| ᠨᠣᠷᠪᠤᠪᠠᠽᠠᠷ | ᠰᠤᠷᠭᠠᠭᠤᠯᠢ ᠳᠤ ᠰᠤᠷᠤᠯᠴᠠᠵᠦ ᠪᠠᠶᠢᠬᠤ ᠳᠠᠭᠠᠨ ᠮᠣᠩᠭᠤᠯ ᠭᠡᠯᠡᠨ ᠤ ᠵᠦᠢ ᠶᠢᠨ ᠪᠠᠭᠰᠢ ᠶᠢᠨ ᠵᠢᠭᠠᠭᠰᠠᠨ | ᠤᠯᠠᠮᠵᠢᠯᠠᠯᠳᠤ ᠪᠢᠴᠢᠯᠭᠡ᠂ ᠦᠪᠡᠷ ᠢᠶᠠᠨ ᠪᠠᠭᠰᠢᠯᠠᠵᠦ ᠪᠠᠶᠢᠬᠤ ᠳᠠᠭᠠᠨ ᠰᠤᠷᠤᠭᠴᠢᠳ ᠲᠠᠭᠠᠨ ᠵᠢᠭᠠᠭᠰᠠᠨ ᠤᠯᠠᠮᠵᠢᠯᠠᠯᠳᠤ | ᠪᠢᠴᠢᠯᠭᠡ ᠮᠢᠨᠢ ᠣᠯᠠᠩᠬᠢ ᠮᠣᠩᠭᠤᠯ ᠨᠣᠮ ᠪᠢᠴᠢᠭ᠂ ᠰᠣᠨᠢᠨ ᠰᠡᠳᠬᠦᠯ᠂ ᠴᠢᠨᠠᠭᠰᠢᠯᠠᠪᠠᠯ ᠰᠢᠨ᠎ᠡ ᠪᠠᠷ ᠨᠠᠶᠢᠷᠠᠭᠤᠯᠤᠭᠰᠠᠨ | ᠲᠣᠯᠢ ᠪᠢᠴᠢᠭ ᠨᠦᠭᠦᠳ ᠲᠤ ᠶᠠᠩᠵᠦ ᠶᠢᠨ ᠬᠤᠶᠠᠷ ᠢᠶᠠᠷ ᠪᠢᠴᠢᠭᠳᠡᠵᠦ ᠤᠳᠬ᠎ᠠ ᠤᠴᠢᠷ ᠣᠭ ᠰᠠᠨᠠᠭ᠎ᠠ ᠨᠢ ᠣᠯᠳᠠᠬᠤ ᠪᠠᠨ | ᠪᠠᠶᠢᠭᠰᠠᠨ ᠪᠠ ᠨᠡᠩ ᠢᠯᠠᠩᠭᠤᠶ᠎ᠠ ᠰᠤᠷᠤᠭᠴᠢ ᠶᠢᠨ ᠲᠣᠯᠢ ᠪᠢᠴᠢᠭ ᠲᠤ ᠣᠷᠣᠵᠦ ᠦᠷ᠎ᠡ ᠦᠨᠳᠤᠰᠤ ᠳᠤ ︽ᠬᠤᠣᠷ | ᠲᠠᠯᠪᠢᠵᠦ︾ ᠪᠠᠶᠢᠬᠤ ᠶᠢ ᠦᠵᠡᠭᠡᠳ᠂ ᠡᠪᠤᠭᠡᠨ ᠪᠢ ᠡᠬᠢᠯᠡᠭᠡᠳ ᠮᠡᠭᠡᠭᠡᠷᠡᠨ ᠭᠠᠶᠢᠬᠠᠵᠦ ᠪᠣᠳᠣᠬᠤ ᠲᠣᠳᠣᠮ ᠪᠠᠴᠢᠮᠳᠠᠨ | ᠭᠠᠴᠢᠭᠳᠠᠬᠤ ᠳᠠᠭᠠᠨ ᠭᠠᠷ ᠦᠵᠤᠭᠦᠷ ᠣᠯᠳᠠᠭᠰᠠᠨ ᠭᠡᠳᠤᠨ ᠦᠭᠡ ᠪᠠᠷ ᠵᠢᠱᠢᠶᠡᠯᠡᠵᠦ ᠦᠪᠡᠷ ᠤᠨ ᠦᠵᠡᠯᠳᠡ ᠪᠠᠨ | ᠲᠤᠷᠠᠳᠴᠦ᠂ ᠲᠠ ᠣᠯᠠᠨ ᠲᠠᠢ ᠵᠦᠪᠳᠡᠬᠦ ᠶᠢ ᠬᠦᠰᠡᠪᠡ᠃ | ︽ᠬᠠᠣᠯᠢ ᠪᠠᠷ ᠤᠯᠤᠰ ᠢᠶᠠᠨ ᠵᠠᠰᠠᠬᠤ︾ ᠲᠦᠷᠦ ᠶᠢᠨ ᠪᠣᠳᠣᠯᠭ᠎ᠠ ᠶᠢ ᠡᠷᠡᠰ ᠲᠣᠣᠱᠯᠠᠭᠤᠯᠵᠦ ᠪᠠᠶᠢᠭ᠎ᠠ | ᠦᠨᠤᠳᠤᠷ᠂ ᠮᠣᠩᠭᠤᠯ ᠭᠡᠯᠡ ᠪᠢᠴᠢᠭ ᠤᠨ ︽ᠦᠨᠳᠤᠰᠤᠨ ᠬᠠᠣᠯᠢ︾ ᠪᠣᠯᠬᠤ ︽ᠮᠣᠩᠭᠤᠯ ᠭᠡᠯᠡᠨ ᠤ ᠵᠦᠢ︾᠂ ︽ | ᠣᠷᠴᠢᠨ ᠴᠠᠭ ᠤᠨ ᠮᠣᠩᠭᠤᠯ ᠭᠡᠯᠡ︾ ᠶᠢᠨ ᠲᠣᠭᠳᠠᠭᠠᠯ ᠢ ᠲᠡᠷᠰᠯᠡᠵᠦ ᠰᠠᠨᠠᠭᠰᠠᠨ ᠢᠶᠠᠷ ᠢᠶᠠᠨ ᠰᠠᠪᠠᠯᠠᠵᠦ ᠪᠠᠶᠢᠬᠤ ᠨᠢ | ᠴᠣᠬᠤᠮ ᠭᠡᠨ ᠤ ᠰᠠᠨᠠᠭ᠎ᠠ ᠪᠣᠯ︖ ᠪᠠᠰᠠ ᠬᠠᠣᠯᠢ ᠶᠡᠭᠡ ᠦᠦ︖ ᠡᠷᠭᠡ ᠶᠡᠭᠡ ᠦᠦ︖ ᠶᠢ ᠡᠰᠡ ᠢᠯᠭᠠᠵᠦ᠂ ︽ᠵᠠᠰᠠᠭ | ᠤᠨ ᠣᠷᠳᠤᠨ ᠤ xxx ᠲᠣᠭᠠᠳᠤ ᠪᠢᠴᠢᠭ ᠮᠠᠲ᠋ᠧᠷᠢᠶᠠᠯ︾ ᠭᠡᠮᠡᠨ ᠶᠡᠭᠡ ᠮᠠᠯᠠᠭᠠᠢ ᠪᠠᠷ ᠲᠣᠯᠣᠭᠠᠢ ᠲᠠᠷᠣᠵᠦ᠂ ︽ᠬᠠᠣᠯᠢ ᠪᠠᠷ | ᠵᠠᠰᠠᠬᠤ︾ ᠲᠦᠷᠦ ᠶᠢᠨ ᠪᠣᠳᠣᠯᠭ᠎ᠠ ᠲᠠᠢ ᠦᠰᠢᠯᠳᠤᠨ᠂ ᠮᠣᠩᠭᠤᠯ ᠲᠦᠮᠡᠨ ᠤ ᠲᠤᠮᠳᠠ ᠨᠢᠭᠡᠨᠳᠡ ᠭᠡᠪᠰᠢᠨ ᠲᠣᠭᠳᠠᠵᠦ | ᠤᠯᠠᠮᠵᠢᠯᠠᠭᠳᠠᠵᠦ ᠢᠷᠡᠭᠰᠡᠨ ᠶᠣᠰᠤ ᠲᠦᠷᠢᠮ ᠢ ᠵᠦᠷᠢᠴᠡᠨ ᠲᠡᠷᠰᠯᠡᠵᠦ ᠤᠯᠠᠮᠵᠢᠯᠡᠯᠳᠤ ᠪᠢᠴᠢᠯᠭᠡ ᠶᠢ ᠰᠠᠮᠠᠭᠤᠷᠠᠭᠤᠯᠤᠨ | ᠦᠷ᠎ᠡ ᠬᠤᠶᠢᠴᠢᠰ ᠲᠤ ᠠᠯᠪᠠ ᠪᠠᠷ ᠪᠣᠷᠤᠭᠤ ᠤᠯᠠᠮᠵᠢᠯᠠᠵᠦ ᠪᠠᠶᠢᠬᠤ ᠨᠢ ᠬᠦᠮᠤᠰ ᠲᠤ ︽ᠣᠨᠳᠣᠣ ᠰᠠᠨᠠᠭᠠᠳᠠᠨ︾ ᠴᠦ ᠶᠤᠮ | ᠦᠦ︖ ᠭᠡᠵᠦ ᠪᠣᠳᠣᠭᠳᠠᠭᠤᠯᠤᠨ᠎ᠠ᠃ ᠵᠢᠱᠢᠶᠡᠯᠡᠪᠡᠯ ︽ᠭᠡᠴᠣᠨᠡᠨ᠂ ᠭᠡᠴᠢᠨᠡᠨ︾ ᠨᠢ ︽ᠭᠡᠴᠢᠨᠡᠭᠡᠨ︾ ᠪᠣᠯᠴᠢᠬᠠᠪᠠ︕ | ᠰᠡᠳᠬᠢᠯ ᠤᠨ ᠬᠦᠳᠡᠯᠭᠡᠭᠡᠨ ᠤ ᠭᠡᠮᠵᠢᠶ᠎ᠡ ᠶᠢ ᠵᠢᠭᠠᠬᠤ ᠳᠤ ︽ᠭᠡᠴᠣᠨᠡᠨ︾ ᠢ ᠭᠡᠷᠡᠭᠯᠡᠵᠦ᠂ ᠪᠣᠳᠠᠳᠠᠢ ᠲᠤᠭ᠎ᠠ ᠭᠡᠮᠵᠢᠶ᠎ᠡ ᠶᠢ | ᠵᠢᠭᠠᠬᠤ ᠳᠤ ︽ᠭᠡᠴᠢᠨᠡᠨ︾ ᠢ ᠭᠡᠷᠡᠭᠯᠡᠨ᠎ᠡ ᠭᠡᠵᠦ ᠪᠢᠳᠡ ᠰᠤᠷᠤᠭᠰᠠᠨ ᠪᠦᠭᠡᠳ ᠵᠢᠭᠠᠭᠰᠠᠨ᠂ ᠪᠠᠰᠠ ᠲᠡᠭᠡᠵᠦ ᠪᠢᠴᠢᠵᠦ | ᠭᠡᠷᠡᠭᠯᠡᠭᠰᠡᠭᠡᠷ ᠢᠷᠡᠭᠰᠡᠨ ᠡ᠃ ᠭᠡᠳᠡᠯ᠎ᠡ ︽ᠭᠡᠴᠣᠨᠡᠨ᠂ ᠭᠡᠴᠢᠨᠡᠨ︾ ᠢ ᠭᠠᠭᠴᠠ ︽ᠭᠡᠴᠢᠨᠡᠭᠡᠨ︾ ᠢᠶᠠᠷ ᠢᠯᠡᠳᠭᠡᠬᠦ ᠶᠢ | ᠣᠯᠵᠦ ᠬᠠᠷᠠᠪᠠ᠃ ᠡᠨᠡ ᠴᠢᠨᠢ ᠶᠠᠮᠠᠷ ᠢᠵᠠᠭᠤᠷ ᠲᠠᠢ ᠦᠭᠡ ᠪᠣᠯᠴᠢᠬᠠᠪᠠ︖ ᠶᠠᠮᠠᠷ ᠰᠠᠨᠠᠭ᠎ᠠ ᠶᠢ ᠢᠯᠡᠳᠭᠡᠵᠦ ᠪᠠᠶᠢᠳᠠᠭ ᠪᠣᠯ | ︖ ︽ᠬᠡᠳᠤᠶᠢᠴᠢᠨᠡᠭᠡᠨ︾ ᠭᠡᠪᠡᠯ ︽ᠭᠡᠳᠤᠢ︾ ᠭᠡᠬᠦ ᠢᠵᠠᠭᠤᠷ ᠲᠠᠢ᠂ ᠭᠡᠳᠤᠢ ᠭᠡᠮᠵᠢᠶ᠎ᠡ ᠲᠠᠢ ᠭᠡᠰᠡᠨ ᠢ ᠢᠯᠡᠳᠭᠡᠭᠰᠡᠨ | ᠦᠭᠡ ᠪᠣᠯᠣᠨ᠎ᠠ᠃ ᠭᠡᠳᠡᠯ᠎ᠡ ᠡᠨᠡ ︽ᠭᠡᠴᠢᠨᠡᠭᠡᠨ︾ ᠨᠢ ᠶᠠᠮᠠᠷ ᠰᠠᠨᠠᠭ᠎ᠠ ᠶᠢ ᠢᠯᠡᠳᠭᠡᠵᠦ ᠬᠠᠮᠢᠭ᠎ᠠ ᠠᠴᠠ ᠭᠠᠷᠤᠭᠠᠳ | ᠢᠷᠡᠴᠢᠭᠡᠪᠡ︖ ᠴᠢᠳᠠᠯ ᠤᠨ ᠬᠢᠷᠢ ᠪᠠᠷ ᠢᠶᠠᠨ ᠡᠷᠢᠵᠦ ᠬᠠᠶᠢᠭᠰᠠᠨ ᠴᠦ ᠲᠣᠳᠣᠯᠠᠵᠦ ᠲᠣᠳᠣᠷᠬᠠᠶᠢᠯᠠᠵᠦ ᠲᠡᠶᠢᠯᠤᠭ᠍ᠰᠡᠨ | ᠦᠭᠡᠢ᠃ | ︽ᠨᠡᠮᠡᠷᠢ᠂ ᠨᠡᠮᠡᠭᠦᠷᠢ︾ ᠶᠢ ︽ᠨᠡᠮᠡᠭᠦᠷᠢ︾ ᠭᠡᠵᠦ ᠪᠢᠴᠢᠬᠦ ᠪᠣᠯᠴᠢᠬᠠᠪᠠ᠃ ᠮᠢᠨᠤ ᠪᠠᠭᠰᠢ ᠨᠠᠳᠠᠳᠤ ᠵᠢᠭᠠᠬᠤ | ᠳᠠᠭᠠᠨ᠄ ︽ᠨᠡᠮᠡᠷᠢ ᠭᠡᠳᠡᠭ ᠪᠣᠯ ᠨᠡᠮᠡᠵᠦ ᠦᠭᠭᠦ ᠶᠢᠨ ᠨᠡᠮᠡᠷᠢ᠂ ᠨᠡᠮᠡᠭᠦᠷᠢ ᠭᠡᠳᠡᠭ ᠪᠣᠯ ᠡᠷᠳᠡ ᠲᠦᠷᠤᠭ᠍ᠰᠡᠨ ᠦᠬᠢᠨ ᠲᠤᠭᠤᠯ | ᠤᠨ ᠪᠣᠶᠢᠵᠢᠯᠳᠠ ᠲᠦᠷᠭᠡᠰᠴᠦ ᠪᠢᠷᠠᠭᠤᠨ ᠲᠡᠭᠡᠷ᠎ᠡ ᠪᠠᠨ ᠭᠡᠭᠡᠯᠳᠤᠵᠦ ᠲᠤᠭᠤᠯᠯᠡᠪᠠᠯ ᠨᠡᠮᠡᠭᠦᠷᠢ ᠶᠢᠨ ᠭᠤᠨᠵᠢ ᠭᠡᠳᠡᠭ᠂ ᠡᠭᠦᠨ | ᠠᠴᠠ ᠨᠡᠮᠡᠭᠦᠷᠢ ᠭᠡᠳᠡᠭ ᠨᠢ ᠨᠦᠬᠦᠵᠦ ᠭᠦᠢᠴᠡᠯᠳᠤᠭᠦᠯᠬᠦ ᠰᠠᠨᠠᠭ᠎ᠠ ᠶᠢ ᠢᠯᠡᠳᠭᠡᠨ᠎ᠡ ᠭᠡᠳᠡᠭ ᠢ ᠮᠡᠳᠡᠵᠦ ᠪᠣᠯᠣᠨ᠎ᠠ︾ ᠭᠡᠵᠠᠢ᠃ | ︽ᠬᠤᠣᠷ᠂ ᠬᠤᠣᠷ᠎ᠠ︾ ᠶᠢ ︽ᠬᠤᠣᠷ︾ ᠭᠡᠮᠡᠨ ᠪᠢᠴᠢᠬᠦ ᠪᠣᠯᠪᠠ᠃ ᠤᠤᠯ ᠨᠢ ᠮᠠᠨ ᠤ ᠮᠣᠩᠭᠤᠯᠴᠤᠳ ᠬᠦᠮᠤᠨ ᠪᠠ | ᠠᠮᠢᠳᠠᠨ ᠤᠷᠭᠤᠮᠠᠯ ᠢ ᠭᠡᠮᠳᠤᠭᠡᠬᠦ᠂ ᠴᠢᠨᠠᠭᠰᠢᠯᠠᠪᠠᠯ ᠬᠤᠬᠢᠷᠠᠭᠤᠯᠬᠤ᠂ ᠦᠬᠦᠬᠦᠯᠬᠦ ᠭᠠᠵᠢᠭᠤ ᠤᠶᠢᠯᠡᠳᠤᠯ ᠲᠠᠢ ᠪᠣᠳᠠᠰ ᠢ ︽ | ᠬᠤᠣᠷ᠎ᠠ ᠲᠠᠢ ︵ᠬᠤᠣᠷᠠᠳᠤ︶ ᠪᠣᠳᠠᠰ︾ ᠭᠡᠳᠡᠭ ᠪᠠ ᠰᠡᠳᠬᠢᠯ ᠰᠠᠨᠠᠭ᠎ᠠ ᠣᠶᠣᠨ ᠤᠬᠠᠭᠠᠨ ᠤ ᠲᠠᠯ᠎ᠠ ᠪᠠᠷ ᠮᠠᠭᠤ ᠨᠦᠯᠤᠭᠡ | ᠦᠵᠡᠭᠦᠯᠬᠦ ᠰᠡᠳᠬᠢᠴᠡ ᠶᠢ ︽ᠬᠤᠣᠷᠳᠤ ᠰᠠᠨᠠᠭ᠎ᠠ︾᠂ ︽ᠬᠤᠣᠷ ᠬᠦᠨᠤᠭᠡᠯ︾ ᠭᠡᠳᠡᠭ ᠭᠡᠵᠦ ᠢᠯᠭᠠᠵᠦ ᠭᠡᠷᠡᠭᠯᠡᠭᠰᠡᠭᠡᠷ | ᠢᠷᠡᠵᠠᠢ᠃ ᠭᠡᠳᠡᠯ᠎ᠡ ᠣᠷᠴᠢᠮ ᠤᠨ ᠵᠢᠯ ᠠᠴᠠ ᠭᠠᠭᠴᠠ ︽ᠬᠤᠣᠷ︾ ᠭᠡᠬᠦ ᠦᠭᠡ ᠪᠠᠷ ᠪᠢᠴᠢᠵᠦ ᠴᠣᠬᠤᠮ ᠪᠣᠳᠠᠰ ᠤᠨ | ᠬᠤᠣᠷ᠎ᠠ ᠶᠤᠮ ᠦᠦ︖ ᠰᠡᠳᠬᠢᠯ ᠤᠨ ᠬᠤᠣᠷ ᠶᠤᠮ ᠦᠦ︖ ᠭᠡᠳᠡᠭ ᠢ ᠢᠯᠭᠠᠵᠦ ᠲᠡᠶᠢᠯᠬᠦ ᠪᠠᠨ ᠪᠣᠯᠢᠪᠠ᠃ | ︽ᠨᠠᠶᠢᠵᠠ᠂ ᠨᠠᠶᠢᠵᠢ︾ ᠶᠢᠨ ︽ᠨᠠᠶᠢᠵᠠ︾ ᠶᠢ ︽ᠨᠠᠶᠢᠵᠠ ᠨᠦᠬᠦᠳ︾᠂ ︽ᠨᠠᠶᠢᠵᠠ ᠨᠠᠶᠢᠭᠠᠨ︾ | ᠭᠡᠵᠦ ᠰᠠᠨᠠᠭ᠎ᠠ ᠰᠡᠳᠬᠢᠯ ᠲᠠᠭᠠᠷᠠᠭᠰᠠᠨ᠂ ᠬᠤᠪᠢ ᠢᠷᠤᠭᠡᠯ ᠵᠣᠬᠢᠴᠠᠭᠰᠠᠨ ᠬᠦᠮᠤᠨ ᠳᠤ ᠭᠡᠷᠡᠭᠯᠡᠳᠡᠭ᠃ ︽ᠨᠠᠶᠢᠵᠢ︾ ᠭᠡᠬᠦ | ᠶᠢ ᠬᠠᠨᠢᠯᠠᠭᠰᠠᠨ ᠡᠮ᠎ᠡ ︵ᠣᠳᠣ ᠶᠢᠨ ᠦᠭᠡ ᠪᠠᠷ ᠨᠢᠭᠤᠴᠠ ᠠᠮᠠᠷᠠᠭ︶︾ ᠳᠤ ᠭᠡᠷᠡᠭᠯᠡᠳᠡᠭ ᠭᠡᠵᠦ ᠪᠠᠭᠰᠢ ᠠᠴᠠ ᠰᠤᠷᠴᠦ᠂ | ᠪᠠᠰᠠ ᠰᠡᠭᠦᠯᠡᠷ ᠨᠢ ᠰᠤᠷᠤᠭᠴᠢ ᠳᠠᠭᠠᠨ ᠵᠢᠭᠠᠵᠦ ᠪᠠᠶᠢᠭᠰᠠᠨ ᠴᠢᠨᠢ ᠣᠳᠣ ᠬᠠᠷᠢᠨ ᠬᠦᠭᠰᠢᠨ ᠵᠠᠯᠠᠭᠤ ᠭᠡᠰᠡᠨ ᠦᠭᠡᠢ ᠪᠦᠷ ︽ | ᠨᠠᠶᠢᠵᠢ︾ ᠪᠣᠯᠵᠦ ᠨᠢᠭᠤᠴᠠ ᠪᠠᠷ ᠠᠮᠠᠷᠠᠭᠯᠠᠵᠠᠭᠠᠬᠤ ᠪᠣᠯᠪᠠ᠃ ︵ᠡᠨᠡ ᠨᠢ ᠬᠠᠷᠢᠨ ᠨᠢᠭᠡ ᠯᠡ ᠲᠡᠰᠢ ᠪᠠᠨ ᠶᠤᠮ ᠪᠠ︕︶ | ︽ᠨᠢᠭᠡᠴᠡ᠂ ᠨᠢᠭᠡᠴᠢ︾ ᠴᠦᠮ ︽ᠨᠢᠭᠡᠴᠢ︾ ᠪᠣᠯᠴᠢᠬᠠᠪᠠ᠃ ᠦᠩᠭᠡᠷᠡᠭᠰᠡᠨ ᠳᠤ ︽ᠨᠢᠭᠡᠴᠡ︾ ᠨᠢ ᠪᠡᠶ᠎ᠡ ᠪᠠᠨ | ᠲᠠᠭᠠᠭᠠᠭᠰᠠᠨ ᠠᠯᠪᠠᠨ ᠪᠠᠶᠢᠭᠤᠯᠤᠯᠭ᠎ᠠ᠂ ᠨᠡᠶᠢᠭᠡᠮᠯᠢᠭ ᠪᠣᠶᠣ ᠤᠶᠢᠯᠡᠳᠪᠤᠷᠢᠯᠡᠯ ᠤᠨ ᠡᠯ᠎ᠡ ᠰᠠᠯᠠᠭ᠎ᠠ ᠮᠦᠴᠢᠷ ᠢ ᠵᠢᠭᠠᠳᠠᠭ | ᠪᠠᠶᠢᠪᠠ᠃ ︽ᠨᠢᠭᠡᠴᠢ︾ ᠨᠢ ᠪᠣᠳᠠᠰ ᠤᠨ ᠬᠦᠨᠳᠤ ᠬᠦᠩᠭᠡᠨ᠂ ᠤᠷᠳᠤ ᠪᠣᠭᠤᠨᠢ ᠬᠢᠭᠡᠳ ᠲᠤᠭ᠎ᠠ ᠭᠡᠮᠵᠢᠶ᠎ᠡ ᠶᠢ ᠪᠣᠳᠣᠬᠤ | ᠪᠠᠷᠢᠮᠵᠢᠶ᠎ᠠ ᠶᠢ ᠵᠢᠭᠠᠳᠠᠭ᠃ ᠣᠳᠣ ᠬᠠᠷᠢᠨ ᠬᠤᠶᠠᠭᠤᠯᠠ ᠶᠢ ︽ᠨᠢᠭᠡᠴᠢ︾ ᠭᠡᠬᠦ ᠦᠭᠡ ᠪᠠᠷ ᠪᠢᠴᠢᠬᠦ ᠪᠣᠯᠤᠭᠰᠠᠨ ᠴᠢᠨᠢ | ᠣᠯᠠᠩᠬᠢ ᠬᠦᠮᠤᠰ ᠢ ᠲᠦᠭᠡᠷᠢᠭᠳᠡᠭᠦᠯᠬᠦ ᠪᠣᠯᠵᠠᠢ᠃ | ︽ᠤᠷᠳᠤ᠂ ᠤᠷᠢᠳᠤ᠂ ᠤᠷᠢᠳ︾ ᠢ ᠴᠦᠮ ︽ᠤᠷᠳᠤ︾ ᠭᠡᠵᠦ ᠪᠢᠴᠢᠬᠦ ᠪᠣᠯᠴᠢᠬᠠᠪᠠ᠃ ᠦᠨᠡᠨ ᠳᠡᠭᠡᠨ | ︽ᠤᠷᠳᠤ︾ ᠨᠢ ᠤᠷᠳᠤ ᠣᠬᠤᠷ ᠢ ᠵᠢᠭᠠᠳᠠᠭ᠂ ︽ᠤᠷᠢᠳᠤ︾ ᠨᠢ ᠠᠯᠢ ᠡᠷᠳᠡ ᠦᠩᠭᠡᠷᠡᠵᠦ ᠣᠳᠣᠭᠰᠠᠨ ᠴᠠᠭ ᠢ | ᠵᠢᠭᠠᠳᠠᠭ᠂ ︽ᠤᠷᠢᠳ︾ ᠨᠢ ᠡᠮᠤᠨ᠎ᠡ ᠨᠢ᠂ ᠲᠦᠷᠤᠭᠦᠨ ᠳᠤ ᠨᠢ ᠭᠡᠬᠦ ᠰᠠᠨᠠᠭ᠎ᠠ ᠶᠢ ᠢᠯᠡᠳᠭᠡᠳᠡᠭ᠃ ᠣᠳᠣ ᠡᠨᠡ ᠪᠦᠬᠦᠨ | ᠢ ᠴᠦᠮ ︽ᠤᠷᠳᠤ︾ ᠭᠡᠵᠦ ᠪᠢᠴᠢᠬᠦ ᠪᠣᠯᠤᠭᠰᠠᠨ ᠨᠢ ᠲᠡᠭᠡᠷ᠎ᠡ ᠲᠤᠷᠠᠳᠤᠭᠰᠠᠨ ᠭᠤᠷᠪᠠᠨ ᠤᠳᠬ᠎ᠠ ᠶᠢᠨ ᠠᠯᠢᠨ ᠢ ᠨᠢ | ᠵᠢᠭᠠᠭᠰᠠᠨ ᠨᠢ ᠲᠣᠳᠣ ᠪᠣᠰᠣ ᠪᠣᠯᠵᠦ ︽ᠭᠡᠯᠡᠨ ᠤ ᠵᠦᠢ︾ ᠶᠢ ᠵᠦᠷᠢᠴᠡᠭᠰᠡᠨ ᠰᠠᠮᠠᠭᠤᠷᠠᠯ ᠪᠣᠯᠪᠠ᠃ ︽ᠵᠢᠰᠢᠶ᠎ᠠ᠂ ᠵᠢᠱᠢᠶ᠎ᠡ | ︾ ᠶᠢ ︽ᠵᠢᠰᠢᠶ᠎ᠠ︾ ᠭᠡᠵᠦ ᠪᠢᠴᠢᠬᠦ ᠪᠣᠯᠪᠠ᠃ ᠲᠤᠰ ᠬᠤᠶᠠᠷ ᠦᠭᠡ ᠪᠣᠯ ᠣᠩᠰᠢᠯᠭ᠎ᠠ ᠲᠠᠭᠤᠳᠠᠯᠭ᠎ᠠ᠂ ᠤᠳᠬ᠎ᠠ ᠤᠴᠢᠷ | ᠨᠢ ᠠᠰ ᠠᠰᠳᠠᠭᠠᠨ ᠦᠭᠡ ᠶᠤᠮ᠃ ᠵᠢᠰᠢᠶ᠎ᠡ ᠶᠢ zisiya ᠭᠡᠵᠦ ᠣᠩᠰᠢᠵᠦ᠂ ᠡᠭᠡᠯᠵᠢ ᠵᠢᠵᠢᠭᠦᠷ ᠢ ᠵᠢᠭᠠᠵᠦ᠂ ᠵᠢᠱᠢᠶ᠎ᠡ | ᠶᠢ zixiye ᠭᠡᠵᠦ ᠣᠩᠰᠢᠨ᠂ ᠵᠢᠱᠢᠶ᠎ᠡ ᠲᠠᠳᠠᠬᠤ᠂ ᠵᠢᠱᠢᠶ᠎ᠡ ᠦᠵᠡᠭᠦᠯᠬᠦ ᠰᠠᠨᠠᠭ᠎ᠠ ᠶᠢ ᠢᠯᠡᠳᠭᠡᠳᠡᠭ᠃ ︽ᠰᠢᠳᠭᠡᠬᠦ︾ ᠶᠢ | ︽ᠰᠡᠶᠢᠳᠭᠡᠬᠦ︾ ᠭᠡᠵᠦ ᠪᠢᠴᠢᠬᠦ ᠪᠣᠯᠪᠠ᠃ ︽ᠰᠶᠢᠳᠬᠦ︾ ᠪᠣᠯ ᠵᠣᠷᠢᠭ ᠰᠢᠭᠤᠳᠬᠤ᠂ ᠲᠣᠭᠳᠠᠭᠠᠯ ᠭᠠᠷᠭᠠᠬᠤ ᠭᠡᠬᠦ | ᠰᠠᠨᠠᠭ᠎ᠠ ᠲᠠᠢ᠂ ︽ᠰᠢᠳᠭᠡᠬᠦ︾ ᠪᠣᠯ ᠶᠠᠯᠠᠯᠠᠬᠤ᠂ ᠲᠣᠷᠭᠠᠬᠤ ᠭᠡᠬᠦ ᠤᠳᠬ᠎ᠠ ᠲᠠᠢ ᠶᠤᠮ᠂ ᠤᠩᠰᠢᠯᠭ᠎ᠠ ᠲᠠᠭᠤᠳᠠᠯᠭ᠎ᠠ ᠪᠠ | ᠤᠳᠬ᠎ᠠ ᠰᠠᠨᠠᠭ᠎ᠠ ᠨᠢ ᠴᠦᠮ ᠠᠳᠠᠯᠢ ᠪᠣᠰᠣ ᠦᠭᠡ ᠶᠢ ︽ᠰᠶᠢᠳᠭᠡᠯ︾ ᠭᠡᠵᠦ ᠪᠢᠴᠢᠬᠦ ᠨᠢ ᠴᠣᠬᠤᠮ ᠶᠠᠮᠠᠷ ︽ᠵᠦᠢ︾᠂ | ᠠᠯᠢ ︽ᠶᠣᠰᠣ︾ ᠶᠢ ᠵᠢᠷᠤᠮᠯᠠᠨ ᠪᠢᠴᠢᠭᠰᠡᠨ ᠢ ᠤᠶᠢᠯᠠᠭᠠᠬᠤ ᠳᠤ ᠪᠡᠷᠭᠡ ᠪᠠᠶᠢᠨ᠎ᠠ᠃ | ︽ᠱᠦᠭᠦᠷᠡᠭᠦᠯᠬᠦ᠂ ᠰᠢᠭᠦᠷᠡᠭᠦᠯᠬᠦ︾ ᠶᠢ ︽ᠰᠢᠭᠦᠷᠡᠭᠦᠯᠬᠦ︾ ᠭᠡᠵᠦ ᠨᠢᠭᠡᠳᠭᠡᠨ ᠪᠢᠴᠢᠬᠦ ᠪᠣᠯᠪᠠ᠃ ᠭᠡᠳᠡᠯ᠎ᠡ | ᠱᠦᠭᠦᠷᠡᠭᠦᠯᠬᠦ ᠭᠡᠳᠡᠭ ᠨᠢ ᠶᠠᠭᠤᠮᠠᠨ ᠤ ᠰᠢᠭᠦᠰᠤ ᠠᠯᠭᠤᠷ ᠢᠶᠠᠷ ᠢᠯᠭᠠᠷᠠᠨ ᠭᠠᠷᠬᠤ ᠶᠢ ᠵᠢᠭᠠᠵᠦ᠂ ᠰᠢᠭᠦᠷᠡᠭᠦᠯᠬᠦ ᠭᠡᠳᠡᠭ ᠨᠢ | ᠱᠠᠯᠠᠮᠠᠭ ᠲᠠᠳᠠᠨ ᠠᠪᠬᠤ᠂ ᠰᠢᠭᠦᠷᠤᠨ ᠠᠪᠬᠤ ᠶᠢ ᠵᠢᠭᠠᠳᠠᠭ ᠰᠢᠦ︕ ︽ᠤᠴᠢᠭ᠂ ᠣᠴᠤᠭ︾ ᠢ ᠴᠦᠮ | ᠣᠴᠤᠭ ocog ᠭᠡᠵᠦ ᠣᠩᠰᠢᠬᠤ ᠪᠠᠷ ᠪᠠᠷᠠᠬᠤ ᠦᠭᠡᠢ ᠪᠠᠰᠠ ᠪᠢᠴᠢᠵᠦ ᠪᠠᠶᠢᠨ᠎ᠠ᠃ ᠦᠨᠡᠨ ᠳᠡᠭᠡᠨ ᠣᠴᠢᠭ ᠨᠢ | ᠣᠶᠣᠭᠠᠳ ᠦᠯᠡᠳᠡᠭᠰᠡᠨ ᠤᠳᠠᠰᠤᠨ ᠤ ᠨᠠᠷᠢᠨ ᠦᠵᠤᠭᠦᠷ ᠪᠣᠶᠣ ᠰᠦᠪᠡᠭᠴᠢ ᠶᠢ ᠵᠢᠭᠠᠳᠠᠭ ᠪᠠ ᠤᠳᠬ᠎ᠠ ᠰᠢᠯᠵᠢᠭᠡᠳ ᠭᠡᠷᠡᠭ | ᠶᠠᠪᠤᠳᠠᠯ ᠤᠨ ᠦᠨᠳᠤᠰᠤ ᠰᠣᠷᠪᠣᠯᠵᠢ ᠶᠢ ᠵᠢᠭᠠᠳᠠᠭ᠃ ᠭᠡᠳᠡᠯ᠎ᠡ ᠣᠳᠣ ᠡᠭᠦᠨ ᠢ ᠤᠴᠢᠭ ᠭᠡᠵᠦ ᠪᠢᠴᠢᠵᠦ ᠣᠴᠤᠭ ᠭᠡᠵᠦ | ᠣᠩᠰᠢᠵᠦ ᠪᠠᠶᠢᠨ᠎ᠠ᠃ ᠡᠨᠡ ᠨᠢ ᠣᠳᠣ ᠶᠢᠨ ᠵᠠᠯᠠᠭᠤᠴᠤᠳ ᠮᠣᠩᠭᠤᠯ ᠦᠭᠡᠨ ᠤ ᠪᠠᠨ ᠨᠠᠷᠢᠨ ᠤᠳᠬ᠎ᠠ ᠶᠢ ᠤᠶᠢᠯᠠᠭᠠᠬᠤ | ᠪᠠᠨ ᠪᠣᠯᠢᠭᠰᠠᠨ ᠪᠠ ᠠᠮᠢᠳᠤᠷᠠᠯ ᠤᠨ ᠲᠡᠭᠡᠭᠰᠢᠯᠡᠯᠳᠡ ᠶᠢ ᠲᠠᠭᠠᠯᠳᠤᠨ ᠤᠳᠠᠰᠤᠨ ᠤᠴᠢᠭ ᠬᠠᠷᠠᠭᠳᠠᠬᠤ ᠪᠠᠨ ᠪᠣᠯᠢᠵᠦ᠂ | ᠣᠴᠤᠭ ᠲᠠᠢ ᠲᠤᠯᠭ᠎ᠠ ᠶᠢ ᠴᠦ ᠭᠡᠷᠡᠭᠯᠡᠬᠦ ᠪᠠᠨ ᠪᠣᠯᠢᠭᠰᠠᠨ ᠠᠴᠠ ᠪᠣᠯᠣᠭᠰᠠᠨ ᠪᠠᠶᠢᠬ᠎ᠠ᠃ ︽ᠣᠳᠬᠠᠨ᠂ | ᠣᠳᠬᠤᠨ︾ ᠢ ᠴᠦᠮ ︽ᠣᠳᠬᠠᠨ︾ ᠭᠡᠵᠦ ᠪᠢᠴᠢᠵᠦ ᠪᠠᠶᠢᠨ᠎ᠠ᠃ ᠣᠳᠬᠠᠨ ᠨᠢ ᠬᠠᠯᠬ᠎ᠠ ᠶᠢᠨ ᠨᠢᠭᠡᠨ ᠠᠶᠢᠮᠠᠭ ᠢ | ᠵᠢᠭᠠᠵᠦ᠂ ᠣᠳᠬᠤᠨ ᠨᠢ ᠬᠦᠮᠤᠨ ᠠᠮᠢᠳᠠᠨ ᠤ ᠬᠠᠮᠤᠭ ᠤᠨ ᠪᠠᠭ᠎ᠠ ᠶᠢ ᠵᠢᠭᠠᠳᠠᠭ ᠭᠡᠵᠦ ᠬᠦᠮᠤᠰ ᠤᠨ ︽ᠬᠦᠭᠡ ᠲᠣᠯᠢ︾ | ᠪᠣᠶᠤ ︽ᠱᠠᠭᠵᠠ ᠶᠢᠨ ᠲᠣᠯᠢ︾ ᠭᠡᠳᠡᠭ ︽ᠮᠣᠩᠭᠤᠯ ᠦᠰᠤᠭ᠌ ᠤᠨ ᠵᠦᠪ ᠪᠢᠴᠢᠯᠭᠡ ᠶᠢᠨ ᠲᠣᠯᠢ︾ ᠳᠤ ᠲᠠᠶᠢᠯᠪᠤᠷᠢᠯᠡᠵᠦ | ᠪᠠᠶᠢᠳᠠᠭ᠃ | ᠠᠳᠡ ᠭᠡᠯᠡᠨ ᠤ ᠵᠦᠢ ᠠᠴᠠ ᠵᠦᠷᠢᠴᠡᠵᠦ ᠪᠠᠶᠢᠭ᠎ᠠ ᠪᠠᠰᠠ ᠨᠢᠭᠡᠨ ᠲᠦᠭᠡᠮᠡᠯ ᠦᠵᠡᠭᠳᠡᠯ ᠢ ᠲᠤᠷᠠᠳᠪᠠᠯ᠂ | ᠣᠳᠣᠬᠠᠨ ᠳᠤ ᠮᠣᠩᠭᠤᠯ ᠲᠤᠮᠳᠠᠳᠤ ᠪᠠᠭ᠎ᠠ ᠰᠤᠷᠭᠠᠭᠤᠯᠢ ᠶᠢᠨ ᠭᠡᠯᠡ ᠪᠢᠴᠢᠭ ᠤᠨ ᠪᠠᠭᠰᠢ᠂ ᠣᠷᠣᠨ ᠬᠤᠳᠡ ᠠᠶᠢᠮᠠᠭ | ᠬᠤᠰᠢᠭᠤᠨ ᠤ ᠷᠠᠳᠢᠤ᠋ ᠲᠧᠯᠸᠢᠰ ᠬᠤᠷᠢᠶᠠᠨ ᠤ ᠨᠡᠪᠳᠡᠷᠡᠭᠦᠯᠤᠭ᠍ᠴᠢ ᠬᠦᠳᠤᠯᠤᠭ᠍ᠴᠢ ᠶᠢᠨ ᠣᠯᠠᠩᠬᠢ ᠨᠢ ᠴᠢᠩᠭ᠎ᠠ ᠬᠦᠨᠳᠡᠢ | ᠦᠭᠡ ᠶᠢ ᠬᠤᠯᠢᠵᠦ ᠬᠤᠳᠬᠤᠨ ︽ᠨᠢᠭᠡᠳᠦᠭᠡᠷ︾ ᠢ ︽ᠨᠢᠭᠡᠳᠤᠭᠠᠷ︾ ᠭᠡᠵᠦ ᠣᠩᠰᠢᠵᠦ ᠶᠠᠷᠢᠵᠦ ᠪᠠᠶᠢᠨ᠎ᠠ᠃ ᠡᠨᠡ ᠨᠢ | ᠠᠬᠠᠮᠠᠳ ᠢᠳᠡᠷ ᠬᠦᠮᠤᠰ ᠲᠤ ᠡᠪ ᠬᠠᠪᠤ ᠦᠭᠡᠢ ᠰᠣᠨᠣᠰᠳᠠᠬᠤ ᠲᠡᠳᠤᠢ ᠴᠦ᠂ ᠵᠠᠯᠠᠭᠤ ᠪᠠᠭᠠᠴᠤᠳ ᠢ ︽ᠵᠦᠢ︾ ᠮᠡᠳᠡᠬᠦ | ᠦᠭᠡᠢ᠂ ︽ᠶᠣᠰᠣ︾ ᠲᠠᠨᠢᠬᠤ ᠦᠭᠡᠢ ᠪᠣᠯᠭᠠᠵᠦ ᠪᠠᠶᠢᠭ᠎ᠠ ᠶᠢᠨ ᠬᠤᠣᠷ ᠬᠦᠨᠤᠭᠡᠯ ᠢ ᠵᠢᠰᠢᠬᠦᠶᠡ ᠪᠡᠷᠭᠡ ᠶᠢ | ᠠᠩᠬᠠᠷᠤᠭᠤᠰᠢᠳᠠᠢ ᠪᠠᠶᠢᠨ᠎ᠠ᠃ | ᠡᠶᠢᠮᠤᠷᠬᠦᠦ ᠵᠢᠱᠢᠶ᠎ᠡ ᠶᠢ ᠲᠤᠷᠠᠳᠪᠠᠯ ᠪᠠᠶᠢᠬᠤ ᠯᠠ ᠪᠣᠶᠠᠨ᠃ ᠬᠦᠮᠤᠰ ᠪᠠᠰᠠ ᠰᠤᠷᠤᠭᠴᠢ ᠶᠢᠨ ᠲᠣᠯᠢ | ᠪᠢᠴᠢᠭ ᠲᠤ ︽ᠲᠠᠷᠪᠣᠰ︾ ᠢ ︽ᠰᠢᠭᠤᠸᠠ︾ ᠭᠡᠵᠦ᠂ ︽ᠴᠠᠭᠠᠨ ᠨᠣᠭᠤᠭ᠎ᠠ︾ ᠶᠢ ︽ᠪᠠᠶᠢᠽᠠᠢ︾ ᠭᠡᠵᠦ ᠲᠠᠶᠢᠯᠪᠣᠷᠢᠯᠡᠵᠦ | ᠪᠠᠶᠢᠨ᠎ᠠ ᠭᠡᠵᠦ ᠤᠶᠢᠮᠡᠯᠳᠤᠬᠦ ᠶᠤᠮ᠃ ᠶᠠᠭᠤ ᠴᠦ ᠭᠡᠰᠡᠨ ᠮᠠᠨ ᠤ ᠮᠣᠩᠭᠤᠯ ᠤᠨ ᠤᠯᠠᠮᠵᠢᠯᠠᠯᠳᠤ ᠪᠢᠴᠢᠯᠭᠡ ᠰᠠᠮᠠᠭᠤᠷᠠᠵᠦ | ᠪᠠᠶᠢᠬᠤ ᠨᠢ ᠦᠨᠡᠨ᠃ ᠡᠭᠦᠨ ᠳᠤ ᠭᠠᠷ ᠲᠤᠭᠳᠤᠶᠢᠯᠠᠨ ᠬᠠᠷᠠᠵᠦ ᠰᠠᠭᠤᠵᠦ ᠪᠣᠯᠬᠤ ᠦᠭᠡᠢ᠂ ᠬᠠᠷᠢᠨ ᠬᠠᠣᠯᠢ ᠪᠠᠷ ᠡᠷᠭᠡ | ᠠᠰᠢᠭ ᠢᠶᠠᠨ ᠬᠠᠮᠠᠭᠠᠯᠠᠳᠠᠭ ᠰᠢᠭ᠋ ︽ᠭᠡᠯᠡᠨ ᠤ ᠵᠦᠢ︾ ᠪᠠᠷ ᠮᠣᠩᠭᠤᠯ ᠦᠭᠡ ᠭᠡᠯᠡ ᠦᠰᠤᠭ᠌ ᠪᠢᠴᠢᠭ ᠢᠶᠠᠨ ᠬᠠᠮᠠᠭᠠᠯᠠᠪᠠᠯ | ᠵᠣᠬᠢᠨ᠎ᠠ ᠳ᠋ᠠ᠃ | |