2013 ᠤᠨ ᠳᠤ ᠵᠠᠰᠠᠭ  ᠤᠨ  ᠤᠷᠳᠤᠨ  ᠤ  ᠰᠤᠷᠠᠭ  ᠵᠠᠩᠬᠢ  ᠶᠢ ᠢᠯᠡ ᠪᠤᠯᠭᠠᠭᠰᠠᠨ  ᠮᠡᠳᠡᠭᠦᠯᠦᠯᠳᠡ
ᠨᠡᠶᠢᠲᠡᠯᠡᠭᠰᠡᠨ ᠴᠠᠭ᠄
2015-07-29
    《 ᠪᠦᠭᠦᠳᠡ  ᠨᠠᠶᠢᠷᠠᠮᠳᠠᠬᠤ  ᠲᠤᠮᠳᠠᠳᠤ  ᠠᠷᠠᠳ  ᠤᠯᠤᠰ  ᠤᠨ  ᠵᠠᠰᠠᠭ  ᠤᠨ  ᠤᠷᠳᠤᠨ  ᠤ  ᠰᠤᠷᠠᠭ ᠵᠠᠩᠬᠢ  ᠶᠢ  ᠢᠯᠡ ᠪᠤᠯᠭᠠᠬᠤ ᠳᠤᠭᠳᠠᠭᠠᠯ 》 ︵ ᠳᠤᠤᠷ᠎ᠠ 《 ᠳᠤᠭᠳᠠᠭᠠᠯ 》 ᠭᠡᠵᠦ  ᠲᠤᠪᠴᠢᠯᠠᠪᠠ︶ ᠢ  ᠦᠨᠳᠤᠰᠦᠯᠡᠨ᠂  ᠤᠯᠠᠭᠠᠨᠬᠠᠳᠠ  ᠬᠤᠲᠠ  ᠶᠢᠨ  ᠬᠤᠩ  ᠱᠠᠨ  ᠲᠤᠭᠤᠷᠢᠭ  ᠤᠨ  ᠠᠷᠠᠳ  ᠤᠨ  ᠵᠠᠰᠠᠭ  ᠤᠨ  ᠤᠷᠳᠤᠨ ᠨᠢ 2013 ᠤᠨ  ᠤ ᠰᠤᠷᠠᠭ ᠵᠠᠩᠬᠢ  ᠶᠢ  ᠢᠯᠡ ᠪᠤᠯᠭᠠᠭᠰᠠᠨ  ᠤᠨ  ᠤ  ᠮᠡᠳᠡᠭᠦᠯᠦᠯᠳᠡ ᠪᠠᠨ  ᠨᠡᠶᠢᠭᠡᠮ ᠳᠠᠶᠠᠭᠠᠷ ᠲᠤ ᠨᠠᠶᠢᠳᠡᠯᠡᠵᠤ ᠪᠠᠶᠢᠨ᠎ᠠ᠃  ᠲᠤᠰ  ᠮᠡᠳᠡᠭᠦᠯᠦᠯᠳᠡ ᠨᠢ  ᠵᠠᠰᠠᠭ  ᠤᠨ  ᠤᠷᠳᠤᠨ  ᠤ ᠰᠤᠷᠠᠭ ᠵᠠᠩᠬᠢ ᠶᠢ ᠢᠯᠡ ᠪᠤᠯᠭᠠᠬᠤ ᠦᠨᠳᠦᠰᠦᠨ ᠪᠠᠶᠢᠳᠠᠯ ᠪᠠ ᠡᠷᠡᠮᠡᠯᠵᠡᠯ  ᠢ ᠦᠨᠳᠦᠰᠦᠯᠡᠨ   ᠢᠯᠡ ᠪᠤᠯᠭᠠᠭ᠎ᠠ ᠦᠭᠡᠢ  ᠰᠤᠷᠠᠭ ᠵᠠᠩᠬᠢ ᠶᠢ ᠰᠢᠢᠳᠪᠦᠷᠢᠯᠡᠭᠰᠡᠨ  ᠪᠠᠶᠢᠳᠠᠯ᠂  ᠵᠠᠰᠠᠭ  ᠤᠨ  ᠤᠷᠳᠤᠨ  ᠤ  ᠰᠤᠷᠠᠭ ᠵᠠᠩᠬᠢ ᠶᠢᠨ ᠯᠠᠪᠯᠠᠯᠳᠠ  ᠂ ᠢᠯᠡᠴᠢᠯᠡᠨ ᠮᠡᠳᠡᠬᠦᠯᠦᠭᠰᠡᠨ‌‍ᠪᠠᠶᠢᠳᠠᠯ ᠬᠢᠬᠡᠳ ᠲᠡᠬᠦᠨ ᠤ  ᠦᠷ᠎ᠡ  ᠳ᠋ᠦᠩ᠂ ᠵᠠᠰᠠᠭ  ᠵᠠᠬᠢᠷᠭᠠᠨ  ᠤ  ᠳᠠᠬᠢᠨ  ᠵᠦᠪᠯᠡᠬᠦ  ᠶᠢ ᠡᠷᠡᠮᠡᠯᠵᠡᠯᠡᠭᠰᠡᠨ  ᠵᠠᠰᠠᠭ  ᠵᠠᠬᠢᠷᠭᠠᠨ  ᠤ  ᠵᠠᠷᠭᠤ  ᠶᠢᠨ ᠳᠤᠬᠠᠢ ᠪᠤᠯᠤᠨ ᠵᠠᠰᠠᠭ  ᠵᠠᠬᠢᠷᠭᠠᠨ  ᠤ ᠰᠤᠷᠠᠭ ᠵᠠᠩᠬᠢ ᠶᠢ ᠢᠯᠡ  ᠪᠤᠯᠭᠠᠬᠤ ᠠᠵᠢᠯ  ᠤᠨ  ᠲᠤᠮᠳᠠ  ᠤᠷᠤᠰᠢᠵᠤ  ᠪᠠᠶᠢᠭ᠎ᠠ  ᠭᠤᠤᠯ  ᠠᠰᠠᠭᠤᠳᠠᠯ ᠬᠢᠬᠡᠳ  ᠬᠠᠯᠠᠨ  ᠰᠠᠶᠢᠵᠢᠷᠠᠭᠤᠯᠤᠭᠰᠠᠨ  ᠪᠠᠶᠢᠳᠠᠯ᠂  ᠲᠤᠳᠤᠷᠬᠠᠶᠢᠯᠠᠬᠤ  ᠴᠢᠬᠤᠯᠠ   ᠲᠠᠢ  ᠵᠦᠢᠯᠡᠰ ᠪᠠ ᠳᠠᠭᠠᠯᠲᠠ  ᠬᠦᠰᠦᠨᠦᠭᠲᠦ ᠵᠡᠷᠬᠡ 6 ᠪᠦᠯᠦᠭ  ᠢᠶᠠᠷ   ᠪᠦᠷᠢᠯᠳᠦᠭᠰᠡᠨ ᠶᠤᠮ᠃ ᠲᠤᠰ ᠮᠡᠳᠡᠭᠦᠯᠦᠯᠲᠡ  ᠶᠢᠨ  ᠲᠤᠭ᠎ᠠ  ᠪᠠᠷᠢᠮᠲᠠ  ᠶᠢᠨ  ᠪᠦᠷᠢᠳᠬᠡᠯ  ᠤᠨ  ᠬᠤᠭᠤᠴᠠᠭ᠎ᠠ   ᠨᠢ 2013᠂1.1 —  —2013. 12. 31 ᠤ ᠡᠳᠦᠷ᠃              ᠨᠢᠭᠡ  ᠂  ᠵᠠᠰᠠᠭ  ᠤᠨ  ᠤᠷᠳᠤᠨ  ᠤ  ᠰᠤᠷᠠᠭ ᠵᠠᠩᠬᠢ  ᠶᠢ ᠢᠯᠡ ᠪᠤᠯᠭᠠᠭᠰᠠᠨ ᠦᠨᠳᠦᠰᠦᠨ  ᠪᠠᠶᠢᠳᠠᠯ᠄    ᠬᠤᠩ  ᠱᠠᠨ  ᠲᠤᠭᠤᠷᠢᠭ  ᠤᠨ  ᠵᠠᠰᠠᠭ  ᠤᠨ  ᠤᠷᠳᠤᠨ ᠠᠴᠠ ᠰᠤᠷᠠᠭ ᠵᠠᠩᠬᠢ  ᠶᠢ ᠢᠯᠡ ᠪᠤᠯᠭᠠᠭᠰᠠᠨ  2013 ᠤᠨ ᠤ  ᠠᠵᠢᠯ   ᠨᠢ  ᠠᠵᠤ  ᠠᠬᠤᠢ  ᠨᠡᠶᠢᠭᠡᠮ  ᠤᠨ  ᠬᠦᠭᠵᠢᠯᠲᠡ  ᠳᠤ  ᠦᠢᠯᠡᠴᠢᠯᠡᠬᠦ  ᠂  ᠵᠠᠰᠠᠭ  ᠤᠨ  ᠤᠷᠳᠤᠨ ᠤ  ᠴᠢᠳᠠᠮᠵᠢ  ᠶᠢ ᠬᠤᠪᠢᠷᠠᠭᠤᠯᠬᠤ᠂  ᠵᠠᠰᠠᠭ  ᠵᠠᠬᠢᠷᠭᠠᠨ  ᠤ  ᠡᠷᠬᠡ  ᠳᠤᠰᠢᠶᠠᠯ  ᠤᠨ ᠳᠤᠳᠤᠷᠬᠠᠢ ᠪᠠᠶᠢᠬᠤ  ᠶᠢ ᠪᠠᠳᠤᠯᠠᠬᠤ ᠪᠠ ᠪᠠᠶᠢᠳᠠᠯ ᠢ ᠮᠡᠳᠡᠬᠦ ᠬᠡᠰᠡᠨ ᠠᠷᠠᠳ ᠢᠷᠭᠡᠳ  ᠤᠨ ᠡᠷᠬᠡ ᠬᠢᠬᠡᠳ ᠲᠡᠬᠦᠨ ᠤ  ᠤᠷᠤᠯᠴᠠᠬᠤ  ᠡᠷᠬᠡ  ᠂  ᠰᠠᠨᠠᠯ  ᠢᠶᠠᠨ ᠢᠯᠡᠳᠬᠡᠬᠦ ᠡᠷᠬᠡ  ᠂  ᠬᠢᠨᠡᠯᠲᠠ  ᠲᠠᠯᠪᠢᠬᠤ  ᠡᠷᠬᠡ  ᠵᠡᠷᠭᠡ   ᠬᠦᠷᠢᠶᠡᠨ  ᠳᠤ ᠢᠳᠡᠪᠬᠢᠲᠠᠢ  ᠦᠢᠯᠡᠳᠦᠯ  ᠦᠵᠡᠭᠦᠯᠵᠡᠢ᠃ ᠬᠤᠩ  ᠱᠠᠨ  ᠲᠤᠭᠤᠷᠢᠭ  ᠤᠨ ᠵᠠᠰᠠᠭ  ᠤᠨ  ᠤᠷᠳᠤᠨ  ᠤ  ᠪᠦᠬᠦ  ᠵᠢᠯ  ᠤᠨ  ᠰᠤᠷᠠᠭ ᠵᠠᠩᠬᠢ 12964 ᠵᠤᠷᠪᠤᠰ ᠪᠠᠶᠢᠨ᠎ᠠ᠃  ᠡᠭᠦᠨ  ᠳᠤ  ᠂  ᠰᠤᠨᠢᠨ  ᠮᠡᠳᠡᠭᠡᠨ  ᠤ 7295᠂ ᠮᠡᠳᠡᠭᠳᠡᠯ  ᠤᠨ 22  ᠂  ᠵᠠᠰᠠᠭ  ᠵᠠᠬᠢᠷᠭᠠᠨ  ᠤ 37᠂  ᠭᠤᠤᠯᠳᠠᠯᠭ᠎ᠠ   ᠲᠠᠢ  ᠲᠦᠷᠦᠯ144᠂   ᠭᠤᠷᠪᠠᠨ ᠲᠠᠷᠢᠶᠠᠯᠠᠩ  ᠤᠨ 276 ᠵᠤᠷᠪᠤᠰ ᠳᠤᠰ ᠳᠤᠰ ᠪᠠᠭᠳᠠᠨ᠎ᠠ᠃ ᠵᠠᠰᠠᠭ  ᠤᠨ  ᠤᠷᠳᠤᠨ  ᠤ  ᠠᠯᠪᠠᠨ  ᠰᠦᠯᠵᠢᠶ᠎ᠡ 8536 ᠵᠤᠷᠪᠤᠰ ᠰᠤᠷᠠᠭ ᠵᠠᠩᠬᠢ ᠨᠡᠶᠢᠲᠡᠯᠡᠵᠦ᠂ ᠡᠬᠦᠨ ᠤ ᠳᠠᠭᠠᠤ ᠳᠤ  ᠰᠤᠨᠢᠨ  ᠮᠡᠳᠡᠭᠡ  ᠨᠡᠶᠢᠳᠡᠯᠡᠬᠦ ᠪᠠ ᠵᠠᠭᠤᠴᠢᠯᠠᠭᠤᠷ᠂ ᠤᠬᠠᠭᠤᠯᠭ᠎ᠠ  ᠶᠢᠨ  ᠰᠠᠮᠪᠠᠷ᠎ᠠ᠂  ᠤᠬᠠᠭᠤᠯᠭ᠎ᠠ  ᠶᠢᠨ ᠬᠠᠭᠤᠳᠠᠰᠤ ᠶᠢ ᠠᠰᠢᠭᠯᠠᠨ 2200 ᠵᠤᠷᠪᠤᠰ ᠰᠤᠷᠠᠭ  ᠵᠠᠩᠬᠢ ᠶᠢ  ᠨᠡᠶᠢᠳᠡᠯᠡᠵᠦ  ᠂  ᠠᠷᠠᠳ ᠢᠷᠬᠡᠳ  ᠵᠠᠰᠠᠭ  ᠤᠨ  ᠤᠷᠳᠤᠨ  ᠤ  ᠰᠤᠷᠠᠭ ᠵᠠᠩᠬᠢ   ᠶᠢ  ᠬᠠᠤᠯᠢ  ᠶᠤᠰᠤᠭᠠᠷ ᠬᠦᠯᠢᠶᠠᠨ ᠠᠪᠬᠤ ᠳᠤ ᠪᠠᠳᠤᠯᠠᠭ᠎ᠠ  ᠬᠠᠩᠭᠠᠵᠠᠢ᠃       ︵ᠨᠢᠭᠡ︶  2013 ᠤᠨ ᠳᠤ  ᠭᠤᠤᠯᠳᠠᠯᠭ᠎ᠠ   ᠲᠠᠢ  ᠬᠦᠷᠢᠶ᠎ᠡ  ᠬᠡᠪᠴᠢᠶᠡᠨ  ᠳᠤ   ᠬᠢ  ᠰᠤᠷᠠᠭ   ᠵᠠᠩᠬᠢ ᠶᠢ ᠢᠯᠡ  ᠪᠤᠯᠭᠠᠭᠰᠠᠨ ᠪᠠᠶᠢᠳᠠᠯ᠄        1.ᠡᠳ᠋  ᠤᠨ  ᠵᠠᠰᠠᠭ  ᠤᠨ ᠲᠦᠰᠦᠪ  ᠤᠨ  ᠮᠡᠳᠡᠭᠦᠯᠦᠯᠲᠡ ᠪᠠ  ᠠᠯᠪᠠᠨ  ᠤ  ᠰᠦᠢᠳᠬᠡᠯ  ᠤᠨ ᠰᠤᠷᠠᠭ ᠵᠠᠩᠬᠢ  ᠶᠢ  ᠢᠯᠡ   ᠪᠤᠯᠭᠠᠭᠰᠠᠨ  ᠃  ᠲᠤᠰ  ᠲᠤᠭᠤᠷᠢᠭ  ᠤᠨ ᠢᠶᠠᠨ  ᠵᠠᠰᠠᠭ  ᠤᠨ  ᠤᠷᠳᠤᠨ  ᠤ  ᠡᠳ᠋  ᠤᠨ  ᠵᠠᠰᠠᠭ  ᠤᠨ  ᠲᠦᠰᠦᠪ  ᠢ  ᠬᠡᠷᠡᠭᠵᠢᠭᠦᠯᠵᠦ  ᠪᠠᠶᠢᠭ᠎ᠠ  ᠪᠠᠶᠢᠳᠠᠯ  ᠂ ᠡᠳ᠋  ᠤᠨ  ᠵᠠᠰᠠᠭ  ᠤᠨ ᠤᠷᠤᠯᠭ᠎ᠠ  ᠵᠠᠷᠤᠯᠭ᠎ᠠ  ᠶᠢᠨ  ᠶᠡᠷᠦᠩᠬᠡᠢ  ᠬᠡᠮᠵᠢᠶ᠎ᠡ᠂ ᠨᠡᠮᠡᠭᠳᠡᠵᠦ   ᠬᠤᠷᠤᠭᠳᠠᠭᠰᠠᠨ  ᠪᠠᠶᠢᠳᠠᠯ  ᠂ ᠬᠡᠷᠡᠭᠵᠢᠭᠦᠯᠬᠦ  ᠠᠬᠢᠴᠠ  ᠵᠡᠷᠭᠡ  ᠶᠢ ᠠᠷᠠᠳ  ᠤᠯᠠᠨ ᠳᠤ  ᠴᠠᠭ  ᠲᠤᠬᠠᠢ  ᠳᠤ   ᠨᠢ ᠢᠯᠡ ᠳᠡᠪᠰᠢᠬᠦᠯᠦᠭᠰᠡᠨ ᠪᠠᠶᠢᠨ᠎ᠠ᠃  ᠬᠠᠮᠲᠤ ᠳᠤ ᠨᠢ ᠠᠷᠠᠳ  ᠤᠨ  ᠠᠮᠢᠳᠤᠷᠠᠯ   ᠲᠠᠢ  ᠬᠤᠯᠪᠤᠭᠳᠠᠭᠰᠠᠨ  ᠲᠦᠷᠦ  ᠶᠢᠨ  ᠪᠤᠳᠤᠯᠭ᠎ᠠ  ᠵᠢᠴᠢ  ᠪᠡᠯᠡ  ᠮᠦᠩᠭᠦ  ᠶᠢᠨ  ᠶᠡᠷᠦᠩᠬᠡᠢ  ᠲᠤᠬᠢᠷᠠᠭᠤᠯᠤᠯᠳᠠ  ᠶᠢᠨ ᠪᠠᠶᠢᠳᠠᠯ᠂ ᠤᠨ ᠤ ᠲᠦᠰᠦᠪ  ᠤᠨ  ᠲᠤᠬᠢᠷᠠᠭᠤᠯᠤᠯᠲᠠ ᠳᠠᠬᠢ  ᠭᠤᠤᠯᠳᠠᠯᠭ᠎ᠠ   ᠲᠠᠢ  ᠪᠡᠯᠡ ᠮᠦᠩᠬᠦᠨ ᠤ  ᠬᠡᠷᠡᠭᠯᠡᠯᠲᠡ  ᠶᠢᠨ  ᠪᠠᠶᠢᠳᠠᠯ  ᠢ ᠢᠯᠡ  ᠨᠡᠶᠢᠲᠡᠯᠡᠭᠰᠡᠨ  ᠪᠠ  ᠤᠬᠠᠭᠤᠯᠵᠠᠢ᠃ ᠡᠬᠦᠨ ᠳᠤ  ᠂  ᠵᠠᠰᠠᠭ  ᠤᠨ  ᠤᠷᠳᠤᠨ  ᠤ  ᠲᠦᠰᠦᠪ  ᠂ ᠵᠠᠰᠠᠭ  ᠤᠨ  ᠤᠷᠳᠤᠨ  ᠤ  ᠲᠦᠰᠦᠪ  ᠤᠨ  ᠮᠡᠳᠡᠭᠦᠯᠦᠯᠲᠡ᠂  ᠠᠯᠪᠠᠨ  ᠰᠦᠢᠳᠬᠡᠯ ᠪᠠᠭᠳᠠᠨ᠎ᠠ᠃      2. ᠠᠶᠤᠯᠳᠠᠢ  ᠪᠠᠷᠢᠯᠭ᠎ᠠ  ᠶᠢ  ᠰᠡᠯᠪᠢᠨ  ᠵᠠᠰᠠᠬᠤ ᠪᠠ ᠪᠠᠳᠤᠯᠠᠭ᠎ᠠ  ᠶᠢᠨ  ᠴᠢᠨᠠᠷᠲᠠᠢ  ᠤᠷᠤᠨ  ᠰᠠᠭᠤᠴᠠ  ᠶᠢᠨ  ᠪᠦᠲᠦᠭᠡᠨ  ᠪᠠᠶᠢᠭᠤᠯᠤᠯᠳᠠ ᠶᠢᠨ  ᠰᠤᠷᠠᠭ ᠵᠠᠩᠬᠢ ᠶᠢ  ᠢᠯᠡ  ᠪᠤᠯᠭᠠᠭᠰᠠᠨ᠃  ᠡᠬᠦᠨ ᠤ ᠳᠤᠳᠤᠷ᠎ᠠ ᠪᠠᠳᠤᠯᠠᠭ᠎ᠠ  ᠶᠢᠨ  ᠴᠢᠨᠠᠷᠲᠠᠢ  ᠤᠷᠤᠨ  ᠰᠠᠭᠤᠴᠠ  ᠶᠢᠨ  ᠪᠦᠲᠦᠭᠡᠨ  ᠪᠠᠶᠢᠭᠤᠯᠤᠯᠲᠠ ᠶᠢᠨ ᠰᠤᠷᠠᠭ ᠵᠠᠩᠬᠢ  ᠂  ᠠᠶᠤᠯᠲᠠᠢ  ᠪᠠᠷᠢᠯᠭ᠎ᠠ ᠶᠢᠨ  ᠴᠡᠭᠴᠡᠯᠡᠯᠡᠲᠡ  ᠶᠢᠨ  ᠠᠵᠢᠯᠯᠠᠭ᠎ᠠ  ᠶᠢᠨ ᠴᠢᠮᠡᠭᠡ ᠪᠠ‌‍ᠲ᠋ᠦ᠋ᠷᠢᠶᠡᠰᠦᠨ ᠤᠷᠤᠨ  ᠰᠠᠭᠤᠴᠠ  ᠶᠢᠨ  ᠲᠦᠷᠦᠯ  ᠵᠦᠢᠯ  ᠤᠨ  ᠨᠡᠷ᠎ᠡ  ᠂  ᠭᠠᠵᠠᠷ  ᠂  ᠠᠭᠤᠯᠭ᠎ᠠ  ᠬᠡᠪᠴᠢᠶ᠎ᠡ  ᠂  ᠪᠦᠲᠦᠭᠡᠨ  ᠪᠠᠶᠢᠭᠤᠯᠤᠯᠲᠠ  ᠶᠢᠨ  ᠠᠬᠢᠴᠠ  ᠂  ᠪᠡᠯᠡ  ᠤᠷᠤᠭᠤᠯᠤᠯᠲᠠ  ᠶᠢᠨ ᠰᠤᠷᠠᠭ ᠵᠠᠩᠬᠢ ᠶᠢᠨ  ᠢᠷᠡᠯᠲᠡ  ᠵᠡᠷᠭᠡ ᠪᠠᠭᠳᠠᠵᠤ ᠪᠤᠢ  ᠃      3.ᠢᠨᠵᠸᠡᠸ᠋ᠷᠢᠭ  ᠤᠨ  ᠪᠦᠲᠦᠭᠡᠨ  ᠪᠠᠶᠢᠭᠤᠯᠤᠯᠲᠠ  ᠶᠢᠨ  ᠬᠡᠪᠴᠢᠶᠡᠨ  ᠤ  ᠲᠦᠷᠦᠯ  ᠵᠦᠢᠯ   ᠪᠤᠯᠤᠨ  ᠬᠡᠷᠡᠭᠯᠡᠯᠲᠡ  ᠶᠢᠨ  ᠰᠤᠷᠠᠭ ᠵᠠᠩᠬᠢ ᠶᠢ ᠢᠯᠡ ᠪᠤᠯᠭᠠᠭᠰᠠᠨ  ᠃ ᠤᠯᠤᠰ᠂  ᠤᠷᠤᠨ  ᠤ ᠢᠨᠵᠸᠡᠸ᠋ᠷᠢᠭ  ᠤᠨ  ᠪᠦᠲᠦᠭᠡᠨ  ᠪᠠᠶᠢᠭᠤᠯᠤᠯᠲᠠ  ᠶᠢᠨ  ᠬᠡᠪᠴᠢᠶᠡᠨ  ᠤ  ᠲᠦᠷᠦᠯ  ᠵᠦᠢᠯ ᠪᠤᠯᠤᠨ ᠬᠡᠷᠡᠭᠯᠡᠯᠲᠡ  ᠶᠢᠨ  ᠰᠤᠷᠠᠭ    ᠵᠠᠩᠬᠢ  ᠶᠢ  ᠢᠯᠡ  ᠪᠤᠯᠭᠠᠬᠤ  ᠪᠠᠷᠢᠮᠵᠢᠶ᠎ᠠ  ᠶᠢ  ᠦᠨᠳᠦᠰᠦᠯᠡᠨ᠂  ᠮᠠᠨ  ᠤ  ᠤᠷᠤᠨ 2013  ᠤᠨ  ᠳᠤ 195  ᠲᠦᠷᠦᠯ  ᠵᠦᠢᠯ  ᠤᠨ  ᠡᠷᠡᠮᠡᠯᠵᠡᠯ  ᠤᠨ  ᠰᠤᠷᠠᠭ ᠵᠠᠩᠬᠢ  ᠪᠤᠯᠤᠨ 538  ᠲᠦᠷᠦᠯ  ᠵᠦᠢᠯ  ᠤᠨ  ᠪᠦᠲᠦᠭᠡᠨ  ᠪᠠᠶᠢᠭᠤᠯᠤᠯᠲᠠ  ᠶᠢᠨ  ᠬᠠᠮᠢᠶᠠᠷᠤᠯᠲᠠ  ᠶᠢᠨ  ᠰᠤᠷᠠᠭ ᠵᠠᠩᠬᠢ ᠶᠢ ᠠᠪᠴᠢᠷᠠᠬᠤ ᠠᠵᠢᠯ  ᠢ  ᠪᠡᠶᠡᠯᠡᠭᠦᠯᠵᠦ  ᠂  ᠬᠤᠩ  ᠱᠠᠨ  ᠲᠤᠭᠤᠷᠢᠭ ᠳᠠᠬᠢ ᠢᠨᠵᠸᠡᠸ᠋ᠷᠢᠭ  ᠤᠨ  ᠪᠦᠲᠦᠭᠡᠨ  ᠪᠠᠶᠢᠭᠤᠯᠤᠯᠲᠠ  ᠶᠢᠨ  ᠬᠡᠪᠴᠢᠶᠡᠨ  ᠤ  ᠲᠦᠷᠦᠯ  ᠵᠦᠢᠯ ᠤᠨ  ᠰᠤᠷᠠᠭ ᠵᠠᠩᠬᠢ  ᠶᠢ  ᠢᠯᠡ ᠪᠤᠯᠭᠠᠭᠰᠠᠨ  ᠪᠠ  ᠬᠤᠪᠢᠶᠠᠯᠴᠠᠵᠠᠢ᠃      4. ᠠᠷᠠᠯᠵᠢᠶᠠᠴᠢᠨ ᠤᠷᠢᠬᠤ ᠪᠠ ᠬᠤᠳᠠᠯᠳᠤᠨ ᠠᠪᠬᠤ  ᠰᠤᠷᠠᠭ  ᠵᠠᠩᠭᠢ  ᠶᠢ ᠢᠯᠡ  ᠪᠤᠯᠭᠠᠭᠰᠠᠨ᠃  ᠬᠤᠩ  ᠱᠠᠨ  ᠲᠤᠭᠤᠷᠢᠭ  ᠤᠨ ᠠᠷᠠᠳ  ᠤᠨ  ᠵᠠᠰᠠᠭ  ᠤᠨ  ᠤᠷᠳᠤᠨ  ᠤ  ᠰᠦᠯᠵᠢᠶᠡᠨ  ᠤ  ᠬᠤᠳᠠᠯᠳᠤᠨ  ᠠᠪᠬᠤ  ᠳᠤᠰᠬᠠᠢ  ᠪᠤᠯᠤᠩ ᠨᠢ  ᠪᠠᠶᠢᠭᠤᠯᠤᠮᠵᠢ᠂  ᠠᠵᠢᠯ  ᠤᠨ  ᠠᠬᠢᠴᠠ᠂   ᠬᠤᠳᠠᠯᠳᠤᠨ   ᠠᠪᠬᠤ  ᠲᠦᠪ  ᠤᠨ ᠡᠭᠦᠷᠭᠡ  ᠬᠠᠷᠢᠭᠤᠴᠠᠯᠭ᠎ᠠ  ᠂  ᠬᠤᠳᠠᠯᠳᠤᠨ  ᠠᠪᠬᠤ  ᠠᠯᠬᠤᠮ  ᠳᠠᠷᠠᠭ᠎ᠠ  ᠂  ᠲᠦᠷᠦ  ᠶᠢᠨ  ᠪᠤᠳᠤᠯᠭ᠎ᠠ  ᠬᠠᠤᠯᠢ  ᠴᠠᠭᠠᠵᠠ  ᠂  ᠲᠦᠪ  ᠤᠨ  ᠳᠦᠷᠢᠮ  ᠳᠤᠭᠳᠠᠭᠠᠯ  ᠂  ᠤᠨᠤᠯ  ᠦᠢᠯᠡᠳᠦᠯᠭᠡ  ᠵᠡᠷᠭᠡ  ᠰᠤᠷᠠᠭ   ᠵᠠᠩᠬᠢ ᠶᠢ ᠢᠯᠡ ᠨᠠᠶᠢᠳᠠᠯᠠᠪᠠ᠃ 2013 ᠤᠨ  ᠤ ᠮᠠᠨ  ᠤ ᠲᠤᠭᠤᠷᠢᠭ ᠤᠨ ᠵᠠᠰᠠᠭ  ᠤᠨ  ᠤᠷᠳᠤᠨ ᠨᠢ  ᠠᠷᠠᠯᠵᠢᠶᠠᠴᠢᠨ  ᠤᠷᠢᠭᠰᠠᠨ 148   ᠤᠷᠢᠯᠭ᠎ᠠ ᠳᠤ ᠬᠢᠨᠠᠯᠳᠠ ᠳᠠᠯᠪᠢᠭᠰᠠᠨ  ᠮᠡᠳᠡᠭᠳᠡᠯ  ᠢ  ᠨᠡᠶᠢᠲᠡᠯᠡᠵᠡᠢ᠃      ︵ᠬᠤᠶᠠᠷ︶ ᠲᠠᠯᠠᠪᠤᠷ ᠰᠤᠷᠠᠭᠯᠠᠬᠤ  ᠂  ᠲᠤᠭ᠎ᠠ  ᠬᠡᠮᠵᠢᠶ᠎ᠡ  ᠯᠠᠪᠯᠠᠬᠤ ᠪᠠ ᠰᠦᠯᠵᠢᠶᠠᠨ  ᠤ  ᠬᠦᠷᠢᠶᠡᠯᠡᠯ  ᠤᠨ  ᠪᠠᠶᠢᠳᠠᠯ ᠤᠳ ᠢ ᠢᠯᠡ  ᠪᠤᠯᠭᠠᠭᠰᠠᠨ᠃        1. ᠳᠠᠩᠰᠠ ᠡᠪᠬᠢᠮᠡᠯ ᠤᠨ ᠤᠷᠳᠤᠨ ᠤ ᠪᠦᠬᠦ ᠵᠢᠯ  ᠳᠤ ᠬᠦᠯᠢᠶᠡᠨ ᠵᠤᠴᠢᠯᠠᠭᠰᠠᠨ ᠬᠦᠮᠦᠰ ᠤᠨ ᠲᠤᠭ᠎ᠠ 721  ᠤᠳᠠᠭ᠎ᠠ  ᠃       2. ᠨᠤᠮ  ᠤᠨ ᠰᠠᠩ  ᠤᠨ ᠬᠦᠯᠢᠶᠡᠨ  ᠵᠤᠴᠢᠯᠠᠭᠰᠠᠨ  ᠬᠦᠮᠦᠨ  ᠤ  ᠲᠤᠭ᠎ᠠ 1021  ᠤᠳᠠᠭ᠎ᠠ  ᠃        3.ᠲᠤᠭᠤᠷᠢᠭ  ᠤᠨ  ᠤᠳᠤᠷᠢᠳᠤᠯᠭ᠎ᠠ ᠠᠴᠠ  ᠢᠯᠡ  ᠤᠳᠠᠰᠤ  ᠪᠤᠯᠤᠨ ᠰᠢᠤᠳᠠᠨ ᠢᠶᠠᠷ  ᠠᠰᠠᠭᠤᠨ  ᠯᠠᠪᠯᠠᠭᠰᠠᠨ  ᠲᠤᠭ᠎ᠠ᠃  ᠲᠤᠭᠤᠷᠢᠭ  ᠤᠨ  ᠵᠠᠰᠠᠭ  ᠤᠨ  ᠤᠷᠳᠤᠨ  ᠤ  ᠠᠯᠪᠠᠨ  ᠭᠡᠷ ᠨᠢ   456 ᠤᠳᠠᠰᠤ ᠪᠤᠯᠤᠨ 312  ᠰᠢᠤᠳᠠᠨ ᠵᠠᠬᠢᠶᠠᠨ ᠳᠤ  ᠬᠠᠷᠢᠭᠤᠯᠳᠠ ᠦᠭᠴᠠᠢ᠃         4.ᠲᠤᠭᠤᠷᠢᠭ  ᠤᠨ  ᠵᠠᠰᠠᠭ  ᠤᠨ  ᠤᠷᠳᠤᠨ  ᠤ  ᠰᠦᠯᠵᠢᠶ᠎ᠡ ᠶᠢ  ᠤᠩᠰᠢᠭᠰᠠᠨ ᠤᠳᠠᠭ᠎ᠠ  ᠃ ᠲᠤᠭᠤᠷᠢᠭ  ᠤᠨ  ᠵᠠᠰᠠᠭ  ᠤᠨ  ᠤᠷᠳᠤᠨ ᠤ ᠰᠦᠯᠵᠢᠶ᠎ᠡ ᠨᠢ  ᠵᠢᠯ ᠳᠤᠷᠰᠢᠳᠡ ᠶᠢᠨ  ᠰᠤᠷᠠᠭ ᠵᠠᠩᠬᠢ ᠶᠢ  ᠨᠡᠶᠢᠭᠡᠮ  ᠳᠠᠶᠠᠭᠠᠷ ᠲᠤ  ᠨᠡᠶᠢᠲᠠᠯᠠᠵᠠᠢ  ᠂  ᠵᠠᠰᠠᠭ  ᠤᠨ  ᠤᠷᠳᠤᠨ  ᠤ  ᠰᠤᠷᠠᠭ ᠵᠠᠩᠬᠢ  ᠶᠢ  ᠢᠯᠡ  ᠨᠡᠶᠢᠲᠡᠯᠡᠬᠦ  ᠲᠤᠰᠬᠠᠢ  ᠪᠤᠯᠤᠩ ᠢ ᠤᠩᠰᠢᠭᠰᠠᠨ  ᠬᠦᠮᠦᠰ 205164 ᠳᠤ  ᠬᠦᠷᠴᠠᠢ᠃          ᠬᠤᠶᠠᠷ  ᠂  ᠵᠠᠰᠠᠭ  ᠤᠨ  ᠤᠷᠳᠤᠨ  ᠤ  ᠰᠤᠷᠠᠭ ᠵᠠᠩᠬᠢ ᠶᠢ ᠨᠡᠶᠢᠳᠡᠯᠡᠨ ᠰᠢᠢᠳᠪᠦᠷᠢᠯᠡᠭᠰᠡᠨ ᠪᠠᠶᠢᠳᠠᠯ᠄         ︵ᠨᠢᠭᠡ︶ ᠵᠠᠰᠠᠭ  ᠤᠨ  ᠤᠷᠳᠤᠨ  ᠤ  ᠰᠤᠷᠠᠭ  ᠴᠢᠮᠡᠭᠡ  ᠶᠢ  ᠢᠯᠡ  ᠪᠤᠯᠭᠠᠬᠤ  ᠡᠷᠡᠮᠵᠢᠯᠡᠯ   ᠢ ᠰᠢᠢᠳᠪᠦᠷᠢᠯᠡᠭᠰᠡᠨ  ᠪᠠᠶᠢᠳᠠᠯ  ᠃   ᠵᠠᠰᠠᠭ  ᠤᠨ  ᠤᠷᠳᠤᠨ  ᠤ  ᠰᠤᠷᠠᠭ  ᠴᠢᠮᠡᠭᠡ  ᠶᠢ  ᠢᠯᠡ  ᠪᠤᠯᠭᠠᠬᠤ ᠶᠢ ᠬᠦᠰᠡᠮᠵᠢᠯᠡᠭᠰᠡᠨ  ᠡᠷᠡᠮᠵᠢᠯᠡᠯ 2013  ᠤᠨ  ᠳᠤ ᠭᠠᠷᠤᠭ᠎ᠠ   ᠦᠭᠡᠢ᠃       ︵ᠬᠤᠶᠠᠷ︶ ᠢᠯᠡ ᠪᠤᠯᠭᠠᠭᠰᠠᠨ ᠦᠬᠡᠢ ᠰᠤᠷᠠᠭ ᠵᠠᠩᠬᠢ  ᠶᠢᠨ  ᠪᠠᠶᠢᠳᠠᠯ᠃ 2013  ᠤᠨ  ᠳᠤ  ᠢᠯᠡ  ᠪᠤᠯᠭᠠᠭᠰᠠᠨ  ᠦᠭᠡᠢ  ᠰᠤᠷᠠᠭ ᠵᠠᠩᠬᠢ ᠪᠠᠶᠢᠬᠤ  ᠦᠭᠡᠢ᠃        ᠭᠤᠷᠪᠠ᠂  ᠵᠠᠰᠠᠭ  ᠤᠨ  ᠤᠷᠳᠤᠨ  ᠤ  ᠰᠤᠷᠠᠭ ᠵᠠᠩᠬᠢ  ᠶᠢ ᠢᠯᠡ   ᠪᠤᠯᠭᠠᠭᠰᠠᠨ  ᠰᠦᠢᠳᠬᠡᠯ  ᠪᠤᠯᠤᠨ  ᠬᠡᠯᠳᠦᠷᠢᠭᠦᠯᠤᠭ᠍ᠰᠡᠨ  ᠪᠠᠶᠢᠳᠠᠯ᠄         《 ᠳᠤᠭᠳᠠᠭᠠᠯ 》 ᠤᠨ  ᠪᠠᠷᠢᠮᠵᠢᠶ᠎ᠡ  ᠪᠤᠯᠤᠨ  ᠲᠤᠰ  ᠲᠤᠭᠤᠷᠢᠭ  ᠤᠨ ᠢᠶᠠᠨ  ᠪᠤᠳᠠᠳᠤ  ᠪᠠᠶᠢᠳᠠᠯ  ᠢ  ᠦᠨᠳᠦᠰᠦᠯᠡᠨ  ᠂  ᠵᠠᠰᠠᠭ  ᠤᠨ  ᠤᠷᠳᠤᠨ  ᠤ  ᠰᠤᠷᠠᠭ ᠵᠠᠩᠬᠢ  ᠶᠢ ᠢᠯᠡ  ᠪᠤᠯᠭᠠᠬᠤ  ᠡᠷᠡᠮᠡᠯᠵᠡᠯ   ᠪᠠ ᠰᠤᠷᠠᠭ ᠵᠠᠩᠬᠢ ᠶᠢᠨ ᠬᠠᠶᠢᠯᠲᠠ  ᠂  ᠳᠠᠷᠤᠮᠯᠠᠯ᠂  ᠰᠢᠤᠳᠠᠨ ᠤ  ᠰᠦᠢᠳᠬᠡᠯ ᠵᠡᠷᠬᠡ ᠳᠤ ᠮᠦᠩᠬᠦ ᠳᠦᠬᠦᠷᠢᠭ  ᠬᠤᠷᠢᠶᠠᠭᠰᠠᠨ  ᠦᠭᠡᠢ᠃        ᠳᠦᠷᠪᠡ᠂  ᠵᠠᠰᠠᠭ  ᠤᠨ  ᠤᠷᠳᠤᠨ  ᠤ  ᠰᠤᠷᠠᠭ ᠵᠠᠩᠬᠢ ᠶᠢ  ᠢᠯᠡ  ᠪᠤᠯᠭᠠᠬᠤ  ᠡᠷᠡᠮᠡᠯᠵᠡᠯ  ᠤᠨ   ᠳᠠᠬᠢᠨ  ᠵᠦᠪᠯᠡᠬᠦ  ᠠᠴᠠ ᠪᠤᠯᠤᠭᠰᠠᠨ  ᠵᠠᠰᠠᠭ  ᠵᠠᠬᠢᠷᠭᠠᠨ  ᠤ  ᠵᠠᠷᠭᠤ  ᠶᠢᠨ  ᠪᠠᠶᠢᠳᠠᠯ᠄         2013 ᠤᠨ  ᠳᠤ  ᠲᠤᠭᠤᠷᠢᠭ ᠤᠨ  ᠵᠠᠰᠠᠭ  ᠤᠨ  ᠤᠷᠳᠤᠨ ᠨᠢ ᠰᠤᠷᠠᠭ ᠵᠠᠩᠬᠢ  ᠶᠢ  ᠢᠯᠡ  ᠪᠤᠯᠭᠠᠬᠤ ᠠᠴᠠ ᠡᠬᠦᠰᠦᠭᠰᠡᠨ ᠵᠠᠰᠠᠭ  ᠵᠠᠬᠢᠷᠭᠠᠨ  ᠤ  ᠳᠠᠬᠢᠨ  ᠵᠦᠪᠯᠡᠬᠦ ᠡᠷᠡᠮᠡᠯᠵᠡᠯ᠂ ᠵᠠᠷᠭᠤ ᠵᠠᠭᠠᠯᠳᠤᠭᠠᠨ ᠪᠠ ᠭᠤᠮᠤᠳᠠᠯ ᠤᠨ ᠮᠡᠳᠡᠬᠦᠯᠤᠯᠬᠡ ᠪᠠᠶᠢᠬᠤ ᠦᠭᠡᠢ  ᠃          ᠲᠠᠪᠤ᠂  ᠵᠠᠰᠠᠭ  ᠤᠨ  ᠤᠷᠳᠤᠨ  ᠤ  ᠰᠤᠷᠠᠭ ᠵᠠᠩᠬᠢ ᠶᠢ ᠢᠯᠡ  ᠪᠤᠯᠭᠠᠬᠤ  ᠠᠵᠢᠯ  ᠤᠨ  ᠳᠤᠮᠳᠠ  ᠤᠷᠤᠰᠢᠵᠤ  ᠪᠠᠶᠢᠭ᠎ᠠ  ᠭᠤᠤᠯ  ᠠᠰᠠᠭᠤᠳᠠᠯ  ᠪᠤᠯᠤᠨ  ᠬᠠᠯᠠᠨ  ᠰᠠᠶᠢᠵᠢᠷᠠᠭᠤᠯᠬᠤ  ᠠᠷᠭ᠎ᠠ  ᠬᠡᠮᠵᠢᠶ᠎ᠡ            ︵ᠨᠢᠭᠡ︶ ᠤᠷᠤᠰᠢᠵᠤ  ᠪᠠᠶᠢᠭ᠎ᠠ  ᠭᠤᠤᠯ  ᠠᠰᠠᠭᠤᠳᠠᠯ  ᠪᠤᠯᠤᠨ  ᠬᠠᠯᠠᠨ  ᠰᠠᠶᠢᠵᠢᠷᠠᠭᠤᠯᠬᠤ  ᠠᠷᠭ᠎ᠠ  ᠬᠡᠮᠵᠢᠶ᠎ᠡ᠄            1. ᠵᠠᠰᠠᠭ  ᠤᠨ  ᠤᠷᠳᠤᠨ  ᠤ  ᠰᠤᠷᠠᠭ ᠵᠠᠩᠬᠢ ᠶᠢ  ᠢᠯᠡ  ᠪᠤᠯᠭᠠᠬᠤ  ᠠᠵᠢᠯ  ᠤᠨ ᠬᠦᠭᠵᠢᠯᠲᠡ   ᠨᠢ  ᠲᠡᠩᠴᠡᠭᠦᠷᠢ  ᠦᠭᠡᠢ᠃ ᠡᠨᠡᠬᠦ ᠠᠵᠢᠯ ᠨᠢ  ᠵᠠᠰᠠᠭ  ᠤᠨ  ᠤᠷᠳᠤᠨ  ᠤ  ᠰᠤᠷᠠᠭ ᠵᠠᠩᠬᠢ ᠶᠢ ᠢᠯᠡ  ᠪᠤᠯᠭᠠᠬᠤ  ᠴᠢᠨᠠᠷ  ᠴᠢᠨᠰᠠᠭ᠎ᠠ  ᠂  ᠬᠢᠷᠢ  ᠲᠦᠪᠰᠢᠨ᠂  ᠬᠦᠷᠢᠶ᠎ᠡ  ᠬᠡᠪᠴᠢᠶ᠎ᠡ ᠪᠤᠯᠤᠨ  ᠡᠯ᠎ᠡ  ᠪᠠᠶᠢᠭᠤᠯᠭ᠎ᠠ  ᠶᠢᠨ  ᠬᠦᠨᠳᠦᠳᠬᠡᠨ  ᠦᠵᠡᠬᠦ  ᠬᠡᠮᠵᠢᠶ᠎ᠡ  ᠵᠢᠴᠢ ᠠᠵᠢᠯᠯᠠᠭᠴᠢ  ᠶᠢᠨ ᠴᠢᠳᠠᠪᠤᠷᠢ   ᠲᠠᠢ  ᠨᠢᠭᠲᠠ  ᠬᠠᠷᠢᠴᠠᠭ᠎ᠠ   ᠲᠠᠢ᠃  ᠵᠠᠰᠠᠭ  ᠤᠨ  ᠤᠷᠳᠤᠨ  ᠤ  ᠰᠤᠷᠠᠭ ᠵᠠᠩᠬᠢ  ᠶᠢ  ᠢᠯᠡ ᠪᠤᠯᠭᠠᠭᠰᠠᠨ ᠵᠦᠢᠯᠡᠰ ᠢ  ᠬᠠᠶᠢᠵᠤ  ᠤᠶᠢᠯᠠᠭᠠᠬᠤ  ᠳᠤ  ᠳᠦᠭᠦᠮ  ᠦᠵᠡᠭᠦᠯᠦᠭᠰᠡᠨ  ᠬᠡᠮᠵᠢᠶ᠎ᠡ  ᠪᠤᠯᠤᠨ ᠠᠷᠠᠳ  ᠤᠯᠠᠨ  ᠤ  ᠬᠡᠷᠡᠭᠴᠡᠬᠡᠨ ᠳᠤ  ᠵᠦᠷᠢᠶ᠎ᠡ  ᠤᠷᠤᠰᠢᠵᠤ ᠪᠠᠶᠢᠭ᠎ᠠ ᠳᠤᠯᠠ ᠰᠦᠯᠵᠢᠶᠡᠨ  ᠤ  ᠴᠢᠮᠡᠭᠡ  ᠶᠢ  ᠰᠢᠨᠡᠳᠬᠡᠬᠦ ᠪᠠ  ᠬᠠᠮᠠᠭᠠᠯᠠᠬᠤ  ᠶᠢ  ᠤᠯᠠᠮ  ᠨᠢᠭᠡ  ᠠᠯᠬᠤᠮ  ᠴᠢᠩᠭᠠᠳᠬᠠᠬᠤ  ᠬᠡᠷᠡᠭᠲᠡᠢ᠃  ᠤᠨᠴᠠ  ᠵᠠᠷᠢᠮ  ᠪᠠᠶᠢᠭᠤᠯᠭ᠎ᠠ ᠨᠢᠬᠡᠴᠡ  ᠶᠢᠨ  ᠭᠤᠤᠯᠳᠠᠯᠭ᠎ᠠ   ᠲᠠᠢ  ᠠᠵᠢᠯ  ᠢ  ᠨᠠᠶᠢᠳᠠᠪᠤᠷᠢᠵᠢᠭᠤᠯᠤᠨ  ᠲᠤᠤᠱᠯᠠᠭᠤᠯᠬᠤ  ᠤᠬᠠᠮᠰᠠᠷ  ᠪᠤᠯᠤᠨ  ᠬᠦᠴᠦᠯᠡᠴᠡ ᠨᠢ  ᠬᠦᠷᠦᠯᠴᠡᠬᠦ  ᠦᠭᠡᠢ ᠤᠴᠢᠷ  ᠠᠴᠠ ᠬᠦᠢᠴᠡᠳᠬᠡᠭᠴᠢ ᠪᠠ  ᠬᠠᠮᠵᠢᠯᠴᠠᠭᠴᠢ  ᠰᠠᠯᠠᠭ᠎ᠠ  ᠮᠦᠴᠢᠷ  ᠂ ᠬᠦᠢᠴᠡᠳᠬᠡᠭᠴᠢ  ᠪᠤᠯᠤᠨ  ᠦᠨᠳᠦᠰᠦᠨ  ᠱᠠᠳᠤᠨ  ᠤ  ᠪᠠᠶᠢᠭᠤᠯᠭ᠎ᠠ  ᠶᠢᠨ  ᠬᠤᠭᠤᠷᠤᠨᠳᠤᠬᠢ  ᠬᠠᠮᠵᠢᠯᠴᠠᠭ᠎ᠠ  ᠶᠢ  ᠴᠢᠩᠭᠠᠳᠬᠠᠬᠤ  ᠴᠢᠬᠤᠯᠠᠲᠠᠢ  ᠃  ᠪᠠᠶᠢᠭᠤᠯᠭ᠎ᠠ ᠨᠢᠬᠡᠴᠡ ᠨᠢ ᠢᠯᠡ  ᠪᠤᠯᠭᠠᠬᠤ  ᠠᠯᠬᠤᠮ  ᠳᠠᠷᠠᠭ᠎ᠠ  ᠪᠠᠨ  ᠤᠯᠠᠮ  ᠨᠢᠭᠡ  ᠠᠯᠬᠤᠮ  ᠲᠡᠭᠦᠯᠳᠡᠷᠵᠢᠭᠦᠯᠬᠦ  ᠬᠡᠷᠡᠭᠲᠡᠢ᠃      2.  ᠵᠠᠰᠠᠭ  ᠤᠨ  ᠤᠷᠳᠤᠨ  ᠤ  ᠰᠤᠷᠠᠭ ᠵᠠᠩᠬᠢ  ᠶᠢ   ᠢᠯᠡ  ᠪᠤᠯᠭᠠᠬᠤ  ᠬᠦᠷᠢᠶ᠎ᠡ  ᠬᠡᠪᠴᠢᠶ᠎ᠡ  ᠪᠠᠨ  ᠦᠷᠭᠡᠳᠬᠡᠬᠦ   ᠴᠢᠬᠤᠯᠠᠲᠠᠢ᠃  ᠠᠵᠤ  ᠠᠬᠤᠶᠢᠯᠠᠯ  ᠠᠵᠢᠯ  ᠦᠢᠯᠡᠰ  ᠤᠨ  ᠨᠢᠭᠡᠴᠡ  ᠶᠢᠨ  ᠰᠤᠷᠠᠭ ᠵᠠᠩᠬᠢ  ᠶᠢ ᠢᠯᠡ  ᠪᠤᠯᠭᠠᠬᠤ  ᠶᠢ  ᠴᠢᠩᠭᠠᠳᠬᠠᠬᠤ ᠨᠢ ᠵᠤᠬᠢᠰ ᠲᠠᠢ  ᠃  ᠰᠤᠷᠭᠠᠨ  ᠬᠦᠮᠦᠵᠢᠯ᠂  ᠡᠮᠴᠢᠯᠡᠭᠡ  ᠡᠷᠡᠭᠦᠯ  ᠬᠠᠮᠠᠭᠠᠯᠠᠯ  ᠂  ᠲᠦᠯᠦᠪᠯᠡᠭᠡᠲᠦ  ᠦᠷᠡᠵᠢᠯ  ᠂  ᠤᠰᠤ᠂  ᠴᠠᠬᠢᠯᠭᠠᠨ᠂  ᠬᠡᠢ  ᠶᠢᠨ  ᠬᠠᠩᠭᠠᠯᠭ᠎ᠠ᠂  ᠤᠷᠴᠢᠨ  ᠲᠤᠭᠤᠷᠢᠨ ᠤ ᠬᠠᠮᠠᠭᠠᠯᠠᠯᠳᠠ᠂  ᠵᠠᠮ  ᠬᠠᠷᠢᠯᠴᠠᠭ᠎ᠠ  ᠪᠤᠯᠤᠨ  ᠠᠷᠠᠳ  ᠤᠯᠠᠨ  ᠤ  ᠠᠰᠢᠭ  ᠲᠤᠰᠠ   ᠲᠠᠢ  ᠬᠤᠯᠪᠤᠭᠳᠠᠭᠰᠠᠨ  ᠤᠯᠠᠨ  ᠨᠡᠶᠢᠲᠡ ᠶᠢᠨ  ᠠᠵᠤ  ᠠᠬᠤᠶᠢᠯᠠᠯ  ᠠᠵᠢᠯ  ᠦᠢᠯᠡᠰ  ᠤᠨ  ᠨᠢᠭᠡᠴᠡ  ᠂  ᠨᠡᠶᠢᠭᠡᠮ  ᠤᠨ  ᠤᠯᠠᠨ  ᠨᠡᠶᠢᠲᠡ  ᠶᠢᠨ  ᠦᠢᠯᠡᠴᠢᠯᠡᠭᠡ ᠶᠢ ᠬᠠᠩᠭᠠᠬᠤ ᠶᠠᠪᠤᠴᠠ ᠳᠠᠬᠢ  ᠰᠤᠷᠠᠭ   ᠵᠠᠩᠬᠢ ᠶᠢ ᠨᠡᠶᠢᠲᠡᠯᠡᠬᠦ ᠪᠠ  ᠲᠤᠬᠢᠷᠠᠭᠤᠯᠬᠤ  ᠠᠵᠢᠯ  ᠢ  ᠲᠡᠭᠦᠯᠳᠡᠷᠵᠢᠭᠦᠯᠬᠦ  ᠴᠢᠬᠤᠯᠠᠲᠠᠢ᠃  ᠬᠡᠰᠡᠭ  ᠪᠦᠯᠦᠭ  ᠪᠠᠶᠢᠭᠤᠯᠭ᠎ᠠ  ᠢᠯᠡ  ᠪᠤᠯᠭᠠᠬᠤ  ᠪᠤᠯᠤᠨ  ᠨᠢᠭᠤᠴᠠ  ᠶᠢ  ᠬᠠᠮᠠᠭᠠᠯᠠᠬᠤ  ᠶᠢᠨ  ᠬᠠᠷᠢᠴᠠᠭ᠎ᠠ  ᠶᠢ ᠳᠤᠬᠢᠷᠠᠮᠵᠢᠳᠠᠢ  ᠰᠢᠢᠳᠪᠦᠷᠢᠯᠡᠵᠦ ᠴᠢᠳᠠᠭᠰᠠᠨ  ᠦᠭᠡᠢ ᠪᠠᠶᠢᠨ᠎ᠠ᠃       3.  ᠪᠢᠴᠢᠭ ᠮᠠᠲ᠋ᠧᠷᠢᠶᠠᠯ  ᠢ  ᠴᠠᠭ  ᠲᠤᠬᠠᠢ  ᠳᠤ   ᠨᠢ  ᠰᠢᠢᠳᠪᠦᠷᠢᠯᠡᠭᠰᠡᠨ  ᠦᠭᠡᠢ  ᠃  ᠵᠠᠷᠢᠮ  ᠰᠠᠯᠠᠭ᠎ᠠ  ᠮᠦᠴᠢᠷ  ᠠᠵᠢᠯ  ᠤᠨ  ᠶᠠᠪᠤᠴᠠ ᠳᠠᠬᠢ ᠮᠠᠲ᠋ᠧᠷᠢᠶᠠᠯ ᠢᠶᠠᠨ  ᠴᠠᠭ  ᠲᠤᠬᠠᠢ  ᠳᠤ   ᠨᠢ  ᠲᠦᠷᠦᠯ  ᠬᠤᠪᠢᠶᠠᠵᠤ  ᠬᠠᠳᠠᠭᠠᠯᠠᠭᠰᠠᠨ  ᠦᠭᠡᠢ ᠪᠦᠬᠡᠳ ᠨᠡᠶᠢᠳᠡᠯᠡᠬᠦ ᠳᠡᠭᠡᠨ ᠭᠠᠷᠴᠠᠭ ᠬᠠᠳᠠᠭᠰᠠᠨ ᠦᠭᠡᠢ᠃         ︵ᠬᠤᠶᠠᠷ︶  ᠬᠠᠯᠠᠨ  ᠰᠠᠶᠢᠵᠢᠷᠠᠭᠤᠯᠬᠤ  ᠠᠷᠭ᠎ᠠ  ᠬᠡᠮᠵᠢᠶ᠎ᠡ         1.  ᠤᠬᠠᠭᠤᠯᠬᠤ ᠪᠠ  ᠰᠤᠷᠭᠠᠨ ᠬᠦᠮᠦᠵᠢᠬᠦᠯᠬᠦ ᠶᠢ  ᠴᠢᠩᠭᠠᠳᠬᠠᠬᠤ  ᠬᠡᠷᠡᠭᠲᠡᠢ᠃  ᠬᠤᠩ  ᠱᠠᠨ  ᠲᠤᠭᠤᠷᠢᠭ  ᠤᠨ  ᠡᠯ᠎ᠡ  ᠰᠠᠯᠠᠭ᠎ᠠ  ᠮᠦᠴᠢᠷ  ᠢᠯᠡ  ᠪᠤᠯᠭᠠᠬᠤ  ᠤᠬᠠᠮᠰᠠᠷ  ᠢᠶᠠᠨ  ᠤᠯᠠᠮ  ᠨᠢᠭᠡ  ᠠᠯᠬᠤᠮ  ᠴᠢᠩᠭᠠᠳᠬᠠᠨ᠂  ᠵᠠᠰᠠᠭ  ᠵᠠᠬᠢᠷᠭᠠᠨ  ᠤ  ᠪᠠᠶᠢᠭᠤᠯᠭ᠎ᠠ ᠨᠤᠭᠤᠳ 《 ᠳᠤᠭᠳᠠᠭᠠᠯ 》 ᠢ  ᠨᠠᠶᠢᠳᠠᠪᠦᠷᠢᠵᠢᠭᠤᠯᠤᠨ  ᠲᠤᠤᠱᠯᠠᠭᠤᠯᠬᠤ  ᠤᠬᠠᠮᠰᠠᠷ  ᠢᠶᠠᠨ  ᠳᠡᠭᠡᠭᠰᠢᠯᠡᠭᠦᠯᠵᠦ᠂  ᠰᠤᠷᠳᠠᠯ  ᠤᠬᠠᠭᠤᠯᠭ᠎ᠠ  ᠶᠢᠨ  ᠬᠦᠴᠦᠯᠡᠴᠡ  ᠪᠠᠨ ᠴᠢᠩᠭᠠᠳᠬᠠᠨ  ᠂  ᠵᠠᠰᠠᠭ  ᠤᠨ  ᠤᠷᠳᠤᠨ  ᠤ  ᠰᠤᠷᠠᠭ ᠵᠠᠩᠬᠢ ᠶᠢ  ᠢᠯᠡ  ᠪᠤᠯᠭᠠᠬᠤ  ᠬᠠᠮᠢᠶ᠎ᠠ  ᠪᠦᠬᠦᠢ  ᠲᠦᠷᠦ  ᠶᠢᠨ  ᠪᠤᠳᠤᠯᠭ᠎ᠠ  ᠶᠢᠨ  ᠮᠡᠳᠡᠷᠡᠭᠳᠡᠬᠦ  ᠬᠡᠪᠴᠢᠶ᠎ᠡ  ᠪᠤᠯᠤᠨ  ᠤᠷᠤᠯᠴᠠᠬᠤ  ᠨᠤᠷᠮ᠎ᠠ  ᠶᠢ  ᠳᠡᠭᠡᠭᠰᠢᠯᠡᠭᠦᠯᠦᠨ᠂  ᠠᠵᠢᠯᠳᠠᠨ  ᠠᠵᠢᠯᠴᠢᠨ ᠤ  ᠶᠡᠷᠦᠩᠬᠡᠶᠢᠯᠡᠭᠰᠡᠨ  ᠬᠡᠪ  ᠴᠢᠨᠠᠷ  ᠢ  ᠲᠠᠰᠤᠷᠠᠯᠲᠠ  ᠦᠭᠡᠢ ᠴᠢᠨᠠᠷᠵᠢᠭᠤᠯᠬᠤ ᠬᠡᠷᠡᠭᠳᠡᠢ᠃  ᠡᠯ᠎ᠡ  ᠰᠠᠯᠠᠭ᠎ᠠ  ᠮᠦᠴᠢᠷ  ᠰᠤᠷᠠᠭ ᠵᠠᠩᠬᠢ  ᠶᠢ  ᠢᠯᠡ ᠪᠤᠯᠭᠠᠭ᠎ᠠ    ᠠᠵᠢᠯᠳᠠᠨ  ᠤ  ᠪᠤᠯᠪᠠᠰᠤᠷᠠᠯ  ᠬᠦᠮᠦᠵᠢᠯ  ᠤᠨ  ᠬᠤᠷᠠᠯ ᠢ  ᠡᠷᠬᠢᠯᠡᠵᠦ᠂  ᠵᠠᠰᠠᠭ  ᠤᠨ  ᠤᠷᠳᠤᠨ  ᠤ  ᠰᠤᠷᠠᠭ ᠵᠠᠩᠬᠢ  ᠶᠢ  ᠢᠯᠡ ᠪᠤᠯᠭᠠᠬᠤ  ᠠᠵᠢᠯ  ᠤᠨ  ᠬᠠᠮᠢᠶ᠎ᠡ  ᠪᠦᠬᠦᠢ  ᠬᠠᠤᠯᠢ  ᠴᠠᠭᠠᠵᠠ  ᠶᠢᠨ  ᠬᠠᠷᠢᠭᠤᠴᠠᠯᠭ᠎ᠠ   ᠪᠠ  ᠡᠷᠬᠡ  ᠡᠭᠦᠷᠭᠡ  ᠶᠢ   ᠤᠯᠠᠮ  ᠨᠢᠭᠡ  ᠠᠯᠬᠤᠮ  ᠲᠤᠳᠦᠷᠬᠠᠢ  ᠪᠤᠯᠭᠠᠵᠤ᠂  ᠰᠠᠨᠠᠭᠠᠴᠢᠯᠠᠭ᠎ᠠ ᠠᠴᠠ ᠪᠠᠨ  ᠢᠯᠡ  ᠪᠤᠯᠭᠠᠬᠤ  ᠪᠤᠯᠤᠨ  ᠡᠷᠡᠮᠵᠢᠯᠡᠨ ᠢᠯᠡ  ᠪᠤᠯᠭᠠᠬᠤ  ᠵᠡᠷᠭᠡ  ᠬᠠᠮᠢᠶ᠎ᠠ  ᠪᠦᠬᠦᠢ  ᠠᠵᠢᠯ  ᠢ  ᠳᠦᠷᠢᠮᠵᠢᠭᠦᠯᠵᠦ᠂  ᠬᠠᠤᠯᠢ  ᠪᠠᠷ  ᠵᠠᠰᠠᠭ  ᠪᠠᠷᠢᠬᠤ  ᠴᠢᠳᠠᠪᠤᠷᠢ  ᠪᠠᠨ ᠳᠡᠬᠡᠭᠰᠢᠬᠦᠯᠬᠦ ᠬᠡᠷᠡᠭᠳᠡᠢ᠃       2.   ᠳᠦᠷᠢᠮ  ᠳᠤᠭᠳᠠᠭᠠᠯ ᠢᠶᠠᠨ ᠲᠡᠭᠦᠯᠳᠡᠷᠵᠢᠭᠦᠯᠬᠦ ᠬᠡᠷᠡᠭᠲᠡᠢ᠃  ᠮᠠᠨ  ᠤ  ᠲᠤᠭᠤᠷᠢᠭ ᠤᠨ ᠦᠢᠯᠡᠴᠢᠯᠡᠭᠡᠨ  ᠤ  ᠪᠠᠶᠢᠭᠤᠯᠭ᠎ᠠ ᠶᠢᠨ ᠠᠵᠢᠯᠳᠠᠳ ᠵᠠᠰᠠᠭ  ᠤᠨ  ᠤᠷᠳᠤᠨ  ᠤ   ᠰᠤᠷᠠᠭ ᠵᠠᠩᠬᠢ   ᠶᠢ  ᠢᠯᠡ   ᠪᠤᠯᠭᠠᠬᠤ   ᠠᠵᠢᠯ  ᠤᠨ ᠲᠠᠯ᠎ᠠ  ᠳᠤ  ᠤᠷᠤᠰᠢᠵᠤ ᠪᠠᠶᠢᠭ᠎ᠠ  ᠠᠰᠠᠭᠤᠳᠠᠯ  ᠢ  ᠨᠠᠷᠢᠨ  ᠬᠢᠨᠠᠮᠠᠭᠠᠢ  ᠰᠢᠢᠳᠪᠦᠷᠢᠯᠡᠵᠦ  ᠂  ᠵᠠᠰᠠᠭ  ᠤᠨ  ᠤᠷᠳᠤᠨ  ᠤ  ᠰᠤᠷᠠᠭ   ᠵᠠᠩᠬᠢ  ᠶᠢ  ᠢᠯᠡ  ᠪᠤᠯᠭᠠᠬᠤ  ᠡᠯ᠎ᠡ  ᠲᠦᠷᠦᠯ  ᠤᠨ  ᠠᠵᠢᠯ  ᠤᠨ  ᠳᠦᠷᠢᠮᠵᠢᠯ  ᠢ  ᠠᠯᠬᠤᠮ  ᠠᠯᠬᠤᠮ  ᠢᠶᠠᠷ  ᠰᠢᠯᠢᠳᠡᠭᠵᠢᠭᠦᠯᠦᠭᠰᠡᠨ  ᠪᠠ  ᠲᠡᠭᠦᠯᠳᠡᠷᠵᠢᠭᠦᠯᠵᠡᠢ᠃      3. ᠢᠯᠡ ᠪᠤᠯᠭᠠᠬᠤ  ᠰᠢᠨ᠎ᠡ  ᠠᠷᠭ᠎ᠠ  ᠵᠠᠮ  ᠢ  ᠬᠠᠶᠢᠨ  ᠰᠦᠪᠡᠭᠴᠢᠯᠡᠨ᠎ᠡ᠃  ᠰᠤᠷᠠᠭ  ᠵᠠᠩᠭᠢᠵᠢᠯᠠᠯᠲᠠ ᠪᠠ ᠵᠠᠰᠠᠭ  ᠤᠨ  ᠤᠷᠳᠤᠨ  ᠤ ᠰᠦᠯᠵᠢᠶᠡᠨ  ᠤ  ᠬᠦᠭᠵᠢᠯᠲᠡ ᠲᠠᠢ  ᠤᠶᠠᠯᠳᠤᠭᠤᠯᠤᠨ᠂  ᠲᠤᠷᠰᠢᠯᠭ᠎ᠠ  ᠰᠤᠷᠭᠠᠮᠵᠢ  ᠪᠠᠨ  ᠳ᠋ᠦᠩᠨᠡᠵᠦ  ᠂  ᠵᠠᠰᠠᠭ  ᠤᠨ  ᠤᠷᠳᠤᠨ  ᠤ  ᠰᠤᠷᠠᠭ ᠵᠠᠩᠬᠢ ᠶᠢ  ᠢᠯᠡ  ᠪᠤᠯᠭᠠᠬᠤ  ᠰᠢᠨ᠎ᠡ  ᠵᠠᠮ  ᠂  ᠰᠢᠨ᠎ᠡ  ᠠᠷᠭ᠎ᠠ ᠶᠢ ᠰᠦᠪᠡᠭᠴᠢᠯᠡᠨ᠎ᠡ᠃  ᠵᠠᠰᠠᠭ  ᠤᠨ  ᠤᠷᠳᠤᠨ  ᠤ  ᠰᠦᠯᠵᠢᠶ᠎ᠡ  ᠬᠢᠬᠡᠳ ᠰᠤᠷᠠᠭ ᠵᠠᠩᠬᠢ  ᠶᠢ  ᠢᠯᠡ  ᠪᠤᠯᠭᠠᠬᠤ  ᠬᠠᠮᠢᠶᠠᠷᠤᠯᠲᠠ  ᠶᠢᠨ  ᠰᠢᠰᠲ᠋ᠧᠮ  ᠢ  ᠲᠦᠰᠢᠭᠯᠡᠵᠦ᠂ ᠵᠠᠰᠠᠭ  ᠤᠨ  ᠤᠷᠳᠤᠨ ᠤ  ᠰᠤᠷᠠᠭ ᠵᠠᠩᠬᠢ  ᠶᠢ  ᠢᠯᠡ  ᠪᠤᠯᠭᠠᠬᠤ  ᠠᠵᠢᠯ  ᠤᠨ  ᠲᠠᠪᠴᠢᠩ  ᠢ  ᠳᠡᠰ ᠳᠡᠪᠰᠢᠬᠦᠯᠵᠦ ᠦᠷᠭᠡᠵᠢᠭᠦᠯᠦᠨ᠎ᠡ᠃  ᠮᠡᠷᠭᠡᠵᠢᠯ ᠤᠨ ᠨᠢᠭᠡᠲᠦᠯᠲᠡᠢ ᠪᠠᠷᠢᠮᠵᠢᠶ᠎ᠠ  ᠶᠢ  ᠦᠨᠳᠦᠰᠦᠯᠡᠨ᠂  ᠬᠠᠮᠢᠶ᠎ᠠ  ᠪᠦᠬᠦᠢ ᠰᠢᠰᠲ᠋ᠧᠮ ᠤᠨ ᠲᠤᠭ᠎ᠠ ᠪᠠᠷᠢᠮᠲᠠ  ᠶᠢ  ᠬᠤᠪᠢᠶᠠᠯᠴᠠᠬᠤ ᠪᠠ ᠴᠢᠳᠠᠮᠵᠢ  ᠶᠢ   ᠰᠢᠯᠢᠳᠡᠭᠵᠢᠬᠦᠯᠦᠨ᠎ᠠ᠃       4. ᠪᠦᠯᠬᠦᠮ ᠤᠨ  ᠪᠠᠶᠢᠭᠤᠯᠤᠯᠲᠠ ᠶᠢ  ᠴᠢᠩᠭᠠᠳᠬᠠᠨ᠎ᠠ᠃  ᠪᠦᠬᠦ ᠲᠤᠭᠤᠷᠢᠭ ᠤᠨ ᠡᠯ᠎ᠡ ᠰᠠᠯᠠᠭ᠎ᠠ ᠮᠦᠴᠢᠷ ᠪᠠ ᠰᠤᠷᠠᠭ  ᠴᠢᠮᠡᠭᠡ  ᠶᠢ  ᠢᠯᠡ  ᠪᠤᠯᠭᠠᠬᠤ  ᠭᠤᠤᠯ  ᠤᠳᠤᠷᠢᠳᠤᠯᠭ᠎ᠠ ᠠᠴᠠ  ᠠᠵᠢᠯ ᠤᠨ ᠪᠠᠶᠢᠭᠤᠯᠤᠮᠵᠢ  ᠶᠢᠨ  ᠢᠶᠠᠨ  ᠬᠠᠮᠢᠶ᠎ᠠ  ᠪᠦᠬᠦᠢ  ᠪᠠᠶᠢᠳᠠᠯ  ᠪᠤᠯᠤᠨ  ᠮᠠᠲ᠋ᠧᠷᠢᠶᠠᠯ  ᠢ  ᠴᠠᠭ  ᠲᠤᠬᠠᠢ  ᠳᠤ   ᠨᠢ   ᠡᠮᠬᠢᠳᠬᠡᠨ ᠰᠢᠨᠡᠳᠬᠡᠵᠦ᠂  ᠵᠠᠰᠠᠭ  ᠤᠨ  ᠤᠷᠳᠤᠨ  ᠤ  ᠰᠤᠷᠠᠭ ᠵᠠᠩᠬᠢ ᠶᠢ  ᠢᠯᠡ  ᠪᠤᠯᠭᠠᠬᠤ  ᠪᠠᠶᠢᠭᠤᠯᠤᠮᠵᠢ  ᠪᠤᠯᠤᠨ  ᠰᠦᠯᠵᠢᠶ᠎ᠡ  ᠶᠢ  ᠪᠦᠲᠦᠭᠡᠨ  ᠪᠠᠶᠢᠭᠤᠯᠤᠨ᠎ᠠ᠃ ᠤᠯᠠᠨ ᠬᠡᠯᠪᠡᠷᠢ  ᠶᠢᠨ  ᠪᠤᠯᠪᠠᠰᠤᠷᠠᠯ  ᠢ ᠡᠷᠬᠢᠯᠡᠵᠦ᠂  ᠠᠰᠠᠭᠤᠳᠠᠯ  ᠢ  ᠴᠠᠭ  ᠲᠤᠬᠠᠢ  ᠳᠤ   ᠨᠢ  ᠢᠯᠡᠷᠡᠭᠦᠯᠵᠦ ᠵᠠᠯᠠᠷᠠᠭᠤᠯᠬᠤ  ᠬᠡᠷᠡᠭᠲᠡᠢ᠃                                          
 
ᠢᠷᠡᠯᠲᠡ᠄ ᠤᠯᠠᠭᠠᠨᠬᠠᠳᠠ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号