤᠨ ᠢᠲᠡᠭᠡᠮᠵᠢ ᠠᠨᠠᠢ᠂ ᠮᠡᠷᠭᠡᠵᠢᠯ ᠨᠢ ᠬᠢᠷᠢ ᠬᠦᠷᠬᠦ ᠦᠭᠡᠢ᠂ 50% ᠤᠨ ᠵᠡᠷ ᠮᠡᠳᠡᠭᠡ ᠨᠢ ᠬᠤᠳᠠᠯ ᠬᠠᠭᠤᠷᠮᠠᠭ᠃        ᠬᠦᠬᠡᠬᠤᠲᠠ ᠶᠢᠨ ᠷᠦ᠋ ᠢ ᠨᠡᠭᠡᠭᠡᠯᠲᠡ ᠶᠢᠨ ᠲᠤᠭᠤᠷᠢᠭ ᠪᠠ ᠶᠢᠨ ᠴᠢᠶᠤᠤ ᠨᠡᠭᠡᠭᠡᠯᠲᠡ ᠶᠢᠨ ᠲᠤᠭᠤᠷᠢᠭ ᠵᠡᠷᠭᠡ ᠭᠠᠵᠠᠷ ᠤᠨ ᠰᠢᠨ᠎ᠡ ᠪᠠᠶᠢᠭᠤᠯᠤᠭᠰᠠᠨ ᠬᠡᠳᠦᠨ ᠪᠠᠭ᠎ᠠ ᠲᠤᠭᠤᠷᠢᠭ ᠤᠨ ᠪᠠᠶᠢᠳᠠᠯ ᠠᠴᠠ ᠦᠵᠡᠪᠡᠯ᠂ ᠬᠦᠬᠡᠬᠤᠲᠠ ᠶᠢᠨ ᠤᠷᠤᠨ ᠰᠠᠭᠤᠴᠠ ᠵᠠᠰᠠᠨ ᠴᠢᠮᠡᠭᠯᠡᠬᠦ ᠰᠠᠭᠤᠷᠢ ᠰᠦᠢᠳᠬᠡᠯ ᠤᠨ ᠪᠠᠷᠢᠮᠵᠢᠶ᠎ᠠ ᠨᠢ ᠲᠡᠭᠰᠢ ᠳᠦᠷᠪᠡᠯᠵᠢᠨ ᠮᠧᠲᠷ ᠪᠦᠷᠢ ᠳᠡᠭᠡᠨ 1000 ᠲᠦᠭᠦᠷᠢᠭ ᠬᠦᠷᠴᠦ᠂ 1/3 ᠶᠢᠨ ᠬᠦᠮᠦᠰ ᠵᠠᠰᠠᠨ ᠴᠢᠮᠡᠭᠯᠡᠬᠦ ᠺᠤᠮᠫᠠᠨᠢ ᠳᠤ ᠨᠠᠶᠢᠳᠠᠵᠤ ᠵᠠᠰᠠᠨ ᠴᠢᠮᠡᠭᠯᠡᠭᠦᠯᠵᠦ ᠪᠠᠶᠢᠨ᠎ᠠ᠃ ᠡᠳᠡᠭᠡᠷ ᠬᠦᠮᠦᠰ ᠵᠠᠰᠠᠨ ᠴᠢᠮᠡᠭᠯᠡᠭᠦᠯᠬᠦ ᠶᠠᠪᠤᠴᠠ ᠳᠤ ᠵᠢᠭᠤᠷᠠᠭᠠᠨ ᠭᠠᠷᠪᠠᠯ ᠬᠠᠭᠠᠰ ᠨᠢ ᠠᠶᠠᠳᠠᠨ ᠡᠶᠡᠳᠡᠵᠦ ᠪᠠᠶᠢᠬᠤ ᠪᠤᠶᠤ ᠦᠪᠡᠷ ᠤᠨ ᠡᠷᠬᠡ ᠠᠰᠢᠭ ᠢᠶᠠᠨ ᠶᠠᠭᠠᠬᠢᠵᠦ ᠬᠠᠮᠠᠭᠠᠯᠠᠬᠤ ᠪᠠᠨ ᠮᠡᠳᠡᠬᠦ ᠦᠭᠡᠢ ᠪᠠᠶᠢᠨ᠎ᠠ᠃        ᠮᠠᠲ᠋ᠧᠷᠢᠶᠠᠯ ᠤᠨ ᠶᠠᠰᠤ ᠴᠢᠨᠠᠷ ᠪᠠᠲᠤᠯᠠᠭ᠎ᠠ ᠦᠭᠡᠢ        ᠬᠡᠷᠡᠭᠯᠡᠭᠴᠢᠳ ᠤᠨ ᠨᠡᠶᠢᠭᠡᠮᠯᠢᠭ ᠤᠨ ᠪᠦᠷᠢᠳᠬᠡᠯ ᠢ ᠦᠨᠳᠦᠰᠦᠯᠡᠪᠡᠯ᠂ ᠤᠯᠠᠩᠬᠢ ᠬᠦᠮᠦᠨ ᠵᠠᠰᠠᠨ ᠴᠢᠮᠡᠭᠯᠡᠬᠦ ᠺᠤᠮᠫᠠᠨᠢ ᠲᠠᠢ ᠭᠡᠷ᠎ᠡ ᠲᠤᠭᠲᠠᠬᠤ ᠳᠠᠭᠠᠨ ᠪᠦᠭᠦᠳᠡ ᠶᠢ ᠳᠠᠭᠠᠭᠠᠴᠢᠯᠠᠭᠤᠯᠬᠤ ᠭᠡᠷ᠎ᠡ ᠲᠤᠭᠲᠠᠵᠤ ᠪᠠᠶᠢᠨ᠎ᠠ᠂ ᠵᠠᠰᠠᠨ ᠴᠢᠮᠡᠭᠯᠡᠬᠦ ᠦᠶ᠎ᠡ ᠳᠤ ᠬᠡᠷᠡᠭᠯᠡᠬᠦ ᠶᠡᠭᠡ ᠪᠠᠭ᠎ᠠ ᠮᠠᠲ᠋ᠧᠷᠢᠶᠠᠯ ᠨᠢ ᠲᠤᠩ ᠤᠯᠠᠨ᠂ ᠵᠢᠱᠢᠶᠡᠯᠡᠪᠡᠯ ᠮᠤᠳᠤ᠂ ᠲᠡᠮᠦᠷ᠂ ᠱᠠᠯᠠ ᠂ ᠬᠠᠪᠲᠠᠰᠤ᠂ ᠰᠢᠷ ᠪᠤᠳᠤᠭ᠂ ᠬᠠᠳᠠᠭᠠᠰᠤ ᠵᠡᠷᠭᠡ᠃ ᠬᠤᠶᠠᠷ ᠲᠠᠯ᠎ᠠ ᠪᠠᠷ ᠢᠶᠠᠨ ᠭᠡᠷ᠎ᠡ ᠲᠤᠭᠲᠠᠬᠤ ᠳᠠᠭᠠᠨ ᠡᠷᠬᠡᠪᠰᠢ ᠬᠡᠷᠡᠭᠯᠡᠬᠦ ᠮᠠᠲ᠋ᠧᠷᠢᠶᠠᠯ ᠤᠨ ᠢᠶᠠᠨ ᠲᠦᠷᠦᠯ ᠲᠡᠮᠳᠡᠭ᠂ ᠵᠡᠷᠭᠡ ᠳᠡᠰ᠂ ᠬᠡᠯᠪᠡᠷᠢ ᠶᠠᠩᠵᠤ ᠪᠠ ᠦᠨ᠎ᠡ ᠬᠠᠩᠰᠢ ᠶᠢ ᠨᠢ ᠲᠤᠳᠤᠷᠬᠠᠶᠢᠯᠠᠬᠤ ᠴᠢᠬᠤᠯᠠᠲᠠᠢ᠃ ᠢᠩᠭᠢᠪᠡᠯ ᠵᠠᠰᠠᠵᠤ ᠴᠢᠮᠡᠵᠦ ᠪᠠᠷᠠᠭᠰᠠᠨ ᠤ ᠳᠠᠷᠠᠭ᠎ᠠ ᠬᠡᠷᠡᠭᠯᠡᠭᠴᠢ ᠬᠡᠷᠪᠡ ᠬᠡᠷᠡᠭᠯᠡᠭᠰᠡᠨ ᠮᠠᠲ᠋ᠧᠷᠢᠶᠠᠯ ᠪᠠ ᠵᠠᠰᠠᠵᠤ ᠴᠢᠮᠡᠭᠰᠡᠨ ᠮᠡᠷᠭᠡᠵᠢᠯ ᠨᠢ ᠠᠰᠠᠭᠤᠳᠠᠯ ᠲᠠᠢ ᠪᠤᠯ ᠡᠷᠬᠡ ᠠᠰᠢᠭ ᠢᠶᠠᠨ ᠬᠠᠮᠠᠭᠠᠯᠠᠬᠤ ᠳᠤ ᠭᠡᠷᠡᠴᠢ ᠪᠠᠷᠢᠮᠲᠠ ᠲᠠᠢ ᠪᠤᠯᠤᠨ᠎ᠠ᠃        2015 ᠤᠨ ᠤ 1 ᠰᠠᠷ᠎ᠠ ᠳᠤ᠂ ᠬᠦᠬᠡᠬᠤᠲᠠ ᠶᠢᠨ ᠸᠠᠩ ᠠᠪᠠᠭᠠᠢ ᠨᠢᠭᠡᠨ ᠵᠠᠰᠠᠨ ᠴᠢᠮᠡᠭᠯᠡᠬᠦ ᠺᠤᠮᠫᠠᠨᠢ  ᠲᠠᠢ ᠭᠡᠷ ᠢᠶᠠᠨ ᠵᠠᠰᠠᠨ ᠴᠢᠮᠡᠭᠯᠡᠭᠦᠯᠬᠦ ᠭᠡᠷ᠎ᠡ ᠲᠤᠭᠲᠠᠵᠤ᠂ ᠵᠠᠰᠠᠨ ᠴᠢᠮᠡᠭᠯᠡᠬᠦ ᠰᠠᠭᠤᠷᠢ ᠰᠦᠢᠳᠬᠡᠯ 22 ᠲᠦᠮᠡᠨ ᠲᠦᠭᠦᠷᠢᠭ ᠲᠤᠰᠢᠶᠠᠪᠠ᠃ ᠲᠤᠰ ᠺᠤᠮᠫᠠᠨᠢ 5 ᠰᠠᠷ᠎ᠠ ᠭᠠᠷᠤᠢ ᠶᠢᠨ ᠴᠠᠭ ᠢ ᠬᠡᠷᠡᠭᠰᠡᠵᠦ ᠠᠵᠢᠯ ᠢᠶᠠᠨ ᠪᠦᠬᠦᠨ ᠢ ᠳᠠᠭᠤᠰᠬᠠᠪᠠ᠃ ᠸᠠᠩ ᠠᠪᠠᠭᠠᠢ ᠪᠠᠶᠢᠴᠠᠭᠠᠵᠤ ᠦᠵᠡᠬᠦ ᠳᠤ ᠵᠠᠰᠠᠨ ᠴᠢᠮᠡᠭᠯᠡᠬᠦ ᠺᠤᠮᠫᠠᠨᠢ ᠶᠢᠨ ᠬᠡᠷᠡᠭᠯᠡᠭᠰᠡᠨ ᠵᠠᠷᠢᠮ ᠮᠠᠲ᠋ᠧᠷᠢᠶᠠᠯ ᠤᠨ ᠲᠦᠷᠦᠯ ᠲᠡᠮᠳᠡᠭ ᠪᠠ ᠶᠠᠰᠤ ᠴᠢᠨᠠᠷ ᠨᠢ ᠭᠡᠷ᠎ᠡ ᠳᠤ ᠲᠤᠭᠲᠠᠭᠰᠠᠨ ᠠᠭᠤᠯᠭ᠎ᠠ ᠲᠠᠢ ᠨᠡᠶᠢᠴᠡᠬᠦ ᠦᠭᠡᠢ᠂ ᠲᠤᠭᠤᠭᠠᠨ ᠭᠡᠷ ᠤᠨ ᠬᠤᠷᠭᠤ ᠶᠢᠨ ᠦᠷᠭᠡᠴᠡ ᠨᠢ 3 ᠰᠡᠨᠲ᠋ᠢᠮᠧᠲᠷ ᠲᠤᠲᠠᠵᠤ᠂ ᠭᠡᠷ ᠲᠤᠲᠤᠷᠠᠬᠢ ᠠᠭᠠᠷ ᠤᠨ ᠪᠤᠬᠢᠷᠳᠤᠯ ᠨᠢ ᠪᠠᠷᠢᠮᠵᠢᠶ᠎ᠠ ᠠᠴᠠ ᠬᠡᠲᠦᠷᠡᠭᠰᠡᠨ ᠪᠠᠶᠢᠨ᠎ᠠ᠃ ᠸᠠᠩ ᠠᠪᠠᠭᠠᠢ ᠺᠤᠮᠫᠠᠨᠢ ᠶᠢ ᠬᠡᠳᠦᠨᠲᠡ ᠡᠷᠢᠵᠦ ᠬᠠᠷᠢᠴᠠᠭᠰᠠᠨ ᠪᠤᠯᠪᠠᠴᠤ ᠵᠦᠭ ᠭᠠᠷᠤᠭᠰᠠᠨ ᠦᠭᠡᠢ ᠪᠤᠯᠬᠤᠷ ᠸᠠᠩ ᠠᠪᠠᠭᠠᠢ ᠬᠡᠷᠡᠭᠯᠡᠭᠴᠢᠳ ᠤᠨ ᠨᠡᠶᠢᠭᠡᠮᠯᠢᠭ ᠲᠤ ᠵᠠᠭᠠᠯᠳᠤᠪᠠ᠃        ︽ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠬᠠᠤᠯᠢ︾ ᠶᠢᠨ 44 ᠳ᠋ᠦ᠋ᠭᠡᠷ ᠵᠤᠷᠪᠤᠰ ᠤᠨ ᠲᠤᠭᠲᠠᠭᠠᠯ ᠳᠤ᠂ ᠡᠵᠡᠩᠨᠡᠭᠴᠢ ᠲᠠᠸᠠᠷ ᠪᠤᠶᠤ ᠦᠢᠯᠡᠴᠢᠯᠡᠭᠡ ᠬᠠᠩᠭᠠᠬᠤ ᠳᠠᠭᠠᠨ ᠬᠡᠷᠡᠭᠯᠡᠭᠴᠢ ᠶᠢᠨ ᠡᠳ᠋ ᠬᠦᠷᠦᠩᠭᠡ ᠶᠢ ᠬᠤᠬᠢᠷᠠᠭᠤᠯᠤᠭᠰᠠᠨ ᠪᠤᠯ ᠬᠡᠷᠡᠭᠯᠡᠭᠴᠢ ᠶᠢᠨ ᠱᠠᠭᠠᠷᠳᠠᠯᠭ᠎ᠠ ᠶᠤᠰᠤᠭᠠᠷ ᠵᠠᠰᠠᠨ ᠰᠡᠯᠪᠢᠬᠦ᠂ ᠲᠠᠬᠢᠨ ᠵᠠᠰᠠᠬᠤ᠂ ᠰᠤᠯᠢᠵᠤ ᠦᠭᠬᠦ᠂ ᠪᠠᠷᠠᠭ᠎ᠠ ᠪᠠᠨ ᠪᠤᠴᠠᠭᠠᠬᠤ᠂ ᠲᠠᠸᠠᠷ ᠤᠨ ᠲᠤᠭ᠎ᠠ ᠬᠡᠮᠵᠢᠶ᠎ᠡ ᠶᠢ ᠨᠦᠬᠦᠵᠦ ᠭᠦᠢᠴᠡᠳᠬᠡᠬᠦ᠂ ᠲᠠᠸᠠᠷ ᠤᠨ ᠵᠤᠭᠤᠰ ᠪᠠ ᠦᠢᠯᠡᠴᠢᠯᠡᠭᠡᠨ ᠤ ᠰᠦᠢᠳᠬᠡᠯ ᠢ ᠨᠢ ᠪᠤᠴᠠᠭᠠᠬᠤ ᠪᠤᠶᠤ ᠬᠤᠬᠢᠷᠠᠯ ᠢ ᠲᠦᠯᠦᠬᠦ ᠵᠡᠷᠭᠡ ᠬᠡᠯᠪᠡᠷᠢ ᠪᠠᠷ ᠢᠷᠭᠡᠨ ᠤ ᠶᠠᠪᠤᠳᠠᠯ ᠤᠨ ᠬᠠᠷᠢᠭᠤᠴᠠᠯᠭ᠎ᠠ ᠡᠭᠦᠷᠭᠡᠯᠡᠨ᠎ᠡ᠃ ᠬᠡᠷᠡᠭᠯᠡᠭᠴᠢ ᠪᠠ ᠡᠵᠡᠩᠨᠡᠭᠴᠢ ᠬᠤᠭᠤᠷᠤᠨᠳᠤ ᠪᠠᠨ ᠬᠡᠷᠪᠡ ᠦᠭᠡᠷ᠎ᠡ ᠭᠡᠷ᠎ᠡ ᠲᠠᠢ ᠪᠤᠯ ᠭᠡᠷ᠎ᠡ ᠶᠤᠰᠤᠭᠠᠷ ᠭᠦᠢᠴᠡᠳᠬᠡᠨ᠎ᠡ ᠭᠡᠵᠦ ᠲᠤᠭᠲᠠᠭᠠᠭᠰᠠᠨ ᠪᠠᠶᠢᠨ᠎ᠠ᠃        ᠬᠡᠷᠡᠭᠯᠡᠭᠴᠢᠳ ᠤᠨ ᠨᠡᠶᠢᠭᠡᠮᠯᠢᠭ ᠠᠴᠠ ᠡᠨᠡᠬᠦ ᠲᠤᠭᠲᠠᠭᠠᠯ ᠢ ᠦᠨᠳᠦᠰᠦᠯᠡᠨ ᠲᠤᠰ ᠺᠤᠮᠫᠠᠨᠢ ᠶᠢᠨ ᠵᠠᠰᠠᠨ ᠴᠢᠮᠡᠭᠯᠡᠭᠰᠡᠨ ᠶᠠᠰᠤ ᠴᠢᠨᠠᠷ ᠤᠨ ᠠᠰᠠᠭᠤᠳᠠᠯ ᠢᠶᠠᠷ ᠸᠠᠩ ᠠᠪᠠᠭᠠᠢ ᠳᠤ 5.5 ᠲᠦᠮᠡᠨ ᠲᠦᠭᠦᠷᠢᠭ ᠤᠨ ᠲᠦᠯᠦᠪᠦᠷᠢ ᠦᠭᠬᠦ ᠰᠢᠢᠳᠬᠡᠯ ᠭᠠᠷᠭᠠᠭᠰᠠᠨ ᠪᠠᠶᠢᠨ᠎ᠠ᠃        ᠳᠦᠷᠢᠮᠵᠢᠭᠰᠡᠨ ᠭᠡᠷ᠎ᠡ ᠲᠤᠭᠲᠠᠬᠤ ᠬᠡᠷᠡᠭᠲᠡᠢ        ᠬᠦᠬᠡᠬᠤᠲᠠ ᠶᠢᠨ ᠬᠡᠷᠡᠭᠯᠡᠭᠴᠢᠳ ᠤᠨ ᠨᠡᠶᠢᠭᠡᠮᠯᠢᠭ ᠤᠨ ᠬᠤᠯᠪᠤᠭᠳᠠᠯ ᠪᠦᠬᠦᠢ ᠬᠦᠮᠦᠰ ᠤᠨ ᠲᠠᠨᠢᠯᠴᠠᠭᠤᠯᠬᠤ ᠪᠠᠷ᠂ ᠭᠡᠷ ᠢᠶᠠᠨ ᠵᠠᠰᠠᠨ ᠴᠢᠮᠡᠭᠯᠡᠭᠦᠯᠬᠦ ᠳᠡᠭᠡᠨ ᠦᠪᠡᠷ ᠢᠶᠠᠨ ᠬᠦᠮᠦᠨ ᠡᠷᠢᠬᠦ ᠪᠤᠶᠤ ᠵᠠᠰᠠᠨ ᠴᠢᠮᠡᠭᠯᠡᠬᠦ ᠺᠤᠮᠫᠠᠨᠢ ᠶᠢ ᠡᠷᠢᠵᠦ ᠭᠡᠷ ᠢᠶᠠᠨ ᠵᠠᠰᠠᠨ ᠴᠢᠮᠡᠭᠯᠡᠬᠦ ᠳᠡᠭᠡᠨ ᠤᠷᠢᠳᠠᠪᠠᠷ ᠵᠠᠰᠠᠨ ᠴᠢᠮᠡᠭᠯᠡᠬᠦ ᠵᠦᠪᠳᠡᠯᠴᠡᠭᠡᠷ ᠲᠤᠭᠲᠠᠬᠤ ᠬᠡᠷᠡᠭᠲᠡᠢ᠃ ᠠᠭᠤᠯᠭ᠎ᠠ ᠨᠢ ᠵᠠᠰᠠᠨ ᠴᠢᠮᠡᠭᠯᠡᠬᠦ ᠶᠠᠪᠤᠴᠠ ᠳᠠᠬᠢ ᠮᠠᠲ᠋ᠧᠷᠢᠶᠠᠯ ᠤᠨ ᠰᠤᠩᠭᠤᠯᠲᠠ᠂ ᠵᠢᠷᠤᠭ ᠲᠦᠯᠦᠪᠯᠡᠭᠡ᠂ ᠭᠡᠷ ᠲᠤᠲᠤᠷᠠᠬᠢ ᠤᠷᠴᠢᠨ ᠲᠤᠭᠤᠷᠢᠨ ᠤ ᠬᠠᠮᠠᠭᠠᠯᠠᠯᠲᠠ ᠵᠡᠷᠭᠡ ᠨᠠᠷᠢᠨ ᠠᠭᠤᠯᠭ᠎ᠠ ᠶᠢ ᠬᠠᠮᠤᠷᠤᠭᠰᠠᠨ ᠪᠠᠶᠢᠬᠤ ᠬᠡᠷᠡᠭᠲᠡᠢ᠂ ᠢᠩᠭᠢᠪᠡᠯ ᠵᠢᠭᠤᠷᠠᠭᠠᠨ ᠭᠠᠷᠬᠤ ᠦᠶ᠎ᠡ ᠳᠤ ᠬᠤᠶᠠᠷ ᠲᠠᠯ᠎ᠠ ᠶᠢᠨ ᠬᠡᠨ ᠠᠯᠢᠨ ᠤ ᠠᠰᠢᠭ ᠲᠤᠰᠠ ᠶᠢ ᠪᠦᠷ ᠬᠠᠮᠠᠭᠠᠯᠠᠵᠤ ᠴᠢᠳᠠᠨ᠎ᠠ᠃        ᠬᠡᠷᠡᠭᠯᠡᠭᠴᠢᠳ ᠤᠨ ᠨᠡᠶᠢᠭᠡᠮᠯᠢᠭ ᠤᠨ ᠤᠶᠢᠷ᠎ᠠ ᠶᠢᠨ ᠵᠢᠯ ᠤᠨ ᠬᠦᠯᠢᠶᠡᠵᠦ ᠠᠪᠤᠭᠰᠠᠨ ᠤᠷᠤᠨ ᠰᠠᠭᠤᠴᠠ ᠵᠠᠰᠠᠨ ᠴᠢᠮᠡᠭᠯᠡᠬᠦ ᠳᠤ ᠬᠤᠯᠪᠤᠭᠳᠠᠭᠰᠠᠨ ᠬᠡᠷᠡᠭᠯᠡᠭᠴᠢᠳ ᠤᠨ ᠵᠠᠭᠠᠯᠳᠤᠯᠭ᠎ᠠ ᠶᠢ ᠬᠤᠷᠢᠶᠠᠩᠭᠤᠶᠢᠯᠠᠪᠠᠯ ᠭᠤᠤᠯᠳᠠᠭᠤ ᠳᠤᠤᠷᠠᠬᠢ ᠳᠦᠷᠪᠡᠨ ᠲᠠᠯ᠎ᠠ ᠳᠤ ᠲᠦᠪᠯᠡᠷᠡᠵᠦ ᠪᠠᠶᠢᠳᠠᠭ᠃        ᠨᠢᠭᠡ ᠳᠤ᠂ ᠭᠡᠷ᠎ᠡ ᠲᠤᠭᠲᠠᠭᠰᠠᠨ ᠨᠢ ᠳᠦᠷᠢᠮᠵᠢᠩᠭᠦᠢ ᠪᠤᠰᠤ᠂ ᠠᠭᠤᠯᠭ᠎ᠠ ᠨᠢ ᠲᠤᠳᠤᠷᠬᠠᠢ ᠦᠭᠡᠢ ᠠᠴᠠ ᠪᠤᠯᠤᠭᠰᠠᠨ ᠵᠢᠭᠤᠷᠠᠭᠠᠨ᠃ ᠵᠠᠷᠢᠮ ᠬᠡᠷᠡᠭᠯᠡᠭᠴᠢᠳ ᠵᠠᠰᠠᠨ ᠴᠢᠮᠡᠭᠯᠡᠬᠦ ᠺᠤᠮᠫᠠᠨᠢ ᠲᠠᠢ ᠭᠡᠷ᠎ᠡ ᠲᠤᠭᠲᠠᠬᠤ ᠳᠠᠭᠠᠨ ᠡᠷᠬᠡᠪᠰᠢ ᠲᠤᠭᠲᠠᠪᠠᠰᠤ ᠵᠤᠬᠢᠬᠤ ᠵᠦᠢᠯ ᠵᠤᠷᠪᠤᠰ ᠢᠶᠠᠨ ᠲᠤᠳᠤᠷᠬᠠᠶᠢᠯᠠᠬᠤ ᠦᠭᠡᠢ ᠠᠴᠠ ᠪᠤᠯᠵᠤ ᠵᠢᠭᠤᠷᠠᠭᠠᠨ ᠡᠭᠦᠰᠳᠡᠭ᠃        ᠬᠤᠶᠠᠷ ᠲᠤ᠂ ᠵᠠᠰᠠᠨ ᠴᠢᠮᠡᠭᠯᠡᠬᠦ ᠮᠠᠲ᠋ᠧᠷᠢᠶᠠᠯ ᠠᠴᠠ ᠪᠤᠯᠤᠭᠰᠠᠨ ᠵᠢᠭᠤᠷᠠᠭᠠᠨ᠃ ᠵᠠᠰᠠᠨ ᠴᠢᠮᠡᠭᠯᠡᠬᠦ ᠬᠡᠯᠪᠡᠷᠢ ᠶᠢ ᠡᠩ ᠤᠨ ᠪᠠᠶᠢᠳᠠᠯ ᠳᠤ ︽ᠨᠢᠭᠡ ᠶᠢ ᠳᠠᠭᠠᠭᠠᠴᠢᠯᠠᠭᠤᠯᠬᠤ︾ ᠪᠠ ︽ᠪᠦᠬᠦᠨ ᠢ ᠳᠠᠭᠠᠭᠠᠴᠢᠯᠠᠭᠤᠯᠬᠤ︾ ᠭᠡᠵᠦ ᠬᠤᠶᠠᠷ ᠵᠦᠢᠯ ᠳᠤ ᠬᠤᠪᠢᠶᠠᠳᠠᠭ᠃ ︽ᠨᠢᠭᠡ ᠶᠢ ᠳᠠᠭᠠᠭᠠᠴᠢᠯᠠᠭᠤᠯᠬᠤ︾ ᠭᠡᠳᠡᠭ ᠨᠢ ᠵᠠᠰᠠᠨ ᠴᠢᠮᠡᠭᠯᠡᠬᠦ ᠠᠵᠢᠯ ᠢ ᠨᠢ ᠳᠠᠭᠠᠭᠠᠴᠢᠯᠠᠭᠤᠯᠬᠤ ᠠᠴᠠ ᠪᠢᠰᠢ ᠮᠠᠲ᠋ᠧᠷᠢᠶᠠᠯ ᠢ ᠨᠢ ᠳᠠᠭᠠᠭᠠᠴᠢᠯᠠᠭᠤᠯᠬᠤ ᠦᠭᠡᠢ᠂ ︽ᠪᠦᠬᠦᠨ ᠢ ᠳᠠᠭᠠᠭᠠᠴᠢᠯᠠᠭᠤᠯᠬᠤ︾ ᠭᠡᠳᠡᠭ ᠨᠢ ᠵᠠᠰᠠᠨ ᠴᠢᠮᠡᠭᠯᠡᠬᠦ ᠠᠵᠢᠯ ᠪᠠ ᠮᠠᠲ᠋ᠧᠷᠢᠶᠠᠯ ᠢ ᠨᠢ ᠪᠦᠷ ᠳᠠᠭᠠᠭᠠᠴᠢᠯᠠᠭᠤᠯᠬᠤ ᠶᠢ ᠵᠢᠭᠠᠵᠤ ᠪᠤᠢ᠃ ᠬᠡᠷᠡᠭᠯᠡᠭᠴᠢ ᠬᠡᠷᠪᠡ ︽ᠪᠦᠬᠦᠨ ᠢ ᠳᠠᠭᠠᠭᠠᠴᠢᠯᠠᠭᠤᠯᠬᠤ︾ ᠶᠢ ᠰᠤᠩᠭᠤᠪᠠᠯ ᠵᠠᠷᠢᠮ ᠵᠠᠰᠠᠨ ᠴᠢᠮᠡᠭᠯᠡᠬᠦ ᠺᠤᠮᠫᠠᠨᠢ ᠮᠠᠲ᠋ᠧᠷᠢᠶᠠᠯ ᠢ ᠬᠤᠳᠠᠯᠳᠤᠨ ᠠᠪᠬᠤ ᠳᠠᠭᠠᠨ ᠮᠠᠭᠤ ᠪᠠᠷ ᠰᠠᠶᠢᠨ ᠢ ᠤᠷᠤᠯᠠᠭᠤᠯᠬᠤ᠂ ᠬᠠᠭᠤᠷᠮᠠᠭ ᠮᠠᠭᠤ ᠪᠠᠷ ᠦᠨᠡᠨ ᠰᠠᠶᠢᠨ ᠢ ᠤᠷᠤᠯᠠᠭᠤᠯᠬᠤ ᠵᠡᠷᠭᠡ ᠠᠷᠭ᠎ᠠ ᠪᠠᠷ ᠬᠡᠷᠡᠭᠯᠡᠭᠴᠢᠳ ᠢ ᠮᠡᠬᠡᠯᠡᠵᠦ ᠬᠤᠬᠢᠷᠠᠯ ᠠᠮᠰᠠᠭᠤᠯᠳᠠᠭ᠃        ᠭᠤᠷᠪᠠ ᠳᠤ᠂ ᠵᠠᠰᠠᠨ ᠴᠢᠮᠡᠭᠯᠡᠭᠰᠡᠨ ᠶᠠᠰᠤ ᠴᠢᠨᠠᠷ ᠠᠴᠠ ᠪᠤᠯᠤᠭᠰᠠᠨ ᠵᠢᠭᠤᠷᠠᠭᠠᠨ᠃ ᠵᠠᠷᠢᠮ ᠵᠠᠰᠠᠨ ᠴᠢᠮᠡᠭᠯᠡᠬᠦ ᠺᠤᠮᠫᠠᠨᠢ ᠶᠢᠨ ᠠᠵᠢᠯᠲᠠᠨ ᠤ ᠮᠡᠷᠭᠡᠵᠢᠯ ᠪᠤᠯᠪᠠᠰᠤᠷᠠᠯ ᠤᠨ ᠬᠢᠷᠢ ᠲᠦᠪᠰᠢᠨ ᠳᠤᠤᠷ᠎ᠠ ᠠᠴᠠ ᠪᠤᠯᠵᠤ᠂ ᠶᠠᠰᠤ ᠴᠢᠨᠠᠷ ᠤᠨ ᠵᠢᠭᠤᠷᠠᠭᠠᠨ ᠡᠭᠦᠰᠳᠡᠭ᠃        ᠳᠦᠷᠪᠡ ᠳᠤ᠂ ᠵᠠᠰᠠᠨ ᠴᠢᠮᠡᠭᠯᠡᠬᠦ ᠠᠵᠢᠯ ᠢᠶᠠᠨ ᠴᠠᠭ ᠲᠤᠬᠠᠢ ᠳᠤᠨᠢ ᠳᠠᠭᠤᠰᠬᠠᠵᠤ ᠳᠡᠶᠢᠯᠬᠦ ᠦᠭᠡᠢ ᠤᠳᠠᠭᠠᠰᠢᠷᠠᠭᠤᠯᠤᠭᠰᠠᠨ ᠠᠴᠠ ᠪᠤᠯᠵᠤ ᠵᠢᠭᠤᠷᠠᠭᠠᠨ ᠡᠭᠦᠰᠴᠦ ᠪᠤᠢ᠃        ᠡᠭᠦᠨ ᠤ ᠲᠤᠬᠠᠢ ᠲᠤᠰᠬᠠᠢ ᠮᠡᠷᠭᠡᠵᠢᠯᠲᠡᠳ ᠤᠨ ᠬᠡᠯᠡᠬᠦ ᠪᠠᠷ᠂ ᠬᠠᠮᠤᠭ ᠤᠨ ᠲᠦᠷᠦᠭᠦᠨ ᠳᠤ ᠵᠢᠭᠤᠷᠠᠭᠠᠨ ᠡᠭᠦᠰᠦᠭᠰᠡᠨ ᠰᠢᠯᠲᠠᠭᠠᠨ ᠢ ᠨᠢ ᠲᠤᠳᠤᠷᠬᠠᠶᠢᠯᠠᠬᠤ ᠬᠡᠷᠡᠭᠲᠡᠢ᠂ ᠳᠠᠷᠤᠢ ᠵᠠᠰᠠᠨ ᠴᠢᠮᠡᠭᠯᠡᠬᠦ ᠲᠠᠯ᠎ᠠ ᠶᠢᠨ ᠠᠵᠢᠯ ᠢᠶᠠᠨ ᠳᠦᠭᠦᠮᠴᠢᠯᠡᠵᠦ ᠮᠠᠲ᠋ᠧᠷᠢᠶᠠᠯ ᠢᠶᠠᠨ ᠲᠤᠲᠠᠭᠤᠳᠠᠭᠤᠯᠤᠭᠰᠠᠨ ᠪᠠ ᠮᠠᠭᠤ ᠮᠠᠲ᠋ᠧᠷᠢᠶᠠᠯ ᠢᠶᠠᠷ ᠰᠠᠶᠢᠨ ᠮᠠᠲ᠋ᠧᠷᠢᠶᠠᠯ ᠢ ᠤᠷᠤᠯᠠᠭᠤᠯᠤᠭᠰᠠᠨ ᠵᠡᠷᠭᠡ ᠵᠤᠷᠢᠭᠤᠳᠠ ᠠᠵᠢᠯᠯᠠᠭ᠎ᠠ ᠠᠴᠠ ᠪᠤᠯᠤᠭᠰᠠᠨ ᠶᠤᠮ ᠦᠦ ᠡᠰᠡᠬᠦᠯ᠎ᠡ ᠰᠡᠷᠭᠡᠶᠢᠯᠡᠵᠦ ᠳᠡᠶᠢᠯᠦᠭᠰᠡᠨ ᠦᠭᠡᠢ ᠠᠴᠠ ᠪᠤᠯᠤᠭᠰᠠᠨ ᠰᠠᠨᠠᠭᠠᠨ ᠠᠴᠠ ᠭᠠᠳᠠᠭᠤᠷᠬᠢ ᠲᠡᠭᠷᠢ ᠶᠢᠨ ᠭᠠᠮᠰᠢᠭ ᠭᠠᠵᠠᠷ ᠤᠨ ᠭᠠᠢ ᠠᠴᠠ ᠪᠤᠯᠤᠭᠰᠠᠨ ᠶᠤᠮ ᠦᠦ︖ ᠡᠰᠡᠬᠦᠯ᠎ᠡ ᠤᠷᠤᠨ ᠰᠠᠭᠤᠴᠠ ᠶᠢᠨ ᠲᠤᠰ ᠪᠡᠶ᠎ᠡ ᠶᠢᠨ ᠭᠡᠮ ᠰᠤᠭᠤᠭ ᠵᠡᠷᠭᠡ ᠰᠢᠯᠲᠠᠭᠠᠨ ᠪᠤᠶᠤ ᠭᠤᠷᠪᠠᠳᠤᠭᠠᠷ ᠡᠲᠡᠭᠡᠳ ᠤᠨ ᠰᠢᠯᠲᠠᠭᠠᠨ ᠠᠴᠠ ᠪᠤᠯᠤᠭᠰᠠᠨ ᠶᠤᠮ ᠦᠦ︖ ᠭᠡᠳᠡᠭ ᠢ ᠲᠤᠳᠤᠷᠬᠠᠶᠢᠯᠠᠬᠤ ᠴᠢᠬᠤᠯᠠᠲᠠᠢ᠃ ᠡᠳᠡᠭᠡᠷ ᠪᠠᠶᠢᠳᠠᠯ ᠢ ᠦᠨᠳᠦᠰᠦᠯᠡᠵᠦ ᠪᠠᠶᠢᠭᠠᠳ ᠪᠤᠳᠠᠲᠠᠢ ᠰᠢᠢᠳᠪᠦᠷᠢᠯᠡᠬᠦ ᠠᠷᠭ᠎ᠠ ᠪᠠᠨ ᠵᠦᠪᠳᠡᠨ ᠲᠤᠭᠲᠠᠨ᠎ᠠ᠃ ᠬᠡᠷᠪᠡ ᠬᠤᠶᠠᠷ ᠲᠠᠯ᠎ᠠ ᠪᠠᠷ ᠢᠶᠠᠨ ᠪᠦᠷ ᠪᠤᠷᠤᠭᠤ ᠲᠠᠢ ᠭᠡᠳᠡᠭ ᠢᠶᠠᠨ ᠮᠡᠳᠡᠷᠡᠬᠦ ᠦᠭᠡᠢ ᠪᠤᠯᠪᠠᠯ᠂ ᠮᠡᠷᠭᠡᠵᠢᠯ ᠶᠠᠰᠤ ᠴᠢᠨᠠᠷ ᠢ ᠬᠢᠨᠠᠨ ᠰᠢᠯᠭᠠᠬᠤ ᠰᠠᠯᠠᠭ᠎ᠠ ᠮᠦᠴᠢᠷ ᠢᠶᠠᠷ ᠶᠠᠰᠤ ᠴᠢᠨᠠᠷ ᠮᠡᠷᠭᠡᠵᠢᠯ ᠤᠨ ᠬᠢᠨᠠᠨ ᠲᠤᠭᠲᠠᠭᠠᠯᠲᠠ ᠬᠢᠯᠭᠡᠨ᠎ᠡ᠂ ᠬᠡᠨ ᠤ ᠬᠢᠨᠢ ᠰᠢᠯᠲᠠᠭᠠᠨ ᠠᠴᠠ ᠪᠤᠯᠤᠭᠰᠠᠨ ᠢ ᠲᠤᠳᠤᠷᠬᠠᠶᠢᠯᠠᠭᠰᠠᠨ ᠪᠤᠯᠪᠠᠴᠤ ᠮᠦᠨᠬᠦ ᠰᠢᠢᠳᠪᠦᠷᠢᠯᠡᠵᠦ ᠳᠡᠶᠢᠯᠬᠦ ᠦᠭᠡᠢ ᠪᠤᠯᠪᠠᠯ᠂ ᠬᠡᠷᠡᠭᠯᠡᠭᠴᠢᠳ ᠤᠨ ᠨᠡᠶᠢᠭᠡᠮᠯᠢᠭ ᠵᠡᠷᠭᠡ ᠬᠦᠨᠳᠡᠯᠡᠨ ᠠᠴᠠ ᠲᠠᠰᠤᠯᠬᠤ ᠪᠠᠶᠢᠭᠤᠯᠤᠮᠵᠢ ᠳᠤ ᠵᠠᠭᠠᠯᠳᠤᠵᠤ ᠵᠤᠬᠢᠴᠠᠭᠤᠯᠤᠨ ᠰᠢᠢᠳᠪᠦᠷᠢᠯᠡᠭᠦᠯᠦᠨ᠎ᠡ᠃ ᠬᠦᠨᠳᠡᠯᠡᠨ ᠠᠴᠠ ᠲᠠᠰᠤᠯᠬᠤ ᠪᠠᠶᠢᠭᠤᠯᠤᠯᠭ᠎ᠠ ᠶᠢᠨ ᠰᠢᠢᠳᠪᠦᠷᠢ ᠳᠤ ᠬᠤᠶᠠᠷ ᠲᠠᠯ᠎ᠠ ᠪᠠᠷ ᠢᠶᠠᠨ ᠪᠦᠷ ᠰᠠᠨᠠᠯ ᠨᠢᠭᠡᠳᠬᠦ ᠦᠭᠡᠢ ᠪᠤᠯ ᠬᠠᠮᠤᠭ ᠰᠡᠭᠦᠯ ᠳᠤ ᠰᠢᠭᠦᠬᠦ ᠬᠤᠷᠢᠶᠠᠨ ᠳᠤ ᠵᠠᠭᠠᠯᠳᠤᠵᠤ ᠰᠢᠢᠳᠪᠦᠷᠢ ᠭᠠᠷᠭᠠᠯᠭᠠᠨ᠎ᠠ᠃        ᠦᠷᠭᠡᠨ ᠤᠯᠠᠨ ᠬᠡᠷᠡᠭᠯᠡᠭᠴᠢᠳ ᠲᠤ ᠠᠪᠴᠤ ᠬᠡᠯᠡᠪᠡᠯ᠂ ᠵᠠᠰᠠᠨ ᠴᠢᠮᠡᠭᠯᠡᠬᠦ ᠶᠠᠪᠤᠴᠠ ᠳᠤ ᠤᠷᠤᠰᠢᠵᠤ ᠪᠠᠶᠢᠭ᠎ᠠ ᠠᠯᠢ ᠤᠯᠠᠨ ᠲᠤᠭ᠎ᠠ ᠬᠡᠮᠵᠢᠭᠳᠡᠯ ᠪᠤᠶᠤ ᠮᠡᠷᠭᠡᠵᠢᠯ ᠤᠨ ᠲᠠᠯ᠎ᠠ ᠶᠢᠨ ᠨᠠᠷᠢᠨ ᠵᠦᠢᠯᠡᠰ ᠤᠨ ᠤᠬᠠᠭᠠᠨ ᠲᠦᠬᠦᠭᠡ ᠶᠢ ᠨᠢ ᠤᠯᠬᠤ ᠳᠤ ᠬᠦᠴᠢᠷ᠂ ᠲᠡᠶᠢᠮᠦ ᠠᠴᠠ ᠵᠠᠰᠠᠨ ᠴᠢᠮᠡᠭᠯᠡᠵᠦ ᠳᠠᠭᠤᠰᠤᠭᠰᠠᠨ ᠤ ᠳᠠᠷᠠᠭ᠎ᠠ ᠠᠮᠠᠷᠬᠠᠨ ᠵᠢᠭᠤᠷᠠᠭᠠᠨ ᠡᠭᠦᠰᠳᠡᠭ ᠪᠠᠶᠢᠨ᠎ᠠ᠂ ᠳᠡᠭᠡᠪᠡᠯ ᠡᠶᠢᠮᠦᠷᠬᠦ ᠪᠠᠶᠢᠳᠠᠯ ᠳᠤᠤᠷ᠎ᠠ ᠬᠡᠷᠡᠭᠯᠡᠭᠴᠢ ᠦᠪᠡᠷ ᠤᠨ ᠡᠷᠬᠡ ᠠᠰᠢᠭ ᠢᠶᠠᠨ ᠬᠡᠷᠬᠢᠨ ᠬᠠᠮᠠᠭᠠᠯᠠᠬᠤ ᠪᠤᠢ︖        ᠬᠦᠬᠡᠬᠤᠲᠠ ᠶᠢᠨ ᠬᠠᠤᠯᠢᠴᠢ ᠶᠢᠨ ᠭᠠᠵᠠᠷ ᠤᠨ ᠰᠦᠨ ᠱᠧᠩ ᠰᠢ ᠬᠠᠤᠯᠢᠴᠢ᠄ ︽ᠵᠢᠭᠤᠷᠠᠭᠠᠨ ᠢ ᠰᠢᠢᠳᠪᠦᠷᠢᠯᠡᠬᠦ ᠪᠠ ᠵᠢᠭᠤᠷᠠᠭᠠᠨ ᠢ ᠰᠡᠷᠭᠡᠶᠢᠯᠡᠬᠦ ᠳᠤ ᠬᠠᠮᠤᠭ ᠴᠢᠬᠤᠯᠠ ᠪᠦᠭᠡᠳ ᠠᠰᠢᠭᠲᠠᠢ ᠨᠦᠬᠦᠴᠡᠯ ᠨᠢ ᠳᠠᠷᠤᠢ ᠨᠢᠭᠡᠨ ᠬᠤᠪᠢ ᠳᠦᠷᠢᠮᠵᠢᠭᠰᠡᠨ ᠭᠡᠷ᠎ᠡ ᠲᠤᠭᠲᠠᠬᠤ ᠶᠠᠪᠤᠳᠠᠯ ᠪᠤᠯᠤᠨ᠎ᠠ᠂ ᠡᠨᠡᠬᠦ ᠭᠡᠷ᠎ᠡ ᠳᠤ ᠬᠤᠯᠪᠤᠭᠳᠠᠯ ᠪᠦᠬᠦᠢ ᠨᠠᠷᠢᠨ ᠠᠭᠤᠯᠭ᠎ᠠ ᠪᠠᠨ ᠳᠦᠷᠢᠮᠵᠢᠭᠦᠯᠦᠨ ᠲᠤᠳᠤᠷᠬᠠᠶᠢᠯᠠᠬᠤ ᠬᠡᠷᠡᠭᠲᠡᠢ᠂ ᠢᠩᠭᠢᠪᠡᠯ ᠰᠠᠶ᠋ᠢ ᠬᠤᠶᠠᠷ ᠲᠠᠯ᠎ᠠ ᠶᠢᠨ ᠠᠰᠢᠭ ᠲᠤᠰᠠ ᠶᠢ ᠬᠠᠮᠠᠭᠠᠯᠠᠬᠤ ᠳᠤ ᠪᠦᠷ ᠠᠰᠢᠭᠲᠠᠢ︾ ᠭᠡᠵᠦ ᠰᠠᠨᠠᠭᠤᠯᠵᠤ ᠪᠤᠢ᠃        ᠰᠦᠨ ᠱᠧᠩ ᠰᠢ ᠬᠠᠤᠯᠢᠴᠢ ᠶᠢᠨ ᠲᠠᠨᠢᠯᠴᠠᠭᠤᠯᠬᠤ ᠪᠠᠷ᠂ ᠬᠠᠮᠤᠭ ᠲᠡᠷᠢᠭᠦᠨ ᠳᠤ ᠭᠡᠷ ᠲᠤᠲᠤᠷ᠎ᠠ ᠪᠠᠨ ᠵᠠᠰᠠᠨ ᠴᠢᠮᠡᠭᠯᠡᠬᠦ ᠪᠤᠳᠠᠲᠠᠢ ᠱᠠᠭᠠᠷᠳᠠᠯᠭ᠎ᠠ ᠪᠠ ᠠᠵᠢᠯ ᠢᠶᠠᠨ ᠳᠠᠭᠤᠰᠬᠠᠬᠤ ᠡᠳᠦᠷ ᠬᠤᠭᠤᠴᠠᠭ᠎ᠠ ᠪᠠᠨ ᠵᠠᠪᠠᠯ ᠲᠤᠳᠤᠷᠬᠠᠶᠢᠯᠠᠬᠤ ᠬᠡᠷᠡᠭᠲᠡᠢ᠃ ᠵᠠᠷᠢᠮ ᠬᠡᠷᠡᠭᠯᠡᠭᠴᠢᠳ ᠭᠡᠷ᠎ᠡ ᠲᠤᠭᠲᠠᠬᠤ ᠳᠠᠭᠠᠨ ᠡᠨᠡ ᠬᠤᠶᠠᠷ ᠠᠭᠤᠯᠭ᠎ᠠ ᠶᠢ ᠳᠡᠮᠡᠢ ᠠᠩᠬᠠᠷᠬᠤ ᠦᠭᠡᠢ ᠠᠴᠠ ᠪᠤᠯᠵᠤ᠂ ᠵᠠᠷᠢᠮ ᠵᠠᠰᠠᠨ ᠴᠢᠮᠡᠭᠯᠡᠬᠦ ᠺᠤᠮᠫᠠᠨᠢ ᠳᠤ ᠬᠠᠭᠤᠷᠮᠠᠭᠯᠠᠵᠤ ᠤᠷᠤᠯᠠᠭᠤᠯᠬᠤ ᠤᠷᠤᠨ ᠵᠠᠢ ᠬᠠᠩᠭᠠᠬᠤ ᠪᠠᠷ ᠦᠯᠦ ᠪᠠᠷᠠᠨ ᠠᠵᠢᠯᠯᠠᠬᠤ ᠴᠠᠭ ᠬᠤᠭᠤᠴᠠᠭ᠎ᠠ ᠪᠠᠨ ᠤᠳᠠᠭᠠᠰᠢᠷᠠᠭᠤᠯᠬᠤ ᠨᠦᠬᠦᠴᠡᠯ ᠲᠠᠢ ᠪᠤᠯᠭᠠᠳᠠᠭ᠃ ᠳᠠᠷᠠᠭ᠎ᠠ ᠳᠤᠨᠢ ᠭᠡᠷ᠎ᠡ ᠲᠤᠲᠤᠷ᠎ᠠ ᠪᠠᠨ ᠵᠠᠰᠠᠨ ᠴᠢᠮᠡᠭᠯᠡᠬᠦ ᠳᠤ ᠬᠡᠷᠡᠭᠯᠡᠬᠦ ᠮᠠᠲ᠋ᠧᠷᠢᠶᠠᠯ ᠤᠨ ᠲᠦᠷᠦᠯ ᠲᠡᠮᠳᠡᠭ ᠪᠤᠶᠤ ᠬᠡᠪ ᠶᠠᠩᠵᠤ᠂ ᠵᠡᠷᠭᠡ ᠳᠡᠰ᠂ ᠦᠨ᠎ᠡ ᠬᠠᠩᠰᠢ ᠵᠡᠷᠭᠡ ᠪᠠᠨ ᠵᠠᠪᠠᠯ ᠲᠤᠳᠤᠷᠬᠠᠶᠢᠯᠠᠵᠤ᠂ ᠵᠠᠰᠠᠨ ᠴᠢᠮᠡᠭᠯᠡᠬᠦ ᠺᠤᠮᠫᠠᠨᠢ ᠶᠢᠨ ᠮᠠᠭᠤ ᠪᠠᠷ ᠰᠠᠶᠢᠨ ᠢ ᠤᠷᠤᠯᠠᠭᠤᠯᠬᠤ ᠶᠢ ᠰᠡᠷᠭᠡᠶᠢᠯᠡᠬᠦ ᠬᠡᠷᠡᠭᠲᠡᠢ᠃ ᠡᠭᠦᠨ ᠳᠤ ᠠᠩᠬᠠᠷᠤᠭᠤᠰᠢᠲᠠᠢ ᠨᠢ ᠵᠠᠰᠠᠨ ᠴᠢᠮᠡᠭᠯᠡᠬᠦ ᠺᠤᠮᠫᠠᠨᠢ ᠵᠠᠰᠠᠨ ᠴᠢᠮᠡᠭᠯᠡᠬᠦ ᠠᠵᠢᠯ ᠢᠶᠠᠨ ᠡᠬᠢᠯᠡᠭᠦᠯᠬᠦ ᠳᠡᠭᠡᠨ ᠤᠷᠢᠳᠠᠪᠠᠷ ᠠᠪᠬᠤ ᠵᠤᠭᠤᠰ ᠤᠨ ᠲᠤᠭ᠎ᠠ ᠨᠢ ᠪᠦᠬᠦ ᠵᠠᠰᠠᠨ ᠴᠢᠮᠡᠭᠯᠡᠬᠦ ᠰᠦᠢᠳᠬᠡᠯ ᠤᠨ60% ᠠᠴᠠ ᠬᠡᠲᠦᠷᠡᠵᠦ ᠪᠤᠯᠬᠤ ᠦᠭᠡᠢ ᠭᠡᠳᠡᠭ ᠢ ᠮᠡᠳᠡᠬᠦ ᠬᠡᠷᠡᠭᠲᠡᠢ᠃ ᠡᠭᠦᠨ ᠤ ᠬᠠᠮᠲᠤ ᠭᠡᠷ᠎ᠡ ᠶᠢᠨ ᠠᠭᠤᠯᠭ᠎ᠠ ᠲᠤᠳᠤᠷ᠎ᠠ ᠪᠠᠨ ᠬᠤᠶᠠᠷ ᠲᠠᠯ᠎ᠠ ᠶᠢᠨ ᠡᠷᠬᠡ᠂ ᠡᠭᠦᠷᠭᠡ ᠬᠠᠷᠢᠭᠤᠴᠠᠯᠭ᠎ᠠ᠂ ᠭᠡᠷ᠎ᠡ ᠠᠴᠠ ᠵᠦᠷᠢᠴᠡᠭᠰᠡᠨ ᠲᠤᠷᠭᠠᠭᠤᠯᠢ ᠵᠡᠷᠭᠡ ᠵᠦᠢᠯ ᠵᠤᠷᠪᠤᠰ ᠢ ᠲᠤᠳᠤᠷᠬᠠᠶᠢᠯᠠᠬᠤ ᠬᠡᠷᠡᠭᠲᠡᠢ᠃ ᠬᠠᠮᠤᠭ ᠰᠡᠭᠦᠯ ᠳᠤ ᠭᠡᠷ᠎ᠡ ᠲᠤᠲᠤᠷ᠎ᠠ ᠪᠠᠨ ᠪᠠᠲᠤᠯᠠᠭᠠᠲᠤ ᠵᠠᠰᠠᠪᠤᠷᠢ ᠶᠢᠨ ᠠᠭᠤᠯᠭ᠎ᠠ ᠶᠢ ᠪᠢᠴᠢᠵᠦ ᠤᠷᠤᠭᠤᠯᠬᠤ ᠶᠢᠨ ᠬᠠᠮᠲᠤ ᠬᠠᠷᠢᠭᠤᠴᠠᠯᠭ᠎ᠠ ᠪᠠᠨ ᠵᠠᠪᠠᠯ ᠲᠤᠳᠤᠷᠬᠠᠶᠢᠯᠠᠬᠤ ᠬᠡᠷᠡᠭᠲᠡᠢ᠃ ᠬᠡᠷᠪᠡ ᠬᠡᠷᠡᠭᠯᠡᠭᠴᠢ ᠮᠠᠲ᠋ᠧᠷᠢᠶᠠᠯ ᠢᠶᠠᠨ ᠦᠪᠡᠷ ᠢᠶᠠᠨ ᠬᠤᠳᠠᠯᠳᠤᠨ ᠠᠪᠴᠤ ᠵᠠᠰᠠᠨ ᠴᠢᠮᠡᠭᠯᠡᠭᠴᠢ ᠠᠴᠠ ᠵᠤᠬᠢᠰᠲᠠᠢ ᠦᠭᠡᠢ ᠬᠡᠷᠡᠭᠯᠡᠭᠰᠡᠨ ᠠᠴᠠ ᠪᠤᠯᠤᠭᠰᠠᠨ ᠪᠤᠯ ᠬᠤᠶᠠᠷ ᠲᠠᠯ᠎ᠠ ᠪᠠᠷ ᠢᠶᠠᠨ ᠵᠦᠪᠳᠡᠨ ᠰᠢᠢᠳᠪᠦᠷᠢᠯᠡᠨ᠎ᠡ᠃ ᠲᠤᠭ᠎ᠠ ᠬᠡᠮᠵᠢᠶ᠎ᠡ ᠨᠢ ᠨᠡᠯᠢᠶᠡᠳ ᠶᠡᠭᠡ ᠮᠦᠷᠲᠡᠭᠡᠨ ᠠᠵᠢᠯ ᠤᠨ ᠬᠤᠭᠤᠴᠠᠭ᠎ᠠ ᠨᠢ ᠨᠡᠯᠢᠶᠡᠳ ᠤᠷᠲᠤ ᠪᠤᠯ ᠭᠡᠷ᠎ᠡ ᠲᠤᠭᠲᠠᠬᠤ ᠳᠠᠭᠠᠨ ᠲᠤᠰᠬᠠᠢ ᠬᠠᠤᠯᠢᠴᠢ ᠪᠠᠷ ᠭᠡᠷᠡᠴᠢᠯᠡᠭᠦᠯᠵᠦ᠂ ᠬᠤᠶᠠᠷ ᠲᠠᠯ᠎ᠠ ᠶᠢᠨ ᠬᠠᠤᠯᠢ ᠶᠤᠰᠤᠨ ᠤ ᠡᠷᠬᠡ ᠠᠰᠢᠭ ᠢ ᠬᠠᠮᠠᠭᠠᠯᠠᠬᠤ ᠬᠡᠷᠡᠭᠲᠡᠢ᠃ ᠨᠢᠭᠡ ᠭᠡᠷ᠎ᠡ ᠪᠠᠨ ᠭᠤᠷᠪᠠᠨ ᠬᠤᠪᠢ ᠪᠡᠯᠡᠳᠬᠡᠵᠦ᠂ ᠬᠤᠶᠠᠷ ᠲᠠᠯ᠎ᠠ ᠪᠠ ᠬᠠᠤᠯᠢᠴᠢ ᠲᠤᠰᠪᠤᠷᠢ ᠨᠢᠭᠡ ᠬᠤᠪᠢ ᠬᠠᠳᠠᠭᠠᠯᠠᠬᠤ ᠬᠡᠷᠡᠭᠲᠡᠢ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号