| | | ︵2000 ᠤᠨ ᠤ 3 ᠰᠠᠷ᠎ᠠ ᠶᠢᠨ 15 ᠤ ᠡᠳᠦᠷ ᠶᠢᠰᠦᠳᠦᠭᠡᠷ ᠬᠤᠭᠤᠴᠠᠭᠠᠨ ᠤ ᠪᠦᠬᠦ ᠤᠯᠤᠰ ᠤᠨ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ ᠬᠤᠷᠠᠯ ᠠᠴᠠ ᠪᠠᠲᠤᠯᠠᠪᠠ 2015 ᠤᠨ ᠤ 3 | ᠰᠠᠷ᠎ᠠ ᠶᠢᠨ 15 ᠤ ᠡᠳᠦᠷ ᠤᠨ ᠠᠷᠪᠠᠨ ᠬᠤᠶᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ ᠬᠤᠷᠠᠯ ᠤᠨ ︽︿ᠪᠦᠬᠦᠳᠡ ᠨᠠᠶᠢᠷᠠᠮᠳᠠᠬᠤ ᠳᠤᠮᠳᠠᠲᠤ | ᠠᠷᠠᠳ ᠤᠯᠤᠰ ᠤᠨ ᠬᠠᠤᠯᠢ ᠲᠤᠭᠲᠠᠭᠠᠬᠤ ᠬᠠᠤᠯᠢ﹀ ᠳᠤ ᠵᠠᠰᠠᠪᠤᠷᠢ ᠤᠷᠤᠭᠤᠯᠬᠤ ᠲᠤᠬᠠᠢ ᠲᠤᠭᠲᠠᠭᠠᠯ︾ ᠢ | ᠦᠨᠳᠦᠰᠦᠯᠡᠨ ᠵᠠᠰᠠᠪᠤᠷᠢ ᠤᠷᠤᠭᠤᠯᠪᠠ | | ᠨᠢᠭᠡᠳᠦᠭᠡᠷ ᠪᠦᠯᠦᠭ ᠶᠡᠷᠦᠩᠭᠡᠢ ᠳᠦᠷᠢᠮ | | ᠨᠢᠭᠡᠳᠦᠭᠡᠷ ᠵᠦᠢᠯ ᠬᠠᠤᠯᠢ ᠲᠤᠭᠲᠠᠭᠠᠬᠤ ᠠᠵᠢᠯᠯᠠᠭ᠎ᠠ ᠶᠢ ᠵᠢᠷᠤᠮᠵᠢᠭᠤᠯᠵᠤ᠂ ᠤᠯᠤᠰ ᠤᠨ ᠬᠠᠤᠯᠢ | ᠲᠤᠭᠲᠠᠭᠠᠬᠤ ᠲᠦᠷᠢᠮ ᠢ ᠲᠡᠬᠦᠯᠳᠡᠷᠵᠢᠬᠦᠯᠤᠠ᠂ ᠬᠠᠤᠯᠢ ᠳᠤᠬᠳᠠᠭᠠᠬᠤ ᠴᠢᠨᠠᠷ ᠴᠢᠨᠰᠠᠭ᠎ᠠ ᠶᠢ ᠳᠡᠭᠡᠭᠰᠢᠯᠠᠬᠦᠯᠵᠦ᠂ | ᠲᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠬᠠᠤᠯᠢ ᠶᠢᠨ ᠰᠢᠰᠲ᠋ᠧᠮ ᠢ ᠲᠡᠬᠦᠯᠳᠡᠷᠵᠢᠬᠦᠯᠵᠦ᠂ | ᠬᠠᠤᠯᠢ ᠲᠤᠭᠲᠠᠭᠠᠯᠲᠠ ᠪᠠᠷ ᠬᠦᠲᠦᠯᠡᠨ ᠵᠢᠯᠥᠭᠤᠳᠬᠤ ᠪᠡ ᠠᠬᠢᠭᠤᠯᠬᠤ ᠦᠢᠯᠡᠳᠦᠯ ᠢ ᠪᠠᠳᠠᠷᠠᠭᠤᠯᠵᠦ᠂ ᠨᠡᠶᠢᠭᠡᠮ | ᠵᠢᠷᠤᠮ ᠤᠨ ᠠᠷᠠᠥᠨᠴᠢᠯᠠᠯ ᠢ ᠪᠠᠳᠤᠯᠠᠬᠤ ᠪᠠ ᠬᠦᠭᠵᠢᠬᠦᠯᠵᠦ᠂ ᠤᠯᠤᠰ ᠢᠶᠠᠨ ᠬᠠᠤᠯᠢ ᠪᠠᠷ ᠵᠠᠰᠠᠬᠤ ᠶᠢ ᠪᠦᠬᠦ | ᠲᠠᠯ᠎ᠠ ᠪᠠᠷ ᠠᠬᠢᠭᠤᠯᠵᠤ᠂ ᠨᠡᠶᠢᠭᠡᠮ ᠵᠢᠷᠤᠮ ᠤᠨ ᠬᠠᠤᠯᠢᠵᠢᠯ ᠤᠯᠤᠰ ᠢ ᠪᠠᠶᠢᠭᠤᠯᠬᠤ ᠶᠢᠨ ᠲᠦᠯᠦᠭᠡ ᠦᠨᠳᠦᠰᠦᠨ | ᠬᠠᠤᠯᠢ ᠶᠢ ᠦᠨᠳᠦᠰᠦᠯᠡᠨ᠂ ᠲᠤᠰ ᠬᠠᠤᠯᠢ ᠶᠢ ᠲᠤᠭᠲᠠᠭᠠᠪᠠ᠃ | | ᠬᠤᠶᠠᠳᠤᠭᠠᠷ ᠵᠦᠢᠯ ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠤᠭᠲᠠᠭᠠᠯ᠂ ᠤᠷᠤᠨ ᠨᠤᠲᠤᠭ ᠤᠨ | ᠴᠢᠨᠠᠷᠲᠠᠢ ᠬᠠᠥᠯᠢ ᠲᠤᠭᠳᠠᠭᠠᠯ᠂ ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ ᠢ ᠲᠤᠭᠳᠠᠭᠠᠬᠤ᠂ | ᠲᠡᠬᠦᠨ ᠳᠤ ᠵᠠᠰᠠᠪᠤᠷᠢ ᠤᠷᠤᠭᠤᠯᠬᠤ ᠪᠠ ᠲᠡᠭᠦᠨ ᠢ ᠬᠦᠴᠦᠨ ᠦᠭᠡᠢ ᠪᠤᠯᠭᠠᠬᠤ ᠳᠤ ᠲᠤᠰ ᠬᠠᠤᠯᠢ ᠶᠢ ᠬᠡᠷᠡᠭᠯᠡᠨ᠎ᠡ᠃ | ᠲᠦᠷᠦ ᠶᠢᠨ ᠶᠠᠪᠤᠳᠠᠯ ᠤᠨ ᠬᠤᠷᠢᠶᠠᠨ ᠤ ᠰᠠᠯᠠᠭ᠎ᠠ ᠮᠦᠴᠢᠷ ᠮᠦᠴᠢᠷ ᠤᠳ ᠤᠨ ᠳᠦᠷᠢᠮ ᠲᠤᠭᠲᠠᠭᠠᠯ ᠪᠠ ᠤᠷᠤᠨ | ᠨᠤᠲᠤᠭ ᠤᠨ ᠵᠠᠰᠠᠭ ᠤᠨ ᠤᠷᠳᠤᠨ ᠤ ᠳᠦᠷᠢᠮ ᠲᠤᠭᠲᠠᠭᠠᠯ ᠢ ᠲᠤᠭᠲᠠᠭᠠᠬᠤ᠂ ᠲᠡᠬᠦᠨ ᠳᠤ ᠵᠠᠰᠠᠪᠤᠷᠢ ᠤᠷᠤᠭᠤᠯᠬᠤ | ᠪᠠ ᠲᠡᠭᠦᠨ ᠢ ᠬᠦᠴᠦᠨ ᠦᠭᠡᠢ ᠪᠤᠯᠭᠠᠬᠤ ᠳᠤ ᠲᠤᠰ ᠬᠠᠤᠯᠢ ᠶᠢᠨ ᠬᠤᠯᠪᠤᠭᠳᠠᠯ ᠪᠦᠬᠦᠢ ᠲᠤᠭᠲᠠᠭᠠᠯ ᠶᠤᠰᠤᠭᠠᠷ | ᠬᠡᠷᠡᠭᠵᠢᠬᠦᠯᠦᠨ᠎ᠡ᠃ | | ᠭᠤᠷᠪᠠᠳᠤᠭᠠᠷ ᠵᠦᠢᠯ ᠬᠠᠤᠯᠢ ᠲᠤᠭᠲᠠᠭᠠᠬᠤ ᠳᠤ ᠦᠨᠳᠦᠰᠦᠨ ᠬᠠᠤᠯᠢ ᠶᠢᠨ ᠦᠨᠳᠦᠰᠦᠨ ᠵᠠᠷᠴᠢᠮ ᠢ | ᠡᠷᠬᠡᠪᠰᠢ ᠵᠢᠷᠤᠮᠯᠠᠵᠤ᠂ ᠠᠵᠤ ᠠᠬᠤᠢ ᠶᠢᠨ ᠪᠦᠳᠦᠭᠡᠨ ᠪᠠᠶᠢᠭᠤᠯᠤᠯᠳᠠ ᠪᠠᠷ ᠭᠤᠤᠯᠳᠠᠯᠭ᠎ᠠ ᠪᠤᠯᠭᠠᠨ᠂ ᠨᠡᠶᠢᠭᠡᠮ | ᠵᠢᠷᠤᠮ ᠤᠨ ᠵᠠᠮ ᠢ ᠪᠠᠷᠢᠮᠳᠠᠯᠠᠨ᠂ ᠠᠷᠠᠥᠨ ᠤᠨ ᠠᠷᠠᠳᠴᠢᠯᠠᠭᠰᠠᠨ ᠳᠠᠷᠤᠩᠭᠤᠶᠢᠯᠠᠬᠤ ᠵᠠᠰᠠᠭ ᠢ ᠪᠠᠷᠢᠮᠲᠠᠯᠠᠵᠤ᠂ | ᠳᠤᠮᠳᠠᠲᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠶᠢ ᠪᠠᠷᠢᠮᠲᠠᠯᠠᠨ᠂ ᠮᠠᠷᠺᠰ ᠯᠧᠨᠢᠨ ᠤᠨ ᠦᠵᠡᠯ᠂ ᠮᠠᠤ | ᠽᠧ ᠳ᠋ᠦᠡᠭ ᠤᠨ ᠦᠵᠡᠯ ᠰᠠᠨᠠᠭ᠎ᠠ᠂ ᠳ᠋ᠸᠡᠭ ᠰᠢᠶᠤᠤ ᠫᠢᠡᠭ ᠤᠨ ᠤᠨᠤᠯ ᠢ ᠪᠠᠷᠢᠮᠲᠠᠯᠠᠵᠤ᠂ ᠦᠭᠡᠷᠡᠴᠢᠯᠡᠯᠲᠡ | ᠨᠡᠭᠡᠭᠡᠯᠲᠡ ᠶᠢ ᠪᠠᠷᠢᠮᠲᠠᠯᠠᠬᠤ ᠬᠡᠷᠡᠭᠲᠠᠢ᠃ | | ᠲᠦᠷᠪᠡᠳᠦᠭᠡᠷ ᠵᠦᠢᠯ ᠬᠠᠥᠯᠢ ᠲᠤᠭᠳᠠᠭᠠᠬᠤ ᠳᠤ ᠬᠠᠥᠯᠢ ᠪᠠᠷ ᠲᠤᠭᠳᠠᠭᠠᠭᠰᠠᠨ ᠡᠷᠭᠡ ᠶᠢᠨ ᠭᠡᠪᠴᠢᠶ᠎ᠡ ᠪᠠ | ᠵᠢᠷᠤᠮ ᠤᠨ ᠶᠤᠰᠤᠭᠠᠷ ᠤᠯᠤᠰ ᠤᠨ ᠪᠦᠬᠦᠯᠢ ᠴᠤᠭᠴᠠ ᠶᠢᠨ ᠠᠰᠢᠭ ᠲᠤᠰᠠ ᠠᠴᠠ ᠡᠭᠦᠰᠴᠦ᠂ ᠨᠡᠶᠢᠭᠡᠮ ᠵᠢᠷᠤᠮ ᠤᠨ | ᠬᠠᠤᠯᠢᠵᠢᠯ ᠤᠨ ᠨᠢᠭᠡᠳᠦᠯᠲᠠᠢ ᠪᠠᠶᠢᠬᠤ ᠪᠠ ᠡᠷᠭᠡ ᠰᠦᠷᠲᠦ ᠴᠢᠨᠠᠷ ᠢ ᠬᠠᠮᠠᠭᠠᠯᠠᠬᠤ ᠬᠡᠷᠡᠭᠲᠠᠢ᠃ | | ᠲᠠᠪᠤᠳᠤᠭᠠᠷ ᠵᠦᠢᠯ ᠬᠠᠥᠯᠢ ᠲᠤᠭᠳᠠᠭᠠᠬᠤ ᠳᠤ ᠠᠷᠠᠥᠨ ᠲᠦᠮᠡᠨ ᠤ ᠵᠤᠷᠢᠯᠳᠠ ᠶᠢ ᠢᠯᠠᠷᠠᠬᠦᠯᠤᠠ᠂ ᠨᠡᠶᠢᠭᠡᠮ | ᠵᠢᠷᠤᠮ ᠤᠨ ᠠᠷᠠᠳᠴᠢᠯᠠᠯ ᠢ ᠪᠠᠳᠠᠷᠠᠭᠤᠯᠵᠤ᠂ ᠬᠠᠤᠯᠢ ᠲᠤᠭᠲᠠᠭᠠᠬᠤ ᠶᠢ ᠢᠯᠡ ᠪᠠᠶᠢᠯᠭᠠᠬᠤ ᠶᠢ ᠪᠠᠷᠢᠮᠲᠠᠯᠠᠨ᠂ ᠠᠷᠠᠳ | ᠲᠦᠮᠡᠨ ᠤ ᠤᠯᠠᠨ ᠵᠦᠢᠯ ᠤᠨ ᠠᠷᠭ᠎ᠠ ᠵᠠᠮ ᠢᠶᠠᠷ ᠬᠠᠤᠯᠢ ᠲᠤᠭᠲᠠᠭᠠᠬᠤ ᠠᠵᠢᠯᠯᠠᠭ᠎ᠠ ᠳᠤ ᠤᠷᠤᠯᠴᠠᠬᠤ ᠶᠢ ᠪᠠᠲᠤᠯᠠᠬᠤ | ᠬᠡᠷᠡᠭᠲᠠᠢ᠃ | | ᠵᠢᠷᠭᠤᠳᠤᠭᠠᠷ ᠵᠦᠢᠯ ᠬᠠᠤᠯᠢ ᠲᠤᠭᠲᠠᠭᠠᠬᠤ ᠳᠤ ᠪᠤᠳᠠᠲᠤ ᠪᠠᠶᠢᠳᠠᠯ ᠠᠴᠠ ᠡᠭᠦᠰᠴᠤ᠂ ᠠᠵᠤ ᠠᠬᠤᠢ | ᠨᠡᠶᠢᠬᠡᠮ ᠤᠨ ᠬᠦᠭᠵᠢᠯᠲᠡ ᠪᠠ ᠦᠭᠡᠷᠡᠴᠢᠯᠡᠯᠲᠡ ᠶᠢ ᠪᠦᠬᠦ ᠲᠠᠯ᠎ᠠ ᠪᠠᠷ ᠬᠦᠨᠵᠡᠭᠡᠶᠢᠷᠡᠭᠦᠯᠬᠦ ᠱᠠᠭᠠᠷᠳᠠᠯᠭ᠎ᠠ ᠳᠤ | ᠵᠤᠬᠢᠴᠠᠵᠤ᠂ ᠠᠷᠠᠳ ᠢᠷᠭᠡᠨ᠂ ᠬᠠᠥᠯᠢ ᠶᠢᠨ ᠡᠷᠬᠡᠲᠡᠨ ᠪᠠ ᠪᠤᠰᠤᠳ ᠵᠤᠬᠢᠶᠠᠨ ᠪᠠᠶᠢᠭᠤᠯᠤᠯᠲᠠ ᠶᠢᠨ ᠡᠷᠭᠡ ᠪᠠ | ᠡᠭᠦᠷᠭᠡ᠂ ᠲᠦᠷᠦ ᠶᠢᠨ ᠪᠠᠶᠢᠭᠤᠯᠤᠯᠭ᠎ᠠ ᠶᠢᠨ ᠡᠷᠭᠡ ᠮᠡᠳᠡᠯ ᠪᠠ ᠬᠠᠷᠢᠭᠤᠴᠠᠯᠭ᠎ᠠ ᠶᠢ ᠰᠢᠨᠵᠢᠯᠡᠬᠦ ᠤᠬᠠᠭᠠᠨᠴᠢ ᠵᠦᠢ | ᠵᠤᠬᠢᠰᠲᠠᠢ ᠪᠠᠷ ᠲᠤᠭᠲᠠᠭᠠᠬᠤ ᠬᠡᠷᠡᠭᠲᠠᠢ᠃ | | ᠬᠠᠤᠯᠢ ᠴᠠᠭᠠᠵᠠ ᠶᠢ ᠵᠢᠷᠤᠮᠵᠢᠭᠤᠯᠬᠤ ᠳᠤ ᠲᠤᠲᠤᠷᠬᠠᠢ᠂ ᠪᠤᠳᠠᠲᠠᠢ ᠪᠠᠶᠢᠵᠤ᠂ ᠬᠠᠨᠳᠤᠯᠭᠠᠲᠤ ᠴᠢᠨᠠᠷ ᠪᠠ | ᠬᠡᠷᠡᠭᠵᠢᠭᠦᠯᠬᠦ ᠴᠢᠨᠠᠷ ᠲᠠᠢ ᠪᠠᠶᠢᠬᠤ ᠬᠡᠷᠡᠭᠲᠠᠢ᠃ | | ᠬᠤᠶᠠᠳᠤᠭᠠᠷ ᠪᠦᠯᠦᠭ ᠬᠠᠤᠯᠢ ᠴᠠᠭᠠᠵᠠ | | ᠨᠢᠭᠡᠳᠦᠭᠡᠷ ᠬᠡᠰᠡᠭ ᠬᠠᠤᠯᠢ ᠲᠤᠭᠲᠠᠭᠠᠬᠤ ᠡᠷᠭᠡ ᠶᠢᠨ ᠬᠡᠪᠴᠢᠶ᠎ᠡ | | ᠳᠤᠯᠤᠳᠤᠭᠠᠷ ᠵᠦᠢᠯ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠪᠠ ᠪᠦᠬᠦ | ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠡᠭᠭᠤ ᠶᠢᠨ ᠬᠤᠷᠢᠶ᠎ᠠ ᠤᠯᠤᠰ ᠤᠨ ᠬᠠᠤᠯᠢ | ᠲᠤᠭᠲᠠᠭᠠᠬᠤ ᠡᠷᠭᠡ ᠶᠢ ᠭᠡᠷᠡᠭᠵᠢᠬᠦᠯᠦᠨ᠎ᠡ᠃ | | ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠠᠴᠠ ᠡᠷᠡᠭᠦᠦ ᠶᠢᠨ ᠬᠡᠷᠡᠭ᠂ | ᠢᠷᠭᠡᠨ ᠤ ᠬᠡᠷᠡᠭ᠂ ᠲᠦᠷᠦ ᠶᠢᠨ ᠪᠠᠶᠢᠭᠤᠯᠤᠮᠵᠢ ᠶᠢᠨ ᠪᠠ ᠪᠤᠰᠤᠳ ᠦᠨᠳᠦᠰᠦ ᠪᠤᠯᠬᠤ ᠬᠠᠤᠯᠢ ᠴᠠᠭᠠᠵᠠ ᠶᠢ | ᠲᠤᠭᠲᠠᠭᠠᠬᠤ ᠪᠠ ᠲᠡᠭᠦᠨ ᠳᠤ ᠵᠠᠰᠠᠪᠤᠷᠢ ᠤᠷᠤᠭᠤᠯᠤᠨ᠎ᠠ᠃ | | ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠡᠭᠭᠤ ᠶᠢᠨ ᠬᠤᠷᠢᠶ᠎ᠠ ᠪᠦᠬᠦ | ᠤᠯᠤᠰ ᠤᠨ ᠠᠷᠠᠥᠨ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠤᠭᠲᠠᠭᠠᠬᠤ ᠶᠤᠰᠤᠲᠠᠢ ᠬᠠᠤᠯᠢ ᠠᠴᠠ | ᠭᠠᠳᠠᠨᠠᠬᠢ ᠪᠤᠰᠤᠳ ᠬᠠᠤᠯᠢ ᠶᠢ ᠲᠤᠭᠳᠠᠭᠠᠬᠤ ᠪᠠ ᠲᠡᠬᠦᠨ ᠳᠤ ᠵᠠᠰᠠᠪᠤᠷᠢ ᠤᠷᠤᠭᠤᠯᠤᠨ᠎ᠠ︔ ᠪᠦᠬᠦ ᠤᠯᠤᠰ ᠤᠨ | ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠬᠤᠷᠠᠯ ᠲᠡᠭᠦᠰᠦᠭᠰᠡᠨ ᠬᠤᠭᠤᠴᠠᠭᠠᠨ ᠳᠤ᠂ ᠪᠦᠬᠦ | ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠤᠭᠳᠠᠭᠠᠭᠰᠠᠨ ᠬᠠᠥᠯᠢ ᠳᠤ ᠭᠡᠰᠡᠭ ᠨᠦᠬᠦᠪᠦᠷᠢ | ᠪᠠ ᠵᠠᠰᠠᠪᠤᠷᠢ ᠤᠷᠤᠭᠤᠯᠤᠨ᠎ᠠ᠂ ᠭᠡᠪᠡᠴᠦ ᠲᠤᠰ ᠬᠠᠥᠯᠢ ᠶᠢᠨ ᠦᠨᠳᠦᠰᠦᠨ ᠵᠠᠷᠴᠢᠮ ᠯᠤᠭ᠎ᠠ ᠬᠠᠷᠰᠢᠯᠳᠤᠭᠤᠯᠵᠤ | ᠪᠤᠯᠬᠤ ᠦᠭᠡᠢ᠃ | | ᠨᠠᠢᠮᠠᠳᠤᠭᠠᠷ ᠵᠦᠢᠯ ᠳᠤᠤᠷᠠᠬᠢ ᠶᠠᠪᠤᠳᠠᠯ ᠤᠳ ᠢ ᠬᠠᠤᠯᠢ ᠪᠠᠷ ᠯᠠ ᠲᠤᠭᠲᠠᠭᠠᠨ᠎ᠠ᠄ | | ︵ᠨᠢᠭᠡ︶ ᠤᠯᠤᠰ ᠤᠨ ᠡᠷᠭᠡ ᠮᠡᠳᠡᠯ ᠤᠨ ᠲᠤᠬᠠᠢ ᠶᠠᠪᠤᠳᠠᠯ ᠤᠳ ︔ | | ︵ᠬᠤᠶᠠᠷ︶ ᠡᠯ᠎ᠡ ᠱᠠᠳᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ᠂ ᠠᠷᠠᠥᠨ ᠤᠨ ᠵᠠᠰᠠᠭ ᠤᠨ | ᠤᠷᠳᠤᠨ᠂ ᠠᠷᠠᠥᠨ ᠤᠨ ᠰᠢᠬᠦᠬᠦ ᠬᠤᠷᠢᠶ᠎ᠠ ᠪᠠ ᠠᠷᠠᠥᠨ ᠤᠨ ᠪᠠᠶᠢᠴᠠᠭᠠᠬᠤ ᠬᠤᠷᠢᠶ᠎ᠡ ᠶᠢ ᠰᠤᠩᠭᠤᠠ ᠭᠠᠷᠭᠠᠬᠤ᠂ | ᠲᠡᠬᠦᠨ ᠤ ᠵᠤᠬᠢᠶᠠᠨ ᠪᠠᠶᠢᠭᠤᠯᠤᠯᠲᠠ ᠪᠠ ᠡᠷᠬᠡ ᠲᠤᠰᠢᠶᠠᠯ︔ | | ︵ᠭᠤᠷᠪᠠ︶ ᠦᠨᠳᠦᠰᠦᠳᠡᠨ ᠤ ᠤᠷᠤᠨ ᠤ ᠦᠪᠡᠷᠳᠡᠭᠡᠨ ᠵᠠᠰᠠᠬᠤ ᠲᠦᠷᠢᠮ᠂ ᠵᠠᠰᠠᠭ ᠵᠠᠬᠢᠷᠭᠠᠨ ᠤ ᠤᠨᠴᠠᠭᠠᠢ | ᠤᠷᠤᠨ ᠤ ᠳᠦᠷᠢᠮ᠂ ᠦᠨᠳᠦᠰᠦᠨ ᠱᠠᠲᠤᠨ ᠤ ᠤᠯᠠᠨ ᠲᠦᠮᠡᠨ ᠤ ᠦᠪᠡᠷᠲᠡᠭᠡᠨ ᠵᠠᠰᠠᠬᠤ ᠳᠦᠷᠢᠮ︔ | | ︵ᠲᠦᠷᠪᠡ︶ ᠶᠠᠯ᠎ᠠ ᠬᠢᠭᠰᠡᠨ ᠪᠠ ᠡᠷᠡᠭᠦᠦ ᠰᠢᠳᠭᠡᠯ︔ | | ︵ᠲᠠᠪᠤ︶ ᠠᠷᠠᠥᠨ ᠢᠷᠭᠡᠨ ᠤ ᠤᠯᠤᠰ ᠲᠦᠷᠦ ᠶᠢᠨ ᠡᠷᠭᠡ ᠶᠢ ᠬᠠᠰᠤᠬᠤ᠂ ᠬᠦᠮᠦᠨ ᠤ ᠪᠡᠶ᠎ᠡ ᠶᠢᠨ ᠡᠷᠭᠡ ᠴᠢᠯᠦᠭᠡ ᠶᠢ | ᠬᠢᠵᠠᠭᠠᠷᠯᠠᠬᠤ ᠠᠯᠪᠠᠳᠠᠯᠭ᠎ᠠ ᠶᠢᠨ ᠠᠷᠭ᠎ᠠ ᠭᠡᠮᠵᠢᠶ᠎ᠡ ᠪᠠ ᠰᠢᠳᠭᠡᠯ︔ | | ︵ᠵᠢᠷᠭᠤᠭ᠎ᠠ︶ ᠭᠠᠶᠢᠯᠢ ᠶᠢᠨ ᠲᠦᠷᠦᠯ ᠭᠠᠷᠭᠠᠬᠤ᠂ ᠭᠠᠶᠢᠯᠢ ᠶᠢᠨ ᠨᠤᠷᠮ᠎ᠠ ᠲᠤᠭᠲᠠᠭᠠᠬᠤ ᠪᠠ ᠭᠠᠶᠢᠯᠢ ᠲᠠᠲᠠᠪᠤᠷᠢ ᠶᠢ | ᠬᠠᠮᠢᠶᠠᠷᠬᠤ ᠵᠡᠷᠭᠡ ᠭᠠᠶᠢᠯᠢ ᠶᠢᠨ ᠤᠷᠤᠯᠭ᠎ᠠ ᠶᠢᠨ ᠦᠨᠳᠦᠰᠦᠨ ᠳᠦᠷᠢᠮ︔ | | ︵ᠳᠤᠯᠤᠭ᠎ᠠ︶ ᠤᠯᠤᠰ ᠤᠨ ᠦᠮᠴᠢᠯᠠᠯ ᠤᠨ ᠪᠤᠰᠤ ᠡᠳ᠋ ᠬᠦᠷᠦᠩᠭᠡ ᠶᠢ ᠲᠠᠳᠠᠪᠤᠷᠢᠯᠠᠨ ᠠᠪᠬᠤ᠂ ᠳᠠᠳᠠᠪᠤᠷᠢᠯᠠᠠ | ᠭᠡᠷᠡᠭᠯᠡᠬᠦ︔ | | ︵ᠨᠠᠢᠮᠠ︶ ᠢᠷᠭᠡᠨ ᠤ ᠬᠡᠷᠡᠭ ᠤᠨ ᠦᠨᠳᠦᠰᠦᠨ ᠳᠦᠷᠢᠮ︔ | | ︵ᠶᠢᠰᠦ︶ ᠠᠵᠤ ᠠᠬᠤᠢ ᠶᠢᠨ ᠦᠨᠳᠦᠰᠦᠨ ᠳᠦᠷᠢᠮ ᠵᠢᠴᠢ ᠡᠳ᠋ ᠤᠨ ᠵᠠᠰᠠᠭ᠂ ᠪᠤᠭᠤᠮᠳᠠ᠂ ᠮᠦᠡᠭᠭᠦᠨ ᠬᠦᠯᠭᠡᠭᠡ | ᠪᠠ ᠭᠠᠳᠠᠭᠠᠲᠤ ᠠᠷᠠᠯᠵᠢᠶᠠᠨ ᠤ ᠦᠨᠳᠦᠰᠦᠨ ᠳᠦᠷᠢᠮ︔ | | ︵ᠠᠷᠪᠡ︶ ᠵᠠᠷᠭᠤᠯᠳᠤᠬᠤ ᠪᠠ ᠬᠦᠨᠳᠡᠯᠡᠨ ᠠᠴᠠ ᠲᠠᠰᠤᠯᠬᠤ ᠳᠦᠷᠢᠮ︔ | | | ︵ᠠᠷᠪᠠᠠ ᠨᠢᠬᠡ︶ ᠡᠷᠭᠡᠪᠰᠢ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠵᠢᠴᠢ | ᠲᠡᠬᠦᠨ ᠤ ᠪᠠᠶᠢᠩᠭᠤ ᠶᠢᠨ ᠬᠤᠷᠢᠶ᠎ᠠ ᠠᠴᠠ ᠬᠠᠤᠯᠢ ᠲᠤᠭᠲᠠᠭᠠᠬᠤ ᠴᠢᠬᠤᠯᠠ ᠲᠠᠢ ᠪᠤᠰᠤᠳ ᠵᠦᠢᠯᠡᠰ ᠤᠳ᠃ | | ᠶᠢᠰᠦᠳᠦᠭᠡᠷ ᠵᠦᠢᠯ ᠲᠤᠰ ᠬᠠᠤᠯᠢ ᠶᠢᠨ ᠨᠠᠢᠮᠠᠳᠤᠭᠠᠷ ᠵᠦᠢᠯ ᠳᠤ ᠲᠤᠭᠲᠠᠭᠠᠭᠰᠠᠨ ᠵᠦᠢᠯᠡᠰ ᠤᠳ ᠤᠨ | ᠲᠤᠬᠠᠢ ᠬᠠᠷᠠᠬᠠᠨ ᠬᠠᠤᠯᠢ ᠲᠤᠭᠳᠠᠭᠠᠭᠠᠳᠤᠢ ᠪᠠᠶᠢᠪᠠᠯ᠂ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ | ᠶᠡᠭᠡ ᠬᠤᠷᠠᠯ ᠵᠢᠴᠢ ᠲᠡᠬᠦᠨ ᠤ ᠪᠠᠶᠢᠡᠭᠭᠤ ᠶᠢᠨ ᠬᠤᠷᠢᠶ᠎ᠠ ᠠᠴᠠ ᠲᠤᠭᠲᠠᠭᠠᠯ ᠭᠠᠷᠭᠠᠵᠤ᠂ ᠲᠦᠷᠦ ᠶᠢᠨ ᠶᠠᠪᠤᠳᠠᠯ ᠤᠨ | ᠬᠤᠷᠢᠶᠠᠨ ᠳᠤ ᠡᠷᠬᠡ ᠤᠯᠭᠤᠨ ᠪᠤᠳᠠᠲᠤ ᠬᠡᠷᠡᠭᠴᠡᠭᠡ ᠶᠢ ᠦᠨᠳᠦᠰᠦᠯᠡᠵᠤ᠂ ᠲᠡᠬᠦᠨ ᠤ ᠳᠤᠲᠤᠷᠠᠬᠢ ᠵᠠᠷᠴᠢᠮ | ᠶᠠᠪᠤᠳᠠᠯ ᠤᠨ ᠲᠤᠬᠠᠢ ᠤᠷᠢᠳᠠᠪᠠᠷ ᠵᠠᠰᠠᠭ ᠵᠠᠬᠢᠷᠭᠠᠨ ᠤ ᠬᠠᠤᠯᠢ ᠲᠤᠭᠲᠠᠭᠠᠯ ᠲᠤᠭᠲᠠᠭᠠᠯᠭᠠᠬᠤ ᠡᠷᠭᠡ ᠲᠠᠢ᠂ ᠬᠡᠪᠡᠴᠦ | ᠶᠡᠭᠡ ᠶᠠᠯ᠎ᠠ ᠬᠢᠭᠰᠡᠨ ᠪᠠ ᠡᠷᠡᠭᠦᠦ ᠰᠢᠳᠭᠡᠯ᠂ ᠠᠷᠠᠳ ᠢᠷᠭᠡᠨ ᠤ ᠤᠯᠤᠰ ᠲᠦᠷᠦ ᠶᠢᠨ ᠡᠷᠬᠡ ᠶᠢ ᠬᠠᠰᠤᠬᠤ ᠪᠠ | ᠬᠦᠮᠦᠨ ᠤ ᠪᠡᠶ᠎ᠡ ᠶᠢᠨ ᠡᠷᠭᠡ ᠴᠢᠯᠦᠭᠡ ᠶᠢ ᠬᠢᠵᠠᠭᠠᠷᠯᠠᠬᠤ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠪᠠ ᠰᠢᠳᠭᠡᠯ᠂ ᠬᠠᠤᠯᠢ | ᠴᠠᠭᠠᠵᠠ ᠶᠢᠨ ᠳᠦᠷᠢᠮ ᠵᠡᠷᠭᠡ ᠶᠠᠪᠤᠳᠠᠯ ᠡᠭᠦᠨ ᠳᠤ ᠪᠠᠭᠲᠠᠬᠤ ᠦᠭᠡᠢ᠃ | | ᠠᠷᠪᠠᠳᠤᠭᠠᠷ ᠵᠦᠢᠯ ᠡᠷᠭᠡ ᠤᠯᠭᠤᠬᠤ ᠲᠤᠭᠳᠠᠭᠠᠯ ᠳᠤ ᠡᠷᠭᠡ ᠤᠯᠭᠤᠬᠤ ᠵᠤᠷᠢᠯᠭ᠎ᠠ᠂ ᠶᠠᠪᠤᠳᠡᠯ᠂ ᠬᠦᠷᠢᠶ᠎ᠡ | ᠭᠡᠪᠴᠢᠶ᠎ᠡ᠂ ᠴᠠᠭ ᠬᠤᠭᠤᠴᠠᠭ᠎ᠠ ᠵᠢᠴᠢ ᠡᠷᠬᠡ ᠤᠯᠤᠭᠰᠠᠨ ᠪᠠᠶᠢᠭᠤᠯᠤᠯᠭ᠎ᠠ ᠶᠢᠨ ᠡᠷᠭᠡ ᠤᠯᠭᠤᠭᠰᠠᠨ ᠲᠤᠭᠲᠠᠭᠠᠯ ᠢ | ᠬᠡᠷᠡᠭᠵᠢᠬᠦᠯᠬᠦ ᠳᠤ ᠵᠢᠷᠤᠮᠯᠠᠪᠠᠰᠤ ᠵᠤᠬᠢᠬᠤ ᠵᠠᠷᠴᠢᠮ ᠵᠡᠷᠭᠡ ᠶᠢ ᠲᠤᠲᠤᠷᠬᠠᠶᠢᠯᠠᠬᠤ ᠬᠡᠷᠡᠭᠲᠠᠢ᠃ | | ᠡᠷᠬᠡ ᠤᠯᠭᠤᠬᠤ ᠴᠠᠭ ᠬᠤᠭᠤᠴᠠᠭ᠎ᠠ ᠨᠢ ᠲᠠᠪᠤᠨ ᠵᠢᠯ ᠠᠴᠠ ᠬᠡᠲᠦᠷᠡᠵᠤ ᠪᠤᠯᠬᠤ ᠦᠭᠡᠢ᠂ ᠬᠡᠪᠡᠴᠦ ᠡᠷᠭᠡ | ᠤᠯᠭᠤᠬᠤ ᠲᠤᠭᠲᠠᠭᠠᠯ ᠳᠠᠭᠠᠨ ᠠᠰᠳᠠᠭᠠᠨ ᠲᠤᠭᠲᠠᠭᠠᠯ ᠭᠠᠷᠭᠠᠭᠰᠠᠨ ᠪᠠᠶᠢᠪᠠᠯ ᠡᠭᠦᠨ ᠳᠤ ᠪᠠᠭᠲᠠᠬᠤ ᠦᠭᠡᠢ᠃ | | ᠡᠷᠬᠡ ᠤᠯᠤᠭᠰᠠᠨ ᠪᠠᠶᠢᠭᠤᠯᠤᠯᠭ᠎ᠠ ᠨᠢ ᠡᠷᠭᠡ ᠤᠯᠭᠤᠭᠰᠠᠨ ᠴᠠᠭ ᠬᠤᠭᠤᠴᠠᠭ᠎ᠠ ᠨᠢ ᠳᠦᠭᠦᠷᠬᠦ ᠠᠴᠠ | ᠵᠢᠷᠭᠤᠭᠠᠨ ᠰᠠᠷ᠎ᠠ ᠶᠢᠨ ᠡᠮᠦᠨ᠎ᠡ ᠡᠷᠬᠡ ᠤᠯᠭᠤᠬᠰᠠᠠ ᠪᠠᠶᠢᠭᠤᠯᠤᠯᠭ᠎ᠠ ᠳᠠᠭᠠᠨ ᠡᠷᠬᠡ ᠤᠯᠭᠤᠬᠤ ᠳᠤᠬᠳᠠᠭᠠᠯ ᠢ | ᠬᠡᠷᠡᠭᠵᠢᠬᠦᠯᠦᠭᠰᠡᠡ ᠪᠠᠶᠢᠳᠠᠯ ᠢ ᠮᠡᠳᠡᠭᠦᠯᠦᠭᠡᠳ ᠬᠤᠯᠪᠤᠭᠳᠠᠯ ᠪᠦᠬᠦᠢ ᠬᠠᠤᠯᠢ ᠲᠤᠭᠲᠠᠭᠠᠬᠤ ᠴᠢᠬᠤᠯᠠᠲᠠᠢ ᠡᠰᠡᠬᠦ | ᠲᠤᠬᠠᠢ ᠰᠠᠨᠠᠯ ᠢᠶᠠᠨ ᠳᠤᠷᠠᠳᠬᠤ ᠬᠡᠷᠡᠭᠲᠠᠢ︔ ᠦᠷᠬᠦᠯᠵᠢᠯᠡᠡ ᠡᠷᠬᠡ ᠤᠯᠭᠤᠬᠤ ᠴᠢᠬᠤᠯᠠ ᠲᠠᠢ ᠶᠤᠮ ᠪᠤᠯ ᠬᠠᠮᠢᠶ᠎ᠠ | ᠪᠦᠬᠦᠢ ᠰᠠᠨᠠᠯ ᠢᠶᠠᠨ ᠳᠤᠷᠠᠳᠪᠡᠯ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠵᠢᠴᠢ | ᠲᠡᠭᠦᠨ ᠤ ᠪᠠᠶᠢᠡᠭᠭᠤ ᠶᠢᠨ ᠬᠤᠷᠢᠶ᠎ᠠ ᠠᠴᠠ ᠲᠤᠭᠲᠠᠭᠠᠵᠤ ᠪᠤᠯᠤᠨ᠎ᠠ᠃ | | ᠠᠷᠪᠠᠨ ᠨᠢᠭᠡᠳᠦᠭᠡᠷ ᠵᠦᠢᠯ ᠡᠷᠬᠡ ᠤᠯᠭᠤᠵᠤ ᠬᠠᠤᠯᠢ ᠲᠤᠭᠲᠠᠭᠠᠭᠰᠠᠨ ᠶᠠᠪᠤᠳᠠᠯ ᠢ ᠦᠢᠯᠡᠳᠦᠯᠭᠡ ᠪᠠᠷ | ᠰᠢᠯᠭᠠᠨ ᠪᠠᠶᠢᠴᠠᠭᠠᠬᠤ ᠪᠠᠷ ᠳᠠᠮᠵᠢᠭᠤᠯᠵᠤ᠂ ᠬᠠᠤᠯᠢ ᠲᠤᠭᠲᠠᠭᠠᠬᠤ ᠨᠦᠬᠦᠴᠡᠯ ᠪᠦᠷᠢᠯᠳᠦᠭᠰᠡᠨ ᠦᠶ᠎ᠡ ᠳᠤ᠂ ᠪᠦᠬᠦ | ᠤᠯᠤᠰ ᠤᠨ ᠠᠷᠠᠳ ᠤᠨ ᠲᠦᠯᠦᠭᠡᠯᠡᠭᠴᠢᠥᠨ ᠤᠨ ᠶᠡᠭᠡ ᠬᠤᠷᠠᠯ ᠵᠢᠴᠢ ᠲᠡᠬᠦᠨ ᠤ ᠪᠠᠶᠢᠩᠭᠤ ᠶᠢᠨ ᠬᠤᠷᠢᠶ᠎ᠠ ᠴᠠᠭ | ᠲᠤᠬᠠᠢ ᠳᠤᠨᠢ ᠬᠠᠥᠯᠢ ᠲᠤᠭᠳᠠᠭᠠᠨ᠎ᠠ᠃ ᠬᠠᠥᠯᠢ ᠶᠢ ᠲᠤᠭᠳᠠᠭᠠᠭᠰᠠᠨ ᠤ ᠲᠠᠷᠠᠭ᠎ᠠ᠂ ᠵᠤᠬᠢᠬᠤ ᠬᠠᠥᠯᠢ ᠲᠤᠭᠳᠠᠭᠠᠬᠤ | ᠶᠠᠪᠤᠳᠡᠯ ᠤᠨ ᠲᠤᠬᠠᠢ ᠤᠯᠭᠤᠭᠰᠠᠨ ᠡᠷᠭᠡ ᠲᠠᠭᠤᠰᠤᠨ᠎ᠠ᠃ | | ᠠᠷᠪᠠᠨ ᠬᠤᠶᠠᠳᠤᠭᠠᠷ ᠵᠦᠢᠯ ᠡᠷᠬᠡ ᠤᠯᠤᠭᠰᠠᠨ ᠪᠠᠶᠢᠭᠤᠯᠤᠯᠭ᠎ᠠ ᠨᠢ ᠡᠷᠭᠡ ᠤᠯᠭᠤᠬᠤ ᠲᠤᠭᠲᠠᠭᠠᠯ | ᠶᠤᠰᠤᠭᠠᠷ ᠤᠯᠭᠤᠭᠰᠠᠨ ᠡᠷᠭᠡ ᠮᠡᠳᠡᠯ ᠢᠶᠠᠨ ᠴᠢᠩᠭ᠎ᠠ ᠬᠡᠷᠡᠭᠵᠢᠬᠦᠯᠬᠦ ᠬᠡᠷᠡᠭᠲᠠᠢ᠃ | | ᠡᠷᠬᠡ ᠤᠯᠤᠭᠰᠠᠨ ᠪᠠᠶᠢᠭᠤᠯᠤᠯᠭ᠎ᠠ ᠨᠢ ᠤᠯᠭᠤᠭᠰᠠᠨ ᠡᠷᠬᠡ ᠶᠢ ᠪᠤᠰᠤᠳ ᠪᠠᠶᠢᠭᠤᠯᠤᠯᠭ᠎ᠠ ᠳᠤ ᠰᠢᠯᠵᠢᠭᠦᠯᠦᠨ | ᠦᠭᠴᠦ ᠪᠤᠯᠬᠤ ᠦᠭᠡᠢ᠃ | | ᠠᠷᠪᠠᠨ ᠭᠤᠷᠪᠠᠳᠤᠭᠠᠷ ᠵᠦᠢᠯ ᠪᠦᠬᠦ ᠤᠯᠥᠰ ᠤᠨ ᠠᠷᠠᠳ ᠤᠨ ᠳᠦᠯᠥᠭᠡᠯᠡᠭᠴᠢᠳ ᠤᠨ ᠶᠡᠭᠡ ᠬᠤᠷᠠᠯ ᠵᠢᠴᠢ | ᠳᠡᠬᠦᠡ ᠤ ᠪᠠᠶᠢᠡᠭᠭᠤ ᠶᠢᠨ ᠬᠤᠷᠢᠶ᠎ᠠ ᠨᠢ ᠦᠭᠡᠷᠡᠴᠢᠯᠡᠯᠲᠡ ᠨᠡᠭᠡᠭᠡᠯᠲᠡ ᠶᠢᠨ ᠬᠡᠷᠡᠭᠴᠡᠭᠡ ᠶᠢ ᠦᠨᠳᠦᠰᠦᠯᠡᠨ ᠵᠠᠰᠠᠭ | ᠵᠠᠬᠢᠷᠭᠠᠨ ᠤ ᠬᠠᠮᠢᠶᠠᠷᠦᠯᠳᠠ ᠵᠡᠷᠬᠡ ᠬᠦᠷᠢᠶᠡᠡ ᠳᠠᠬᠢ ᠤᠠᠴᠠ ᠳᠤᠬᠳᠠᠬᠰᠠᠠ ᠵᠦᠢᠯ ᠤᠳ ᠤᠨ ᠳᠤᠬᠠᠢ ᠡᠷᠬᠡ | ᠤᠯᠭᠤᠬᠤ ᠶᠢ ᠳᠤᠬᠳᠠᠭᠠᠬᠤ ᠳᠠᠭᠠᠨ ᠬᠡᠰᠡᠭ ᠭᠠᠵᠠᠷ ᠤᠷᠤᠨ ᠳᠤ ᠬᠠᠤᠯᠢ ᠴᠠᠭᠠᠵᠠ ᠶᠢᠨ ᠬᠡᠰᠡᠭ ᠲᠤᠭᠲᠠᠭᠠᠯ ᠢ | ᠬᠡᠷᠡᠭᠵᠢᠬᠦᠯᠬᠦ ᠳᠤ ᠵᠤᠬᠢᠬᠤ ᠴᠠᠭ ᠬᠤᠭᠤᠴᠠᠭᠠᠨ ᠳᠤᠲᠤᠷ᠎ᠠ ᠲᠦᠷ ᠲᠤᠬᠢᠷᠠᠭᠤᠯᠤᠯᠲᠠ ᠬᠢᠬᠦ ᠪᠤᠶᠤ ᠲᠦᠷ | ᠵᠤᠭᠰᠤᠭᠠᠵᠤ ᠪᠤᠯᠤᠨ᠎ᠠ᠃ | | ᠬᠤᠶᠠᠳᠤᠭᠠᠷ ᠭᠡᠰᠡᠭ ᠪᠦᠬᠦ ᠤᠯᠥᠰ ᠤᠨ ᠠᠷᠠᠳ ᠤᠨ ᠳᠦᠯᠥᠭᠡᠯᠡᠭᠴᠢᠳ ᠤᠨ ᠶᠡᠭᠡ ᠬᠤᠷᠠᠯ ᠤᠨ ᠬᠠᠤᠯᠢ | ᠲᠤᠭᠲᠠᠭᠠᠬᠤ ᠳᠡᠰ ᠳᠠᠷᠠᠭᠠᠯᠠᠯ | | ᠠᠷᠪᠡᠡ ᠳᠦᠷᠪᠡᠳᠦᠬᠡᠷ ᠵᠦᠢᠯ ᠪᠦᠬᠦ ᠤᠯᠥᠰ ᠤᠨ ᠠᠷᠠᠳ ᠤᠨ ᠳᠦᠯᠥᠭᠡᠯᠡᠭᠴᠢᠳ ᠤᠨ ᠶᠡᠭᠡ ᠬᠤᠷᠠᠯ ᠤᠨ | ᠲᠡᠷᠢᠭᠦᠯᠡᠭᠴᠢᠳ ᠤᠨ ᠪᠦᠯᠬᠦᠮ ᠨᠢ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠳᠤ ᠬᠠᠤᠯᠢ | ᠴᠠᠭᠠᠵᠠ ᠶᠢᠨ ᠲᠤᠬᠠᠢ ᠰᠠᠨᠠᠯ ᠵᠦᠪᠯᠡᠯᠬᠡ ᠳᠤᠷᠠᠳᠴᠦ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠤᠨ ᠬᠤᠷᠠᠯ ᠳᠤ ᠳᠡᠪᠰᠢᠭᠦᠯᠦᠨ ᠬᠢᠨᠠᠨ ᠵᠦᠪᠯᠡᠭᠦᠯᠵᠤ ᠪᠤᠯᠤᠨ᠎ᠠ᠃ | | ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ᠂ | ᠲᠦᠷᠦ ᠶᠢᠨ ᠶᠠᠪᠤᠳᠠᠯ ᠤᠨ ᠬᠤᠷᠢᠶ᠎ᠠ᠂ ᠲᠦᠪ ᠤᠨ ᠴᠡᠷᠢᠭ ᠤᠨ ᠶᠠᠪᠤᠳᠠᠯ ᠤᠨ ᠬᠤᠷᠠᠶ᠎ᠠ᠂ ᠠᠷᠠᠥᠨ ᠤᠨ ᠳᠡᠭᠡᠲᠤ | ᠰᠢᠭᠦᠭᠦ ᠬᠤᠷᠢᠶ᠎ᠠ᠂ ᠠᠷᠠᠤᠨ ᠤᠨ ᠲᠡᠭᠡᠳᠦ ᠪᠠᠶᠢᠴᠠᠭᠠᠬᠤ ᠬᠤᠷᠢᠶ᠎ᠠ᠂ ᠪᠦᠬᠦ ᠤᠯᠤᠰ ᠤᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠤᠨ ᠡᠯ᠎ᠠ ᠲᠤᠰᠬᠠᠢ ᠵᠦᠪᠯᠡᠯ ᠨᠢ ᠪᠦᠬᠦ ᠤᠯᠤᠰ ᠤᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠳᠤ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠲᠤᠷᠠᠥᠨᠴᠦ ᠪᠤᠯᠤᠨ᠎ᠠ᠂ | ᠬᠤᠷᠠᠯ ᠤᠨ ᠵᠦᠪᠯᠡᠬᠦ ᠵᠦᠢᠯ ᠳᠤ ᠤᠷᠤᠭᠤᠯᠬᠤ ᠶᠢ ᠲᠡᠷᠢᠬᠦᠯᠡᠭᠴᠢᠥᠨ ᠤᠨ ᠪᠦᠯᠬᠦᠮ ᠠᠴᠠ ᠲᠤᠭᠳᠠᠭᠠᠨ᠎ᠠ᠃ | | ᠠᠷᠪᠡᠡ ᠳᠠᠪᠤᠳᠤᠭᠠᠷ ᠵᠦᠢᠯ ᠨᠢᠭᠡ ᠲᠦᠯᠦᠭᠡᠯᠡᠭᠴᠢᠥᠨ ᠤᠨ ᠪᠦᠯᠬᠦᠮ ᠪᠤᠶᠤ ᠭᠤᠴᠢᠨ ᠨᠡᠷᠡᠰ ᠠᠴᠠ | ᠲᠡᠭᠡᠭᠰᠢ ᠲᠦᠯᠦᠭᠡᠯᠡᠭᠴᠢ ᠨᠡᠷ᠎ᠡ ᠬᠤᠯᠪᠤᠵᠤ᠂ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠳᠤ ᠬᠠᠤᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠲᠤᠷᠠᠥᠨᠴᠦ ᠪᠤᠯᠤᠨ᠎ᠠ᠂ ᠲᠡᠷᠢᠬᠦᠯᠡᠭᠴᠢᠥᠨ ᠤᠨ | ᠪᠦᠯᠬᠦᠮ ᠠᠴᠠ ᠬᠤᠷᠠᠯ ᠤᠨ ᠵᠦᠪᠯᠡᠬᠦ ᠵᠦᠢᠯ ᠳᠤ ᠤᠷᠤᠭᠤᠯᠬᠤ ᠡᠰᠡᠬᠦ ᠶᠢ ᠲᠤᠭᠳᠠᠭᠠᠬᠤ ᠪᠤᠶᠤ ᠤᠷᠢᠳᠠᠪᠠᠷ | ᠬᠤᠯᠪᠤᠭᠳᠠᠯ ᠪᠦᠬᠦᠢ ᠲᠤᠰᠬᠠᠢ ᠵᠦᠪᠯᠡᠯ ᠳᠤ ᠲᠤᠰᠢᠶᠠᠵᠤ ᠬᠢᠨᠠᠨ ᠵᠦᠪᠯᠡᠬᠦᠯᠤᠨ᠂ ᠬᠤᠷᠠᠯ ᠤᠨ ᠵᠦᠪᠯᠡᠬᠦ ᠵᠦᠢᠯ ᠳᠤ | ᠤᠷᠤᠭᠤᠯᠬᠤ ᠡᠰᠡᠬᠦ ᠲᠤᠬᠠᠢ ᠰᠠᠨᠠᠯ ᠲᠤᠷᠠᠳᠤᠭᠤᠯᠤᠭᠰᠠᠨ ᠤ ᠲᠠᠷᠠᠭ᠎ᠠ᠂ ᠬᠤᠷᠠᠯ ᠤᠨ ᠵᠦᠪᠯᠡᠬᠦ ᠵᠦᠢᠯ ᠳᠤ | ᠤᠷᠤᠭᠤᠯᠬᠤ ᠡᠰᠡᠬᠦ ᠶᠢ ᠲᠤᠭᠲᠠᠭᠠᠨ᠎ᠠ᠃ | | ᠲᠤᠰᠬᠠᠢ ᠵᠦᠪᠯᠡᠯ ᠨᠢ ᠬᠢᠨᠠᠨ ᠵᠦᠪᠯᠡᠬᠦ ᠳᠡᠭᠡᠨ ᠰᠠᠨᠠᠯ ᠵᠦᠪᠯᠡᠯᠭᠡ ᠲᠤᠷᠠᠳᠤᠭᠰᠠᠨ ᠬᠦᠮᠦᠨ ᠢ ᠤᠷᠢᠵᠤ | ᠬᠤᠷᠠᠯ ᠳᠤ ᠰᠤᠯᠠ ᠤᠷᠤᠯᠴᠠᠭᠤᠯᠤᠨ᠂ ᠰᠠᠨᠠᠯ ᠢ ᠨᠢ ᠶᠠᠷᠢᠭᠤᠯᠵᠤ ᠪᠤᠯᠤᠨ᠎ᠠ᠃ | | ᠠᠷᠪᠠᠨ ᠵᠢᠷᠭᠤᠳᠤᠭᠠᠷ ᠵᠦᠢᠯ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠳᠤ | ᠬᠠᠤᠯᠢ ᠴᠠᠭᠠᠵᠨ ᠶᠢᠨ ᠲᠤᠬᠠᠢ ᠰᠠᠨᠠᠯ ᠵᠦᠪᠯᠡᠯᠭᠡ ᠲᠤᠷᠠᠥᠨᠬᠤ ᠳᠤ᠂ ᠪᠦᠬᠦ ᠤᠯᠤᠰ ᠤᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠤᠨ ᠬᠤᠷᠠᠯ ᠲᠡᠬᠦᠰᠦᠭᠰᠡᠨ ᠬᠤᠭᠤᠴᠠᠭᠠᠨ ᠳᠤ ᠪᠤᠯ ᠤᠷᠢᠳᠠᠪᠠᠷ ᠪᠠᠶᠢᠩᠭᠤ ᠶᠢᠨ | ᠬᠤᠷᠢᠶᠠᠨ ᠳᠤ ᠲᠤᠷᠠᠥᠨᠴᠤ ᠪᠤᠯᠤᠨ᠎ᠠ᠂ ᠪᠠᠶᠢᠩᠭᠤ ᠶᠢᠨ ᠬᠤᠷᠢᠶᠠᠨ ᠤ ᠬᠤᠷᠠᠯ ᠠᠴᠠ ᠲᠤᠰ ᠬᠠᠥᠯᠢ ᠶᠢᠨ ᠬᠤᠶᠠᠳᠤᠭᠠᠷ | ᠪᠦᠯᠦᠭ ᠤᠨ ᠭᠤᠷᠪᠠᠳᠤᠭᠠᠷ ᠭᠡᠰᠡᠭ ᠲᠤ ᠲᠤᠭᠲᠠᠭᠠᠭᠰᠠᠨ ᠬᠤᠯᠪᠤᠭᠳᠠᠯ ᠪᠦᠬᠦᠢ ᠳᠡᠰ ᠳᠠᠷᠠᠭᠠᠯᠠᠯ ᠤᠨ ᠶᠤᠰᠤᠭᠠᠷ | ᠬᠢᠨᠠᠨ ᠵᠦᠪᠯᠡᠭᠰᠡᠨ ᠤ ᠲᠠᠷᠠᠭ᠎ᠠ᠂ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠳᠤ | ᠲᠡᠪᠰᠢᠬᠦᠯᠵᠦ ᠬᠢᠨᠠᠨ ᠵᠦᠪᠯᠡᠬᠦᠯᠬᠦ ᠶᠢ ᠲᠤᠭᠳᠠᠭᠠᠨ᠎ᠠ᠂ ᠪᠠᠶᠢᠩᠭᠤ ᠶᠢᠨ ᠬᠤᠷᠢᠶ᠎ᠠ ᠠᠴᠠ ᠶᠡᠭᠡ ᠬᠤᠷᠠᠯ ᠤᠨ ᠪᠦᠬᠦᠳᠡ | ᠬᠤᠷᠠᠯ ᠳᠤ ᠲᠤᠳᠤᠷᠬᠠᠢᠢᠯᠠᠯᠳᠠ ᠬᠢᠬᠦ ᠪᠤᠶᠤ ᠰᠠᠨᠠᠯ ᠵᠦᠪᠯᠡᠯᠭᠡ ᠲᠤᠷᠠᠳᠤᠭᠰᠠᠨ ᠬᠦᠮᠦᠨ ᠠᠴᠠ ᠶᠡᠭᠡ ᠬᠤᠷᠠᠯ ᠤᠨ | ᠪᠦᠬᠦᠳᠡ ᠬᠤᠷᠠᠯ ᠳᠤ ᠲᠤᠲᠤᠷᠬᠠᠶᠢᠯᠠᠯᠲᠠ ᠬᠢᠨ᠎ᠡ᠃ | | ᠪᠠᠶᠢᠩᠭᠤ ᠶᠢᠨ ᠬᠤᠷᠢᠶ᠎ᠠ ᠨᠢ ᠳᠦᠷᠦᠬᠦᠦ ᠵᠤᠷᠪᠤᠰ ᠤᠨ ᠳᠤᠬᠳᠠᠭᠠᠯ ᠶᠤᠰᠤᠭᠠᠷ ᠬᠠᠤᠯᠢ ᠴᠠᠭᠠᠵᠠ ᠶᠢᠨ | ᠰᠠᠨᠠᠯ ᠳᠤᠷᠠᠳᠤᠯᠭ᠎ᠠ ᠶᠢᠨ ᠳᠤᠬᠠᠢ ᠬᠢᠨᠠᠠ ᠵᠦᠪᠯᠡᠬᠦ ᠳᠡᠭᠡᠨ ᠪᠦᠬᠦ ᠤᠯᠥᠰ ᠤᠨ ᠠᠷᠠᠳ ᠤᠨ ᠳᠦᠯᠥᠭᠡᠯᠡᠭᠴᠢᠳ ᠤᠨ | ᠶᠡᠭᠡ ᠬᠤᠷᠠᠯ ᠤᠨ ᠳᠦᠯᠥᠭᠡᠯᠡᠭᠴᠢᠳ ᠤᠨ ᠰᠠᠨᠠᠯ ᠢ ᠤᠯᠠᠠ ᠵᠦᠢᠯ ᠤᠨ ᠬᠡᠯᠪᠡᠷᠢ ᠪᠠᠷ ᠳᠡᠮᠵᠢᠭᠤᠯᠤᠡ ᠬᠤᠷᠢᠶᠠᠬᠤ ᠶᠢᠨ | ᠳᠠᠭᠠᠤ ᠬᠤᠯᠪᠤᠬᠳᠠᠯ ᠪᠦᠬᠦᠢ ᠪᠠᠶᠢᠳᠠᠯ ᠢ ᠪᠤᠴᠠᠭᠠᠠ ᠳᠤᠰᠬᠠᠬᠤ ᠬᠡᠷᠡᠭᠳᠡᠢ︔ ᠳᠤᠰᠬᠠᠢ ᠵᠦᠪᠯᠡᠯ ᠪᠡ ᠪᠠᠶᠢᠩᠭᠤ ᠶᠢᠨ | ᠬᠤᠷᠢᠶ᠎ᠠ ᠶᠢᠨ ᠠᠵᠢᠯ ᠤᠨ ᠪᠠᠶᠢᠭᠤᠯᠤᠮᠵᠢ ᠨᠢ ᠬᠠᠤᠯᠢ ᠳᠤᠬᠳᠠᠭᠠᠬᠤ ᠳᠤᠬᠠᠢ ᠪᠠᠶᠢᠴᠠᠭᠠᠠ ᠰᠤᠳᠤᠯᠤᠯᠳᠠ ᠬᠢᠬᠦ ᠳᠤ | ᠪᠦᠬᠦ ᠤᠯᠥᠰ ᠤᠨ ᠠᠷᠠᠳ ᠤᠨ ᠳᠦᠯᠥᠭᠡᠯᠡᠭᠴᠢᠳ ᠤᠨ ᠶᠡᠭᠡ ᠬᠤᠷᠠᠯ ᠤᠨ ᠬᠤᠯᠪᠤᠬᠳᠠᠯ ᠪᠦᠬᠦᠢ ᠳᠦᠯᠥᠭᠡᠯᠡᠭᠴᠢ ᠶᠢ | ᠤᠷᠢᠵᠦ ᠤᠷᠦᠯᠴᠠᠭᠤᠯᠵᠦ ᠪᠤᠯᠥᠨ᠎ᠠ᠃ | | ᠠᠷᠪᠡᠡ ᠳᠤᠯᠤᠳᠤᠭᠠᠷ ᠵᠦᠢᠯ ᠪᠠᠶᠢᠩᠭᠤ ᠶᠢᠨ ᠬᠤᠷᠢᠶ᠎ᠡ ᠠᠴᠠ ᠪᠦᠬᠦ ᠤᠯᠤᠰ ᠤᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠤᠨ ᠬᠤᠷᠠᠯ ᠳᠤ ᠲᠡᠪᠰᠢᠬᠦᠯᠵᠦ ᠬᠢᠨᠠᠨ ᠵᠦᠪᠯᠡᠬᠦᠯᠬᠦ ᠪᠠᠷ ᠲᠤᠭᠳᠠᠭᠠᠭᠰᠠᠨ | ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠪᠤᠯ ᠬᠤᠷᠠᠯ ᠡᠭᠢᠯᠡᠬᠦ ᠠᠴᠠ ᠨᠢᠭᠡ ᠰᠠᠷ᠎ᠠ ᠶᠢᠨ ᠡᠮᠦᠨ᠎ᠡ | ᠬᠠᠥᠯᠢ ᠶᠢᠨ ᠲᠦᠰᠦᠯ ᠢᠶᠠᠨ ᠲᠦᠯᠦᠭᠡᠯᠡᠭᠴᠢᠥᠨ ᠲᠤ ᠲᠠᠷᠬᠠᠭᠠᠵᠤ ᠦᠭᠬᠦ ᠭᠡᠷᠡᠭᠳᠡᠢ᠃ | | ᠠᠷᠪᠠᠨ ᠨᠠᠢᠮᠠᠳᠤᠭᠠᠷ ᠵᠦᠢᠯ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠬᠤᠷᠠᠯ ᠤᠨ ᠵᠦᠪᠯᠡᠬᠦ ᠵᠦᠢᠯ ᠳᠤ ᠤᠷᠤᠭᠤᠯᠤᠭᠰᠠᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠪᠤᠯ ᠶᠡᠭᠡ | ᠬᠤᠷᠠᠯ ᠤᠨ ᠪᠦᠬᠦᠳᠡ ᠬᠤᠷᠠᠯ ᠠᠴᠠ ᠰᠠᠨᠠᠯ ᠵᠦᠪᠯᠡᠯᠭᠡ ᠲᠤᠷᠠᠳᠤᠭᠰᠠᠨ ᠬᠦᠮᠦᠨ ᠤ ᠲᠤᠳᠤᠷᠬᠠᠢᠢᠯᠠᠯᠳᠠ ᠶᠢ | ᠰᠤᠨᠤᠰᠤᠭᠰᠠᠨ ᠤ ᠲᠠᠷᠠᠭ᠎ᠠ᠂ ᠡᠯ᠎ᠡ ᠲᠦᠯᠦᠭᠡᠯᠡᠭᠴᠢᠥᠨ ᠤᠨ ᠪᠦᠯᠬᠦᠮ ᠬᠢᠨᠠᠨ ᠵᠦᠪᠯᠡᠨ᠎ᠠ᠃ | | | ᠡᠯ᠎ᠡ ᠲᠦᠯᠦᠭᠡᠯᠡᠭᠴᠢᠥᠨ ᠤᠨ ᠪᠦᠯᠬᠦᠮ ᠬᠠᠥᠯᠢ ᠴᠠᠭᠠᠵᠨ ᠶᠢᠨ ᠲᠤᠬᠠᠢ ᠰᠠᠨᠠᠯ ᠵᠦᠪᠯᠡᠯᠭᠡ ᠶᠢ ᠬᠢᠨᠠᠨ | ᠵᠦᠪᠯᠡᠬᠦ ᠦᠶ᠎ᠡ ᠳᠤ᠂ ᠰᠠᠨᠠᠯ ᠵᠦᠪᠯᠡᠯᠭᠡ ᠲᠤᠷᠠᠳᠤᠭᠰᠠᠨ ᠬᠦᠮᠦᠨ ᠨᠢ ᠬᠦᠮᠦᠨ ᠲᠤᠮᠢᠯᠠᠨ ᠰᠠᠨᠠᠯ ᠰᠤᠨᠤᠰᠤᠭᠤᠯᠵᠤ᠂ | ᠯᠠᠪᠯᠠᠭᠰᠠᠨ ᠠᠰᠠᠭᠤᠯᠳᠠ ᠶᠢ ᠨᠢ ᠬᠠᠷᠢᠭᠤᠯᠬᠤ ᠭᠡᠷᠡᠭᠳᠡᠢ᠃ | | ᠡᠯ᠎ᠡ ᠲᠦᠯᠦᠭᠡᠯᠡᠭᠴᠢᠥᠨ ᠤᠨ ᠪᠦᠯᠬᠦᠮ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠢᠨᠠᠨ | ᠵᠦᠪᠯᠡᠬᠦ ᠦᠶ᠎ᠡ ᠳᠤ᠂ ᠲᠦᠯᠦᠭᠡᠯᠡᠭᠴᠢᠥᠨ ᠤᠨ ᠪᠦᠯᠬᠦᠮ ᠤᠨ ᠱᠠᠭᠠᠷᠳᠠᠯᠭ᠎ᠠ ᠶᠢ ᠦᠨᠳᠦᠰᠦᠯᠡᠵᠦ᠂ ᠬᠤᠯᠪᠤᠭᠳᠠᠯ | ᠪᠦᠬᠦᠢ ᠪᠠᠶᠢᠭᠤᠯᠤᠯᠭ᠎ᠠ᠂ ᠵᠤᠬᠢᠶᠠᠨ ᠪᠠᠶᠢᠭᠤᠯᠤᠯᠳᠠ ᠨᠢ ᠬᠦᠮᠦᠨ ᠲᠤᠮᠢᠯᠠᠨ ᠪᠠᠶᠢᠳᠠᠯ ᠢᠶᠠᠨ ᠲᠠᠨᠢᠯᠴᠠᠭᠤᠯᠬᠤ ᠭᠡᠷᠡᠭᠳᠡᠢ᠃ | | | ᠠᠷᠪᠠ ᠶᠢᠰᠦᠳᠦᠬᠡᠷ ᠵᠦᠢᠯ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠬᠤᠷᠠᠯ ᠤᠨ ᠵᠦᠪᠯᠡᠬᠦ ᠵᠦᠢᠯ ᠳᠤ ᠤᠷᠤᠭᠤᠯᠤᠭᠰᠠᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ | ᠬᠤᠯᠪᠤᠭᠳᠠᠯ ᠪᠦᠬᠦᠢ ᠲᠤᠰᠬᠠᠢ ᠵᠦᠪᠯᠡᠯ ᠠᠴᠠ ᠬᠢᠨᠠᠨ ᠵᠦᠪᠯᠡᠵᠦ᠂ ᠲᠡᠷᠢᠬᠦᠯᠡᠭᠴᠢᠥᠨ ᠤᠨ ᠪᠦᠯᠬᠦᠮ ᠳᠤ ᠬᠢᠨᠠᠨ | ᠵᠦᠪᠯᠡᠭᠰᠡᠨ ᠰᠠᠨᠠᠯ ᠢᠶᠠᠨ ᠲᠤᠷᠠᠥᠨᠬᠤ ᠶᠢᠨ ᠬᠠᠮᠳᠤ ᠬᠤᠷᠠᠯ ᠳᠤ ᠲᠠᠷᠤᠮᠠᠯᠯᠠᠨ ᠲᠠᠷᠬᠠᠭᠠᠨ᠎ᠠ᠃ | | ᠬᠤᠷᠢᠳᠤᠭᠠᠷ ᠵᠦᠢᠯ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠬᠤᠷᠠᠯ ᠤᠨ ᠵᠦᠪᠯᠡᠬᠦ ᠵᠦᠢᠯ ᠳᠤ ᠤᠷᠤᠭᠤᠯᠤᠭᠰᠠᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠠᠥᠯᠢ | ᠴᠠᠭᠠᠵᠠ ᠶᠢᠨ ᠵᠦᠪᠯᠡᠯ ᠠᠴᠠ ᠡᠯ᠎ᠡ ᠲᠦᠯᠦᠭᠡᠯᠡᠭᠴᠢᠥᠨ ᠤᠨ ᠪᠦᠯᠬᠦᠮ ᠪᠤᠯᠤᠨ ᠬᠤᠯᠪᠤᠭᠳᠠᠯ ᠪᠦᠬᠦᠢ ᠲᠤᠰᠬᠠᠢ | ᠵᠦᠪᠯᠡᠯ ᠤᠨ ᠬᠢᠨᠠᠨ ᠵᠦᠪᠯᠡᠭᠰᠠᠨ ᠰᠠᠨᠠᠯ ᠢ ᠦᠨᠳᠦᠰᠦᠯᠡᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ | ᠨᠢᠭᠡᠳᠦᠯᠳᠡᠢ ᠬᠢᠨᠠᠨ ᠵᠦᠪᠯᠡᠵᠦ᠂ ᠲᠡᠷᠢᠬᠦᠯᠡᠭᠴᠢᠥᠨ ᠤᠨ ᠪᠦᠯᠬᠦᠮ ᠳᠤ ᠬᠢᠨᠠᠨ ᠵᠦᠪᠯᠡᠭᠰᠠᠨ ᠦᠷ᠎ᠡ ᠳ᠋ᠦᠩ ᠤᠨ ᠲᠤᠬᠠᠢ | ᠮᠡᠳᠡᠬᠦᠯᠦᠯᠳᠡ ᠪᠠ ᠬᠠᠤᠯᠢ ᠴᠠᠭᠠᠵᠠ ᠶᠢᠨ ᠳᠦᠰᠦᠯ ᠤᠨ ᠵᠠᠰᠠᠪᠦᠷᠢ ᠤᠷᠤᠭᠤᠯᠤᠬᠰᠠᠨ ᠨᠤᠤᠷᠠᠭ ᠢ ᠳᠡᠪᠰᠢᠬᠦᠯᠵᠦ᠂ | ᠠᠳᠠᠯᠢ ᠪᠤᠰᠤ ᠶᠢᠨ ᠴᠢᠬᠤᠯᠠ ᠰᠠᠨᠠᠯ ᠢ ᠬᠢᠨᠠᠨ ᠵᠦᠪᠯᠡᠭᠰᠡᠨ ᠦᠷ᠎ᠠ ᠳ᠋ᠦᠩ ᠤᠨ ᠮᠡᠳᠡᠬᠦᠯᠦᠯᠳᠠ ᠳᠡᠭᠡᠨ | ᠲᠤᠳᠤᠷᠬᠠᠢᠢᠯᠠᠯᠳᠠ ᠬᠢᠵᠦ᠂ ᠲᠡᠷᠢᠬᠦᠯᠡᠭᠴᠢᠥᠨ ᠤᠨ ᠪᠦᠯᠬᠦᠮ ᠤᠨ ᠬᠤᠷᠠᠯ ᠢᠶᠠᠷ ᠬᠢᠨᠠᠨ ᠵᠦᠪᠯᠡᠬᠦᠯᠵᠤ | ᠪᠠᠳᠤᠯᠠᠭᠤᠯᠤᠭᠰᠠᠨ ᠤ ᠲᠠᠷᠠᠭ᠎ᠠ᠂ ᠬᠤᠷᠠᠯ ᠳᠤ ᠲᠠᠷᠤᠮᠠᠯᠯᠠᠨ ᠲᠠᠷᠬᠠᠭᠠᠨ᠎ᠠ᠃ | | ᠬᠤᠷᠢᠨ ᠨᠢᠭᠡᠳᠦᠭᠡᠷ ᠵᠦᠢᠯ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠬᠤᠷᠠᠯ ᠤᠨ ᠵᠦᠪᠯᠡᠬᠦ ᠵᠦᠢᠯ ᠳᠤ ᠤᠷᠤᠭᠤᠯᠤᠭᠰᠠᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ | ᠴᠢᠬᠤᠯᠨ ᠲᠠᠢ ᠦᠶ᠎ᠡ ᠲᠤ ᠲᠡᠷᠢᠬᠦᠯᠡᠭᠴᠢᠥᠨ ᠤᠨ ᠪᠦᠯᠬᠦᠮ ᠤᠨ ᠪᠠᠶᠢᠩᠭᠤ ᠶᠢᠨ ᠲᠡᠷᠢᠬᠦᠯᠡᠭᠴᠢ ᠠᠴᠠ ᠡᠯ᠎ᠡ | ᠲᠦᠯᠦᠭᠡᠯᠡᠭᠴᠢᠥᠨ ᠤᠨ ᠪᠦᠯᠬᠦᠮ ᠤᠨ ᠲᠠᠷᠤᠭ᠎ᠠ ᠨᠠᠷ ᠤᠨ ᠬᠤᠷᠠᠯ ᠢ ᠬᠤᠷᠠᠯᠳᠤᠭᠤᠯᠵᠤ᠂ ᠬᠠᠥᠯᠢ ᠴᠠᠭᠠᠵᠠ ᠶᠢᠨ | ᠲᠤᠬᠠᠢ ᠰᠠᠨᠠᠯ ᠵᠦᠪᠯᠡᠯᠭᠡ ᠶᠢᠨ ᠲᠤᠳᠤᠷᠠᠬᠢ ᠴᠢᠬᠤᠯᠨ ᠶᠡᠭᠡ ᠠᠰᠠᠭᠤᠳᠠᠯ ᠤᠳ ᠤᠨ ᠲᠤᠬᠠᠢ ᠡᠯ᠎ᠡ | ᠲᠦᠯᠦᠭᠡᠯᠡᠭᠴᠢᠥᠨ ᠤᠨ ᠪᠦᠯᠬᠦᠮ ᠤᠨ ᠬᠢᠨᠠᠨ ᠵᠦᠪᠯᠡᠭᠰᠡᠨ ᠰᠠᠨᠠᠯ ᠢ ᠰᠤᠨᠤᠰᠴᠤ᠂ ᠶᠠᠷᠢᠯᠴᠠᠬᠤ ᠶᠢᠨ ᠬᠠᠮᠳᠤ | ᠶᠠᠷᠢᠯᠴᠠᠭᠰᠠᠨ ᠪᠠᠶᠢᠳᠠᠯ ᠪᠤᠯᠤᠨ ᠰᠠᠨᠠᠯ ᠢᠶᠠᠨ ᠲᠡᠷᠢᠬᠦᠯᠡᠭᠴᠢᠥᠨ ᠤᠨ ᠪᠦᠯᠬᠦᠮ ᠳᠤ ᠮᠡᠳᠡᠬᠦᠯᠵᠦ ᠪᠤᠯᠤᠨ᠎ᠠ᠃ | | ᠲᠡᠷᠢᠬᠦᠯᠡᠭᠴᠢᠥᠨ ᠤᠨ ᠪᠦᠯᠬᠦᠮ ᠤᠨ ᠪᠠᠶᠢᠩᠭᠤ ᠶᠢᠨ ᠲᠡᠷᠢᠬᠦᠯᠡᠭᠴᠢ ᠪᠠᠰᠠ ᠲᠦᠯᠦᠭᠡᠯᠡᠭᠴᠢᠥᠨ ᠤᠨ | ᠪᠦᠯᠬᠦᠮ ᠤᠨ ᠰᠤᠩᠭᠤᠨ ᠭᠠᠷᠭᠠᠭᠰᠠᠨ ᠬᠠᠮᠢᠶ᠎ᠠ ᠪᠦᠬᠦᠢ ᠲᠦᠯᠦᠭᠡᠯᠡᠭᠴᠢᠥᠨ ᠢ ᠴᠤᠭᠯᠠᠭᠤᠯᠤᠨ᠂ ᠬᠠᠥᠯᠢ | ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢᠨ ᠲᠤᠳᠤᠷᠠᠬᠢ ᠴᠢᠬᠤᠯᠨ ᠶᠡᠭᠡ ᠲᠤᠰᠬᠠᠢ ᠴᠢᠨᠠᠷᠳᠠᠢ | ᠠᠰᠠᠭᠤᠳᠠᠯ ᠤᠳ ᠤᠨ ᠲᠤᠬᠠᠢ ᠶᠠᠷᠢᠯᠴᠠᠬᠤ ᠶᠢᠨ ᠬᠠᠮᠳᠤ ᠶᠠᠷᠢᠯᠴᠠᠭᠰᠠᠨ ᠪᠠᠶᠢᠳᠠᠯ ᠪᠤᠯᠤᠨ ᠰᠠᠨᠠᠯ ᠢᠶᠠᠨ | ᠲᠡᠷᠢᠬᠦᠯᠡᠭᠴᠢᠥᠨ ᠤᠨ ᠪᠦᠯᠬᠦᠮ ᠳᠤ ᠮᠡᠳᠡᠬᠦᠯᠵᠦ ᠪᠤᠯᠤᠨ᠎ᠠ᠃ | | ᠬᠤᠷᠢᠨ ᠬᠤᠶᠠᠳᠤᠭᠠᠷ ᠵᠦᠢᠯ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠬᠤᠷᠠᠯ ᠤᠨ ᠵᠦᠪᠯᠡᠬᠦ ᠵᠦᠢᠯ ᠳᠤ ᠤᠷᠤᠭᠤᠯᠤᠭᠰᠠᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠲᠤᠰᠢᠶᠠᠨ | ᠦᠭᠴᠦ ᠪᠠᠳᠤᠯᠠᠭᠤᠯᠬᠤ ᠠᠴᠠ ᠡᠮᠦᠨ᠎ᠠ᠂ ᠰᠠᠨᠠᠯ ᠵᠦᠪᠯᠡᠯᠭᠡ ᠲᠤᠷᠠᠳᠤᠭᠰᠠᠨ ᠬᠦᠮᠦᠨ ᠨᠢ ᠪᠤᠴᠠᠭᠠᠵᠤ ᠠᠪᠬᠤ ᠪᠠᠷ | ᠱᠠᠭᠠᠷᠳᠠᠭᠰᠠᠨ ᠪᠠᠶᠢᠪᠠᠯ ᠤᠴᠢᠷ ᠰᠢᠯᠳᠠᠭᠠᠨ ᠢᠶᠠᠨ ᠲᠤᠳᠤᠷᠬᠠᠢᠢᠯᠠᠵᠤ᠂ ᠲᠡᠷᠢᠬᠦᠯᠡᠭᠴᠢᠥᠨ ᠤᠨ ᠪᠦᠯᠬᠦᠮ ᠢᠶᠠᠷ | ᠵᠦᠪᠰᠢᠶᠡᠷᠡᠬᠦᠯᠵᠦ᠂ ᠶᠡᠭᠡ ᠬᠤᠷᠠᠯ ᠳᠤ ᠮᠡᠳᠡᠭᠦᠯᠦᠭᠡᠥᠨ᠂ ᠲᠤᠰ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ | ᠬᠢᠨᠠᠨ ᠵᠦᠪᠯᠡᠬᠦ ᠶᠢ ᠲᠠᠷᠤᠢ ᠳᠤᠨᠢ ᠵᠤᠭᠰᠤᠭᠠᠨ᠎ᠠ᠃ | | ᠬᠤᠷᠢᠨ ᠭᠤᠷᠪᠠᠳᠤᠭᠠᠷ ᠵᠦᠢᠯ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠢᠨᠠᠨ ᠵᠦᠪᠯᠡᠬᠦ | ᠶᠠᠪᠤᠴᠠ ᠳᠤ ᠴᠢᠬᠤᠯᠨ ᠶᠡᠭᠡ ᠠᠰᠠᠭᠤᠳᠠᠯ ᠲᠤᠬᠢᠶᠠᠯᠳᠤᠵᠤ ᠴᠢᠨᠠᠬᠰᠢᠳᠠ ᠰᠤᠳᠤᠯᠬᠤ ᠴᠢᠬᠤᠯᠠᠳᠠᠢ ᠪᠠᠶᠢᠪᠠᠯ᠂ | ᠲᠡᠷᠢᠬᠦᠯᠡᠭᠴᠢᠥᠨ ᠤᠨ ᠪᠦᠯᠬᠦᠮ ᠠᠴᠠ ᠲᠤᠷᠠᠳᠤᠨ ᠭᠠᠷᠭᠠᠵᠤ᠂ ᠶᠡᠭᠡ ᠬᠤᠷᠠᠯ ᠤᠨ ᠪᠦᠬᠦᠳᠡ ᠬᠤᠷᠠᠯ ᠢᠶᠠᠷ | ᠲᠤᠭᠳᠠᠭᠠᠯᠭᠠᠭᠠᠥᠨ᠂ ᠪᠠᠶᠢᠩᠭᠤ ᠶᠢᠨ ᠬᠤᠷᠢᠶ᠎ᠠ ᠲᠤ ᠡᠷᠭᠡ ᠤᠯᠭᠤᠵᠤ ᠲᠦᠯᠦᠭᠡᠯᠡᠭᠴᠢᠥᠨ ᠤᠨ ᠰᠠᠨᠠᠯ ᠢ | ᠦᠨᠳᠦᠰᠦᠯᠡᠨ ᠴᠢᠨᠠᠬᠰᠢᠳᠠ ᠬᠢᠨᠠᠨ ᠵᠦᠪᠯᠡᠬᠦᠯᠵᠤ ᠲᠤᠭᠳᠠᠭᠠᠯ ᠭᠠᠷᠭᠠᠭᠤᠯᠬᠤ ᠶᠢᠨ ᠬᠠᠮᠳᠤ ᠲᠤᠭᠳᠠᠭᠠᠯ ᠭᠠᠷᠭᠠᠭᠰᠠᠨ | ᠪᠠᠶᠢᠳᠠᠯ ᠢ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠲᠠᠷᠠᠭ᠎ᠠ ᠤᠳᠠᠭᠠᠨ ᠤ | ᠬᠤᠷᠠᠯ ᠳᠤ ᠮᠡᠳᠡᠬᠦᠯᠤᠨ᠎ᠠ︔ ᠪᠠᠰᠠ ᠪᠠᠶᠢᠩᠭᠤ ᠶᠢᠨ ᠬᠤᠷᠢᠶᠠᠨ ᠳᠤ ᠡᠷᠭᠡ ᠤᠯᠭᠤᠵᠤ ᠲᠦᠯᠦᠭᠡᠯᠡᠭᠴᠢᠥᠨ ᠤᠨ ᠶᠡᠭᠡ | ᠬᠤᠷᠠᠯ ᠤᠨ ᠰᠠᠨᠠᠯ ᠢ ᠦᠨᠳᠦᠰᠦᠯᠡᠨ ᠴᠢᠨᠠᠬᠰᠢᠳᠠ ᠬᠢᠨᠠᠨ ᠶᠠᠷᠢᠯᠴᠠᠭᠤᠯᠤᠭᠠᠥᠨ ᠵᠠᠰᠠᠪᠤᠷᠢ ᠤᠷᠤᠭᠤᠯᠬᠤ ᠲᠦᠰᠦᠪ | ᠲᠤᠷᠠᠳᠤᠭᠤᠯᠵᠤ᠂ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠲᠠᠷᠠᠭ᠎ᠠ ᠤᠳᠠᠭᠠᠨ ᠤ | ᠬᠤᠷᠠᠯ ᠳᠤ ᠲᠡᠪᠰᠢᠬᠦᠯᠵᠦ ᠬᠢᠨᠠᠨ ᠵᠦᠪᠯᠡᠬᠦᠯᠤᠨ ᠲᠤᠭᠳᠠᠭᠠᠯᠭᠠᠵᠤ ᠪᠤᠯᠤᠨ᠎ᠠ᠃ | | ᠬᠤᠷᠢᠨ ᠲᠦᠷᠪᠡᠳᠦᠭᠡᠷ ᠵᠦᠢᠯ ᠬᠠᠥᠯᠢ ᠶᠢᠨ ᠲᠦᠰᠦᠯ ᠳᠤ ᠵᠠᠰᠠᠪᠤᠷᠢ ᠤᠷᠤᠭᠤᠯᠬᠤ ᠨᠤᠤᠷᠠᠭ ᠢ ᠡᠯ᠎ᠡ | ᠲᠦᠯᠦᠭᠡᠯᠡᠭᠴᠢᠥᠨ ᠤᠨ ᠪᠦᠯᠬᠦᠮ ᠢᠶᠠᠷ ᠬᠢᠨᠠᠨ ᠵᠦᠪᠯᠡᠬᠦᠯᠦᠭᠰᠠᠨ ᠤ ᠲᠠᠷᠠᠭ᠎ᠠ᠂ ᠬᠠᠥᠯᠢ ᠴᠠᠭᠠᠵᠠ ᠶᠢᠨ ᠵᠦᠪᠯᠡᠯ ᠠᠴᠠ | ᠡᠯ᠎ᠡ ᠲᠦᠯᠦᠭᠡᠯᠡᠭᠴᠢᠥᠨ ᠤᠨ ᠪᠦᠯᠬᠦᠮ ᠤᠨ ᠬᠢᠨᠠᠨ ᠵᠦᠪᠯᠡᠭᠰᠠᠨ ᠰᠠᠨᠠᠯ ᠢ ᠦᠨᠳᠦᠰᠦᠯᠡᠵᠦ ᠵᠠᠰᠠᠪᠤᠷᠢ ᠤᠷᠤᠭᠤᠯᠤᠭᠠᠥᠨ | ᠬᠠᠥᠯᠢ ᠴᠠᠭᠠᠵᠠ ᠶᠢᠨ ᠲᠦᠰᠤᠯ ᠢ ᠪᠠᠳᠤᠯᠠᠭᠤᠯᠬᠤ ᠨᠤᠤᠷᠠᠭ ᠢ ᠲᠤᠷᠠᠳᠤᠨ ᠭᠠᠷᠭᠠᠵᠦ᠂ ᠲᠡᠷᠢᠬᠦᠯᠡᠭᠴᠢᠥᠨ ᠤᠨ | ᠪᠦᠯᠬᠦᠮ ᠠᠴᠠ ᠶᠡᠭᠡ ᠬᠤᠷᠠᠯ ᠤᠨ ᠪᠦᠬᠦᠳᠡ ᠬᠤᠷᠠᠯ ᠳᠤ ᠲᠡᠪᠰᠢᠬᠦᠯᠦᠨ ᠪᠠᠳᠤᠯᠠᠭᠤᠯᠵᠤ᠂ ᠪᠦᠬᠦ | ᠲᠦᠯᠦᠭᠡᠯᠡᠭᠴᠢᠥᠨ ᠤᠨ ᠬᠠᠭᠠᠰ ᠠᠴᠠ ᠲᠡᠭᠡᠭᠰᠢᠬᠢ ᠲᠤᠭᠠᠨ ᠤ ᠬᠦᠮᠦᠰ ᠢᠶᠠᠷ ᠪᠠᠳᠤᠯᠠᠭᠤᠯᠤᠭᠰᠠᠨ ᠪᠠᠶᠢᠬᠤ ᠭᠡᠷᠡᠭᠳᠡᠢ᠃ | | | ᠬᠤᠷᠢᠨ ᠲᠠᠪᠤᠳᠤᠭᠠᠷ ᠵᠦᠢᠯ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠠᠴᠠ | ᠪᠠᠳᠤᠯᠠᠭᠰᠠᠨ ᠬᠠᠥᠯᠢ ᠶᠢ ᠤᠯᠤᠰ ᠤᠨ ᠲᠡᠷᠢᠬᠦᠯᠡᠭᠴᠢ ᠭᠠᠷ ᠤᠨ ᠦᠰᠦᠭ ᠵᠢᠷᠤᠵᠤ ᠲᠡᠷᠢᠬᠦᠯᠡᠭᠴᠢ ᠶᠢᠨ ᠵᠠᠷᠯᠢᠭ ᠢᠶᠠᠷ | ᠨᠡᠶᠢᠳᠡᠯᠡᠨ᠎ᠡ᠃ | | ᠭᠤᠷᠪᠠᠳᠤᠭᠠᠷ ᠭᠡᠰᠡᠭ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶᠠᠨ ᠤ ᠬᠠᠥᠯᠢ ᠲᠤᠭᠳᠠᠭᠠᠬᠤ ᠲᠠᠰ ᠲᠠᠷᠠᠭᠠᠯᠠᠯ | | ᠬᠤᠷᠢᠨ ᠵᠢᠷᠭᠤᠳᠤᠭᠠᠷ ᠵᠦᠢᠯ ᠬᠤᠷᠢᠶᠠᠨ ᠲᠠᠷᠤᠭ᠎ᠠ ᠨᠠᠷ ᠤᠨ ᠬᠤᠷᠠᠯ ᠠᠴᠠ ᠪᠠᠶᠢᠩᠭᠤ ᠶᠢᠨ ᠬᠤᠷᠢᠶ᠎ᠠ ᠳᠤ | ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠲᠤᠷᠠᠥᠨᠴᠦ ᠪᠤᠯᠬᠤ ᠪᠦᠭᠡᠥᠨ ᠪᠠᠶᠢᠩᠭᠤ ᠶᠢᠨ ᠬᠤᠷᠢᠶᠠᠨ ᠤ | ᠬᠤᠷᠠᠯ ᠢᠶᠠᠷ ᠬᠢᠨᠠᠨ ᠵᠦᠪᠯᠡᠨ᠎ᠠ᠃ | | ᠲᠦᠷᠦ ᠶᠢᠨ ᠶᠠᠪᠤᠳᠠᠯ ᠤᠨ ᠬᠤᠷᠢᠶ᠎ᠠ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶ᠎ᠠ᠂ ᠠᠷᠠᠥᠨ ᠤᠨ | ᠲᠡᠭᠡᠳᠦ ᠰᠢᠬᠦᠬᠦ ᠬᠤᠷᠢᠶ᠎ᠠ᠂ ᠠᠷᠠᠥᠨ ᠤᠨ ᠲᠡᠭᠡᠳᠦ ᠪᠠᠶᠢᠴᠠᠭᠠᠬᠤ ᠬᠤᠷᠢᠶ᠎ᠠ᠂ ᠪᠦᠬᠦ ᠤᠯᠤᠰ ᠤᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠤᠨ ᠡᠯ᠎ᠠ ᠲᠤᠰᠬᠠᠢ ᠵᠦᠪᠯᠡᠯ ᠠᠴᠠ ᠪᠠᠶᠢᠩᠭᠤ ᠶᠢᠨ ᠬᠤᠷᠢᠶ᠎ᠠ ᠳᠤ ᠬᠠᠥᠯᠢ | ᠴᠠᠭᠠᠵᠠ ᠶᠢᠨ ᠲᠤᠬᠠᠢ ᠰᠠᠨᠠᠯ ᠵᠦᠪᠯᠡᠯᠭᠡ ᠲᠤᠷᠠᠥᠨᠴᠦ ᠪᠤᠯᠤᠨ᠎ᠠ᠂ ᠬᠤᠷᠢᠶᠠᠨ ᠲᠠᠷᠤᠭ᠎ᠠ ᠨᠠᠷ ᠤᠨ ᠬᠤᠷᠠᠯ ᠠᠴᠠ | ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ ᠤᠷᠤᠭᠤᠯᠬᠤ ᠶᠢ ᠲᠤᠭᠳᠠᠭᠠᠬᠤ ᠪᠤᠶᠤ ᠤᠷᠢᠳᠠᠪᠠᠷ | ᠬᠤᠯᠪᠤᠭᠳᠠᠯ ᠪᠦᠬᠦᠢ ᠲᠤᠰᠬᠠᠢ ᠵᠦᠪᠯᠡᠯ ᠳᠤ ᠲᠤᠰᠢᠶᠠᠵᠤ ᠬᠢᠨᠠᠨ ᠵᠦᠪᠯᠡᠬᠦᠯᠤᠨ ᠮᠡᠳᠡᠬᠦᠯᠦᠯᠳᠡ ᠲᠤᠷᠠᠳᠤᠭᠤᠯᠵᠤ᠂ | ᠲᠠᠬᠢᠨ ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ ᠤᠷᠤᠭᠤᠯᠬᠤ ᠶᠢ ᠲᠤᠭᠳᠠᠭᠠᠨ᠎ᠠ᠃ ᠬᠤᠷᠢᠶᠠᠨ | ᠲᠠᠷᠤᠭ᠎ᠠ ᠨᠠᠷ ᠤᠨ ᠬᠤᠷᠠᠯ ᠠᠴᠠ ᠭᠡᠷᠪᠡ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠳᠤ ᠴᠢᠬᠤᠯᠨ ᠶᠡᠭᠡ | ᠠᠰᠠᠭᠤᠳᠠᠯ ᠲᠠᠢ ᠪᠠᠶᠢᠵᠤ ᠴᠢᠨᠠᠭᠰᠢᠳᠠ ᠰᠤᠳᠤᠯᠬᠤ ᠴᠢᠬᠤᠯᠠᠳᠠᠢ ᠬᠡᠵᠦ ᠦᠵᠡᠪᠡᠯ᠂ ᠬᠦᠢᠴᠡᠥᠨ ᠰᠠᠶᠢᠨ ᠵᠠᠰᠠᠭᠰᠠᠨ ᠤ | ᠲᠠᠷᠠᠭ᠎ᠠ ᠲᠠᠬᠢᠵᠤ ᠪᠠᠶᠢᠩᠭᠤ ᠶᠢᠨ ᠬᠤᠷᠢᠶ᠎ᠠ ᠳᠤ ᠲᠤᠷᠠᠥᠨᠬᠤ ᠶᠢ ᠰᠠᠨᠠᠯ ᠵᠦᠪᠯᠡᠯᠭᠡ ᠲᠤᠷᠠᠳᠤᠭᠰᠠᠨ ᠬᠦᠮᠦᠨ ᠳᠤ | ᠰᠠᠨᠠᠭᠤᠯᠵᠤ ᠪᠤᠯᠤᠨ᠎ᠠ᠃ | | ᠬᠤᠷᠢᠨ ᠳᠤᠯᠤᠳᠤᠭᠠᠷ ᠵᠦᠢᠯ ᠪᠠᠶᠢᠩᠭᠤ ᠶᠢᠨ ᠬᠤᠷᠢᠶᠠᠨ ᠤ ᠪᠦᠷᠢᠯᠳᠦᠬᠦᠨ ᠨᠠᠷ ᠠᠷᠪᠠ ᠠᠴᠠ ᠲᠡᠭᠡᠭᠰᠢ | ᠬᠦᠮᠦᠨ ᠨᠡᠷ᠎ᠡ ᠬᠤᠯᠪᠤᠵᠤ᠂ ᠪᠠᠶᠢᠩᠭᠤ ᠶᠢᠨ ᠬᠤᠷᠢᠶ᠎ᠠ ᠳᠤ ᠬᠠᠥᠯᠢ ᠴᠠᠭᠠᠵᠨ ᠶᠢᠨ ᠲᠤᠬᠠᠢ ᠰᠠᠨᠠᠯ ᠵᠦᠪᠯᠡᠯᠭᠡ | ᠲᠤᠷᠠᠥᠨᠴᠤ ᠪᠤᠯᠤᠨ᠎ᠠ᠂ ᠬᠤᠷᠢᠶᠠᠨ ᠲᠠᠷᠤᠭ᠎ᠠ ᠨᠠᠷ ᠤᠨ ᠬᠤᠷᠠᠯ ᠠᠴᠠ ᠪᠠᠶᠢᠩᠭᠤ ᠶᠢᠨ ᠬᠤᠷᠢᠶᠠᠨ ᠤ ᠵᠦᠪᠯᠡᠬᠦ | ᠵᠦᠢᠯ ᠳᠤ ᠤᠷᠤᠭᠤᠯᠬᠤ ᠡᠰᠡᠬᠦ ᠶᠢ ᠲᠤᠭᠳᠠᠭᠠᠬᠤ ᠪᠤᠶᠤ ᠤᠷᠢᠳᠠᠪᠠᠷ ᠬᠤᠯᠪᠤᠭᠳᠠᠯ ᠪᠦᠬᠦᠢ ᠲᠤᠰᠬᠠᠢ ᠵᠦᠪᠯᠡᠯ ᠳᠤ | ᠲᠤᠰᠢᠶᠠᠵᠤ ᠬᠢᠨᠠᠨ ᠵᠦᠪᠯᠡᠬᠦᠯᠤᠨ᠂ ᠬᠤᠷᠠᠯ ᠤᠨ ᠵᠦᠪᠯᠡᠬᠦ ᠵᠦᠢᠯ ᠳᠤ ᠤᠷᠤᠭᠤᠯᠬᠤ ᠡᠰᠡᠬᠦ ᠲᠤᠬᠠᠢ ᠰᠠᠨᠠᠯ | ᠲᠤᠷᠠᠳᠤᠭᠤᠯᠤᠭᠰᠠᠨ ᠤ ᠲᠠᠷᠠᠭ᠎ᠠ᠂ ᠲᠠᠬᠢᠨ ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ | ᠤᠷᠤᠭᠤᠯᠬᠤ ᠡᠰᠡᠬᠦ ᠶᠢ ᠲᠤᠭᠳᠠᠭᠠᠨ᠎ᠠ᠃ ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ | ᠤᠷᠤᠭᠤᠯᠬᠤ ᠦᠭᠡᠢ ᠪᠤᠯ ᠪᠠᠶᠢᠩᠭᠤ ᠶᠢᠨ ᠬᠤᠷᠢᠶᠠᠨ ᠤ ᠬᠤᠷᠠᠯ ᠳᠤ ᠮᠡᠳᠡᠬᠦᠯᠬᠦ ᠪᠤᠶᠤ ᠰᠠᠨᠠᠯ ᠵᠦᠪᠯᠡᠯᠭᠡ | ᠲᠤᠷᠠᠳᠤᠭᠰᠠᠨ ᠬᠦᠮᠦᠨ ᠳᠤ ᠲᠤᠳᠤᠷᠬᠠᠢᠢᠯᠠᠯᠳᠠ ᠬᠢᠬᠦ ᠭᠡᠷᠡᠭᠳᠡᠢ᠃ | | ᠲᠤᠰᠬᠠᠢ ᠵᠦᠪᠯᠡᠯ ᠬᠢᠨᠠᠨ ᠵᠦᠪᠯᠡᠬᠦ ᠦᠶ᠎ᠡ ᠳᠤ᠂ ᠰᠠᠨᠠᠯ ᠵᠦᠪᠯᠡᠯᠭᠡ ᠲᠤᠷᠠᠳᠤᠭᠰᠠᠨ ᠬᠦᠮᠦᠨ ᠢ ᠤᠷᠢᠵᠤ | ᠬᠤᠷᠠᠯ ᠳᠤ ᠰᠤᠯᠨ ᠤᠷᠤᠯᠴᠠᠭᠤᠯᠤᠨ᠂ ᠰᠠᠨᠠᠯ ᠢ ᠨᠢ ᠶᠠᠷᠢᠭᠤᠯᠵᠤ ᠪᠤᠯᠤᠨ᠎ᠠ᠃ | | ᠬᠤᠷᠢᠨ ᠨᠠᠢᠮᠠᠳᠤᠭᠠᠷ ᠵᠦᠢᠯ ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ | ᠤᠷᠤᠭᠤᠯᠤᠭᠰᠠᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠤᠨᠴᠠᠭᠠᠢ ᠪᠠᠶᠢᠳᠠᠯ ᠠᠴᠠ ᠭᠠᠳᠠᠨ᠎ᠠ᠂ ᠬᠤᠷᠠᠯ | ᠡᠭᠢᠯᠡᠬᠦ ᠠᠴᠠ ᠲᠤᠯᠤᠭᠠᠨ ᠡᠳᠦᠷ ᠤᠨ ᠡᠮᠦᠨ᠎ᠡ ᠬᠠᠥᠯᠢ ᠶᠢᠨ ᠲᠦᠰᠦᠯ ᠢ ᠪᠠᠶᠢᠩᠭᠤ ᠶᠢᠨ ᠬᠤᠷᠢᠶᠠᠨ ᠤ ᠪᠦᠷᠢᠯᠳᠦᠬᠦᠨ | ᠨᠠᠷ ᠲᠤ ᠲᠠᠷᠬᠠᠭᠠᠵᠤ ᠦᠭᠬᠦ ᠭᠡᠷᠡᠭᠳᠡᠢ᠃ | | ᠪᠠᠶᠢᠩᠭᠤ ᠶᠢᠨ ᠬᠤᠷᠢᠶᠠᠨ ᠤ ᠬᠤᠷᠠᠯ ᠠᠴᠠ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠢᠨᠠᠨ | ᠵᠦᠪᠯᠡᠬᠦ ᠳᠤ᠂ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢᠳ ᠢ | ᠤᠷᠢᠵᠦ ᠬᠤᠷᠠᠯ ᠳᠤ ᠰᠤᠯᠠ ᠤᠷᠤᠯᠴᠠᠭᠤᠯᠬᠤ ᠬᠡᠷᠡᠭᠳᠠᠢ᠃ | | ᠬᠤᠷᠢ ᠶᠢᠰᠤᠳᠤᠭᠡᠷ ᠵᠦᠢᠯ ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ | ᠤᠷᠤᠭᠤᠯᠤᠭᠰᠠᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠡᠩ ᠤᠨ ᠪᠠᠶᠢᠳᠠᠯ ᠲᠤᠤᠷ᠎ᠠ ᠪᠠᠶᠢᠩᠭᠤ ᠶᠢᠨ | ᠬᠤᠷᠢᠶᠠᠨ ᠤ ᠭᠤᠷᠪᠠ ᠤᠳᠠᠭᠠᠨ ᠤ ᠬᠤᠷᠠᠯ ᠢᠶᠠᠷ ᠬᠢᠨᠠᠨ ᠵᠦᠪᠯᠡᠭᠰᠡᠨ ᠤ ᠲᠠᠷᠠᠭ᠎ᠠ ᠲᠠᠬᠢᠨ ᠲᠤᠰᠢᠶᠠᠨ ᠦᠭᠴᠦ | ᠪᠠᠳᠤᠯᠠᠭᠤᠯᠬᠤ ᠭᠡᠷᠡᠭᠳᠡᠢ᠃ | | ᠪᠠᠶᠢᠩᠭᠤ ᠶᠢᠨ ᠬᠤᠷᠢᠶᠠᠨ ᠤ ᠬᠤᠷᠠᠯ ᠠᠴᠠ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ | ᠠᠩᠬᠠᠳᠤᠭᠠᠷ ᠤᠳᠠᠭ᠎ᠠ ᠬᠢᠨᠠᠨ ᠵᠦᠪᠯᠡᠬᠦ ᠳᠤ᠂ ᠪᠦᠬᠦᠳᠡ ᠬᠤᠷᠠᠯ ᠲᠡᠭᠡᠷ᠎ᠡ ᠰᠠᠨᠠᠯ ᠵᠦᠪᠯᠡᠯᠭᠡ ᠲᠤᠷᠠᠳᠤᠭᠰᠠᠨ | ᠬᠦᠮᠦᠨ ᠤ ᠲᠤᠳᠤᠷᠬᠠᠢᠢᠯᠠᠯᠳᠠ ᠶᠢ ᠰᠤᠨᠤᠰᠴᠤ᠂ ᠲᠤᠭᠤᠢᠢᠯᠠᠩ ᠤᠨ ᠬᠤᠷᠠᠯ ᠢᠶᠠᠷ ᠠᠩᠬ᠎ᠠ ᠠᠯᠬᠤᠮ ᠬᠢᠨᠠᠨ ᠵᠦᠪᠯᠡᠨ᠎ᠠ | ᠃ | | ᠪᠠᠶᠢᠩᠭᠤ ᠶᠢᠨ ᠬᠤᠷᠢᠶᠠᠨ ᠤ ᠬᠤᠷᠠᠯ ᠠᠴᠠ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ | ᠬᠤᠶᠠᠳᠤᠭᠠᠷ ᠤᠳᠠᠭ᠎ᠠ ᠬᠢᠨᠠᠨ ᠵᠦᠪᠯᠡᠬᠦ ᠳᠤ᠂ ᠪᠦᠬᠦᠳᠡ ᠬᠤᠷᠠᠯ ᠲᠡᠭᠡᠷ᠎ᠡ ᠬᠠᠥᠯᠢ ᠶᠢᠨ ᠲᠦᠰᠤᠯ ᠳᠤ ᠵᠠᠰᠠᠪᠤᠷᠢ | ᠤᠷᠤᠭᠤᠯᠤᠭᠰᠠᠨ ᠪᠠᠶᠢᠳᠠᠯ ᠪᠠ ᠭᠤᠤᠯ ᠠᠰᠠᠭᠤᠳᠠᠯ ᠤᠨ ᠲᠤᠬᠠᠢ ᠬᠠᠥᠯᠢ ᠴᠠᠭᠠᠵᠠ ᠶᠢᠨ ᠵᠦᠪᠯᠡᠯ ᠤᠨ ᠬᠠᠷᠢᠭᠤ | ᠮᠡᠳᠡᠬᠦᠯᠦᠯᠳᠡ ᠶᠢ ᠰᠤᠨᠤᠰᠴᠤ᠂ ᠲᠤᠭᠤᠢᠢᠯᠠᠩ ᠤᠨ ᠬᠤᠷᠠᠯ ᠢᠶᠠᠷ ᠴᠢᠨᠠᠬᠰᠢᠳᠠ ᠬᠢᠨᠠᠨ ᠵᠦᠪᠯᠡᠨ᠎ᠠ᠃ | | ᠪᠠᠶᠢᠩᠭᠤ ᠶᠢᠨ ᠬᠤᠷᠢᠶᠠᠨ ᠤ ᠬᠤᠷᠠᠯ ᠠᠴᠠ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ | ᠭᠤᠷᠪᠠᠳᠤᠭᠠᠷ ᠤᠳᠠᠭ᠎ᠠ ᠬᠢᠨᠠᠨ ᠵᠦᠪᠯᠡᠬᠦ ᠳᠤ᠂ ᠪᠦᠬᠦᠳᠡ ᠬᠤᠷᠠᠯ ᠲᠡᠭᠡᠷ᠎ᠡ ᠬᠠᠥᠯᠢ ᠶᠢᠨ ᠲᠦᠰᠤᠯ ᠢ ᠬᠢᠨᠠᠨ | ᠶᠠᠷᠢᠯᠴᠠᠭᠰᠠᠨ ᠦᠷ᠎ᠡ ᠳ᠋ᠦᠩ ᠤᠨ ᠲᠤᠬᠠᠢ ᠬᠠᠥᠯᠢ ᠴᠠᠭᠠᠵᠠ ᠶᠢᠨ ᠵᠦᠪᠯᠡᠯ ᠤᠨ ᠮᠡᠳᠡᠬᠦᠯᠦᠯᠳᠡ ᠶᠢ ᠰᠤᠨᠤᠰᠴᠤ᠂ | ᠲᠤᠭᠤᠢᠢᠯᠠᠩ ᠬᠤᠪᠢᠶᠠᠵᠤ ᠬᠠᠥᠯᠢ ᠶᠢᠨ ᠲᠦᠰᠦᠯ ᠳᠤ ᠵᠠᠰᠠᠪᠤᠷᠢ ᠤᠷᠤᠭᠤᠯᠤᠭᠰᠠᠨ ᠨᠤᠤᠷᠠᠭ ᠢ ᠬᠢᠨᠠᠨ ᠵᠦᠪᠯᠡᠨ᠎ᠠ᠃ | | ᠪᠠᠶᠢᠩᠭᠤ ᠶᠢᠨ ᠬᠤᠷᠢᠶ᠎ᠠ ᠠᠴᠠ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠢᠨᠠᠨ | ᠵᠦᠪᠯᠡᠬᠦ ᠳᠡᠭᠡᠨ᠂ ᠭᠡᠷᠡᠭᠴᠡᠭᠡ ᠪᠠᠨ ᠦᠨᠳᠦᠰᠦᠯᠡᠵᠦ᠂ ᠲᠤᠭᠤᠢᠢᠯᠠᠩ ᠤᠨ ᠬᠠᠮᠳᠤᠷᠠᠭᠰᠠᠨ ᠬᠤᠷᠠᠯ ᠪᠤᠶᠤ ᠪᠦᠬᠦᠳᠡ | ᠬᠤᠷᠠᠯ ᠬᠤᠷᠠᠯᠳᠤᠭᠤᠯᠵᠤ ᠬᠠᠥᠯᠢ ᠶᠢᠨ ᠲᠦᠰᠤᠯ ᠳᠠᠬᠢ ᠭᠤᠤᠯ ᠠᠰᠠᠭᠤᠳᠠᠯ ᠤᠨ ᠲᠤᠬᠠᠢ ᠶᠠᠷᠢᠯᠴᠠᠵᠤ ᠪᠤᠯᠤᠨ᠎ᠠ᠃ | | ᠭᠤᠴᠢᠳᠤᠭᠠᠷ ᠵᠦᠢᠯ ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ ᠤᠷᠤᠭᠤᠯᠤᠭᠰᠠᠨ | ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠳᠤ ᠡᠯ᠎ᠡ ᠲᠠᠯ᠎ᠠ ᠶᠢᠨ ᠬᠢᠨ ᠤ ᠰᠠᠨᠠᠯ ᠨᠡᠯᠢᠶᠡᠥᠨ ᠨᠢᠭᠡᠳᠦᠯᠳᠡᠢ | ᠪᠠᠶᠢᠪᠠᠯ᠂ ᠪᠠᠶᠢᠩᠭᠤ ᠶᠢᠨ ᠬᠤᠷᠢᠶᠠᠨ ᠤ ᠬᠤᠶᠠᠷ ᠤᠳᠠᠭᠠᠨ ᠤ ᠬᠤᠷᠠᠯ ᠢᠶᠠᠷ ᠬᠢᠨᠠᠨ ᠵᠦᠪᠯᠡᠭᠰᠡᠨ ᠤ ᠲᠠᠷᠠᠭ᠎ᠠ | ᠲᠤᠰᠢᠶᠠᠨ ᠦᠭᠴᠦ ᠪᠠᠳᠤᠯᠠᠭᠤᠯᠵᠤ ᠪᠤᠯᠤᠨ᠎ᠠ︔ | | ᠳᠤᠬᠢᠷᠠᠭᠤᠯᠤᠯᠳᠠ ᠬᠢᠭᠰᠡᠨ ᠶᠠᠪᠤᠳᠡᠯ ᠤᠳ ᠨᠢ ᠳᠠᠩ ᠴᠤᠯᠭᠤᠢ ᠪᠤᠶᠤ ᠭᠡᠰᠡᠭ ᠵᠠᠰᠠᠪᠤᠷᠢ ᠤᠷᠤᠭᠤᠯᠤᠭᠰᠠᠨ | ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠳᠤ ᠡᠯ᠎ᠡ ᠲᠠᠯ᠎ᠠ ᠶᠢᠨ ᠬᠢᠨ ᠤ ᠰᠠᠨᠠᠯ ᠨᠡᠯᠢᠶᠡᠥᠨ ᠨᠢᠭᠡᠳᠦᠯᠳᠡᠢ | ᠪᠠᠶᠢᠪᠠᠯ᠂ ᠪᠠᠰᠠ ᠪᠠᠶᠢᠩᠭᠤ ᠶᠢᠨ ᠬᠤᠷᠢᠶᠠᠨ ᠤ ᠨᠢᠭᠡ ᠤᠳᠠᠭᠠᠨ ᠤ ᠬᠤᠷᠠᠯ ᠢᠶᠠᠷ ᠬᠢᠨᠠᠨ ᠵᠦᠪᠯᠡᠭᠡᠳ ᠲᠠᠷᠤᠢ ᠳᠤᠨᠢ | ᠲᠤᠰᠢᠶᠠᠨ ᠦᠭᠴᠦ ᠪᠠᠳᠤᠯᠠᠭᠤᠯᠵᠤ ᠪᠤᠯᠤᠨ᠎ᠠ᠃ | | ᠭᠤᠴᠢᠨ ᠨᠢᠭᠡᠳᠦᠭᠡᠷ ᠵᠦᠢᠯ ᠪᠠᠶᠢᠩᠭᠤ ᠶᠢᠨ ᠬᠤᠷᠢᠶᠠᠨ ᠤ ᠲᠤᠭᠤᠢᠢᠯᠠᠩ ᠤᠨ ᠬᠤᠷᠠᠯ ᠢᠶᠠᠷ ᠬᠠᠥᠯᠢ | ᠴᠠᠭᠠᠵᠨ ᠶᠢᠨ ᠲᠤᠬᠠᠢ ᠰᠠᠨᠠᠯ ᠵᠦᠪᠯᠡᠯᠭᠡ ᠶᠢ ᠬᠢᠨᠠᠨ ᠵᠦᠪᠯᠡᠬᠦ ᠦᠶ᠎ᠡ ᠳᠤ᠂ ᠰᠠᠨᠠᠯ ᠵᠦᠪᠯᠡᠯᠭᠡ ᠲᠤᠷᠠᠳᠤᠭᠰᠠᠨ | ᠬᠦᠮᠦᠨ ᠨᠢ ᠬᠦᠮᠦᠨ ᠲᠤᠮᠢᠯᠠᠨ ᠰᠠᠨᠠᠯ ᠰᠤᠨᠤᠰᠤᠭᠤᠯᠵᠤ᠂ ᠯᠠᠪᠯᠠᠭᠰᠠᠨ ᠠᠰᠠᠭᠤᠯᠳᠠ ᠶᠢ ᠨᠢ ᠬᠠᠷᠢᠭᠤᠯᠬᠤ ᠭᠡᠷᠡᠭᠳᠡᠢ᠃ | | ᠪᠠᠶᠢᠩᠭᠤ ᠶᠢᠨ ᠬᠤᠷᠢᠶᠠᠨ ᠤ ᠲᠤᠭᠤᠢᠢᠯᠠᠩ ᠤᠨ ᠬᠤᠷᠠᠯ ᠢᠶᠠᠷ ᠬᠠᠥᠯᠢ ᠴᠠᠭᠠᠵᠠ ᠶᠢᠨ ᠲᠤᠬᠠᠢ ᠰᠠᠨᠠᠯ | ᠵᠦᠪᠯᠡᠯᠭᠡ ᠶᠢ ᠬᠢᠨᠠᠨ ᠵᠦᠪᠯᠡᠬᠦ ᠦᠶ᠎ᠡ ᠤ᠂ ᠲᠤᠭᠤᠢᠢᠯᠠᠩ ᠤᠨ ᠱᠠᠭᠠᠷᠳᠠᠯᠭ᠎ᠠ ᠶᠢ ᠦᠨᠳᠦᠰᠦᠯᠡᠨ᠂ ᠬᠤᠯᠪᠤᠭᠳᠠᠯ | ᠪᠦᠬᠦᠢ ᠪᠠᠶᠢᠭᠤᠯᠤᠯᠭ᠎ᠠ᠂ ᠵᠤᠬᠢᠶᠠᠨ ᠪᠠᠶᠢᠭᠤᠯᠤᠯᠳᠠ ᠨᠢ ᠬᠦᠮᠦᠨ ᠲᠤᠮᠢᠯᠠᠨ ᠪᠠᠶᠢᠳᠠᠯ ᠢ ᠲᠠᠨᠢᠯᠴᠠᠭᠤᠯᠬᠤ ᠭᠡᠷᠡᠭᠳᠡᠢ᠃ | | ᠭᠤᠴᠢᠨ ᠬᠤᠶᠠᠳᠤᠭᠠᠷ ᠵᠦᠢᠯ ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ | ᠤᠷᠤᠭᠤᠯᠤᠭᠰᠠᠨ ᠬᠠᠤᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠤᠯᠪᠤᠭᠳᠠᠯ ᠪᠦᠬᠦᠢ ᠲᠤᠰᠬᠠᠢ | ᠵᠦᠪᠯᠡᠯ ᠠᠴᠠ ᠬᠢᠨᠠᠨ ᠵᠦᠪᠯᠡᠵᠤ᠂ ᠬᠢᠨᠠᠨ ᠵᠦᠪᠯᠡᠭᠰᠠᠨ ᠰᠠᠨᠠᠯ ᠢᠶᠠᠨ ᠲᠤᠷᠠᠳᠤᠭᠠᠥᠨ᠂ ᠪᠠᠶᠢᠩᠭᠤ ᠶᠢᠨ ᠬᠤᠷᠢᠶᠠᠨ ᠤ | ᠬᠤᠷᠠᠯ ᠳᠤ ᠲᠠᠷᠤᠮᠠᠯᠯᠠᠨ ᠲᠠᠷᠬᠠᠭᠠᠨ᠎ᠠ᠃ | | ᠬᠤᠯᠪᠤᠭᠳᠠᠯ ᠪᠦᠬᠦᠢ ᠲᠤᠰᠬᠠᠢ ᠵᠦᠪᠯᠡᠯ ᠠᠴᠠ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠢᠨᠠᠨ | ᠵᠦᠪᠯᠡᠬᠦ ᠳᠡᠭᠡᠨ᠂ ᠪᠤᠰᠤᠤᠨ ᠲᠤᠰᠬᠠᠢ ᠵᠦᠪᠯᠡᠯ ᠤᠨ ᠪᠦᠷᠢᠯᠳᠦᠬᠦᠨ ᠢ ᠤᠷᠢᠵᠤ ᠬᠤᠷᠠᠯ ᠳᠤ ᠰᠤᠯᠨ ᠤᠷᠤᠯᠴᠠᠭᠤᠯᠵᠤ᠂ | ᠰᠠᠨᠠᠯ ᠢ ᠨᠢ ᠶᠠᠷᠢᠭᠤᠯᠵᠤ ᠪᠤᠯᠤᠨ᠎ᠠ᠃ | | ᠭᠤᠴᠢᠨ ᠭᠤᠷᠪᠠᠳᠤᠭᠠᠷ ᠵᠦᠢᠯ ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ | ᠤᠷᠤᠭᠤᠯᠤᠭᠰᠠᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠠᠥᠯᠢ ᠴᠠᠭᠠᠵᠠ ᠶᠢᠨ ᠵᠦᠪᠯᠡᠯ ᠠᠴᠠ | ᠪᠠᠶᠢᠩᠭᠤ ᠶᠢᠨ ᠬᠤᠷᠢᠶᠠᠨ ᠤ ᠪᠦᠷᠢᠯᠳᠦᠬᠦᠨ ᠪᠤᠯᠤᠨ ᠬᠤᠯᠪᠤᠭᠳᠠᠯ ᠪᠦᠬᠦᠢ ᠲᠤᠰᠬᠠᠢ ᠵᠦᠪᠯᠡᠯ ᠤᠨ ᠬᠢᠨᠠᠨ ᠵᠦᠪᠯᠡᠭᠰᠡᠨ | ᠰᠠᠨᠠᠯ ᠪᠠ ᠡᠯ᠎ᠡ ᠲᠠᠯ᠎ᠠ ᠶᠢᠨ ᠬᠢᠨ ᠤ ᠲᠤᠷᠠᠳᠤᠭᠰᠠᠨ ᠰᠠᠨᠠᠯ ᠢ ᠦᠨᠳᠦᠰᠦᠯᠡᠨ ᠬᠠᠥᠯᠢ ᠴᠠᠭᠠᠵᠠ ᠶᠢᠨ ᠲᠤᠬᠠᠢ ᠰᠠᠨᠠᠯ | ᠵᠦᠪᠯᠡᠯᠭᠡ ᠶᠢ ᠨᠢᠭᠡᠳᠦᠯᠳᠡᠢ ᠬᠢᠨᠠᠨ ᠵᠦᠪᠯᠡᠵᠤ᠂ ᠵᠠᠰᠠᠪᠤᠷᠢ ᠤᠷᠤᠭᠤᠯᠤᠭᠰᠠᠨ ᠪᠠᠶᠢᠳᠠᠯ ᠤᠨ ᠲᠤᠬᠠᠢ ᠬᠠᠷᠢᠭᠤ | ᠮᠡᠳᠡᠬᠦᠯᠦᠯᠳᠡ ᠪᠤᠶᠤ ᠬᠢᠨᠠᠨ ᠵᠦᠪᠯᠡᠭᠰᠠᠨ ᠦᠷ᠎ᠡ ᠳ᠋ᠦᠩ ᠤᠨ ᠲᠤᠬᠠᠢ ᠮᠡᠳᠡᠬᠦᠯᠦᠯᠳᠡ ᠪᠠ ᠬᠠᠥᠯᠢ ᠶᠢᠨ ᠲᠦᠰᠦᠯ ᠳᠤ | ᠵᠠᠰᠠᠪᠤᠷᠢ ᠤᠷᠤᠭᠤᠯᠤᠭᠰᠠᠨ ᠨᠤᠤᠷᠠᠭ ᠢ ᠲᠤᠷᠠᠳᠤᠨ ᠭᠠᠷᠭᠠᠵᠦ᠂ ᠠᠳᠠᠯᠢ ᠪᠤᠰᠤ ᠴᠢᠬᠤᠯᠨ ᠰᠠᠨᠠᠯ ᠢ ᠬᠠᠷᠢᠭᠤ | ᠮᠡᠳᠡᠬᠦᠯᠦᠯᠳᠡ ᠪᠤᠶᠤ ᠬᠢᠨᠠᠨ ᠵᠦᠪᠯᠡᠭᠰᠠᠨ ᠦᠷ᠎ᠡ ᠳ᠋ᠦᠩ ᠤᠨ ᠲᠤᠬᠠᠢ ᠮᠡᠳᠡᠬᠦᠯᠦᠯᠳᠡ ᠳᠡᠭᠡᠨ ᠲᠤᠳᠤᠷᠬᠠᠢᠢᠯᠠᠬᠤ | ᠭᠡᠷᠡᠭᠳᠡᠢ᠃ ᠬᠤᠯᠪᠤᠭᠳᠠᠯ ᠪᠦᠬᠦᠢ ᠲᠤᠰᠬᠠᠢ ᠵᠦᠪᠯᠡᠯ ᠤᠨ ᠬᠢᠨᠠᠨ ᠵᠦᠪᠯᠡᠭᠰᠠᠨ ᠴᠢᠬᠤᠯᠨ ᠰᠠᠨᠠᠯ ᠢ ᠠᠪᠴᠤ | ᠬᠡᠷᠡᠭᠯᠡᠭᠰᠡᠨ ᠦᠭᠡᠢ ᠪᠠᠶᠢᠪᠠᠯ᠂ ᠬᠤᠯᠪᠤᠭᠳᠠᠯ ᠪᠦᠬᠦᠢ ᠲᠤᠰᠬᠠᠢ ᠵᠦᠪᠯᠡᠯ ᠳᠤ ᠬᠠᠷᠢᠭᠤ ᠲᠤᠰᠬᠠᠬᠤ ᠭᠡᠷᠡᠭᠳᠡᠢ᠃ | | ᠬᠠᠥᠯᠢ ᠴᠠᠭᠠᠵᠠ ᠶᠢᠨ ᠵᠦᠪᠯᠡᠯ ᠠᠴᠠ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠢᠨᠠᠨ | ᠵᠦᠪᠡᠯᠡᠬᠦ ᠳᠡᠭᠡᠨ᠂ ᠬᠤᠯᠪᠤᠭᠳᠠᠯ ᠪᠦᠬᠦᠢ ᠲᠤᠰᠬᠠᠢ ᠵᠦᠪᠯᠡᠯ ᠤᠨ ᠪᠦᠷᠢᠯᠳᠦᠬᠦᠨ ᠢ ᠤᠷᠢᠵᠤ ᠬᠤᠷᠠᠯ ᠳᠤ ᠰᠤᠯᠨ | ᠤᠷᠤᠯᠴᠠᠭᠤᠯᠵᠤ ᠰᠠᠨᠠᠯ ᠢ ᠨᠢ ᠶᠠᠷᠢᠭᠤᠯᠵᠤ ᠪᠤᠯᠤᠨ᠎ᠠ᠃ | | ᠭᠤᠴᠢᠨ ᠲᠦᠷᠪᠡᠳᠦᠭᠡᠷ ᠵᠦᠢᠯ ᠲᠤᠰᠬᠠᠢ ᠵᠦᠪᠯᠡᠯ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ | ᠬᠢᠨᠠᠨ ᠵᠦᠪᠯᠡᠬᠦ ᠳᠡᠭᠡᠨ᠂ ᠪᠦᠬᠦᠳᠡ ᠬᠤᠷᠠᠯ ᠬᠤᠷᠠᠯᠳᠤᠭᠤᠯᠵᠤ ᠬᠢᠨᠠᠨ ᠵᠦᠪᠯᠡᠬᠦ ᠭᠡᠷᠡᠭᠳᠡᠢ᠂ ᠭᠡᠷᠡᠭᠴᠡᠭᠡ ᠪᠠᠨ | ᠦᠨᠳᠦᠰᠦᠯᠡᠨ᠂ ᠬᠤᠯᠪᠤᠭᠳᠠᠯ ᠪᠦᠬᠦᠢ ᠪᠠᠶᠢᠭᠤᠯᠤᠯᠭ᠎ᠠ᠂ ᠵᠤᠬᠢᠶᠠᠨ ᠪᠠᠶᠢᠭᠤᠯᠤᠯᠳᠠ ᠠᠴᠠ ᠬᠤᠯᠪᠤᠭᠳᠠᠯ ᠪᠦᠬᠦᠢ | ᠬᠠᠷᠢᠭᠤᠴᠠᠯᠭᠠᠳᠠᠨ ᠢ ᠲᠤᠮᠢᠯᠠᠨ ᠪᠠᠶᠢᠳᠠᠯ ᠢ ᠲᠤᠳᠤᠷᠬᠠᠢᠢᠯᠠᠭᠤᠯᠬᠤ ᠪᠠᠷ ᠱᠠᠭᠠᠷᠳᠠᠵᠤ ᠪᠤᠯᠤᠨ᠎ᠠ᠃ | | ᠭᠤᠴᠢᠨ ᠲᠠᠪᠤᠳᠤᠭᠠᠷ ᠵᠦᠢᠯ ᠲᠤᠰᠬᠠᠢ ᠵᠦᠪᠯᠡᠯ ᠤᠳ ᠬᠤᠭᠤᠷᠤᠨᠳᠤ ᠪᠠᠨ ᠬᠠᠥᠯᠢ ᠶᠢᠨ ᠲᠦᠰᠤᠯ ᠤᠨ | ᠴᠢᠬᠤᠯᠨ ᠠᠰᠠᠭᠤᠳᠠᠯ ᠤᠳ ᠤᠨ ᠲᠤᠬᠠᠢ ᠰᠠᠨᠠᠯ ᠨᠢᠭᠡᠥᠨᠬᠦ ᠦᠭᠡᠢ ᠪᠠᠶᠢᠪᠠᠯ ᠬᠤᠷᠢᠶᠠᠨ ᠲᠠᠷᠤᠭ᠎ᠠ ᠨᠠᠷ ᠤᠨ ᠬᠤᠷᠠᠯ ᠳᠤ | ᠮᠡᠳᠡᠬᠦᠯᠬᠦ ᠭᠡᠷᠡᠭᠳᠡᠢ᠃ | | ᠭᠤᠴᠢᠨ ᠵᠢᠷᠭᠤᠳᠤᠭᠠᠷ ᠵᠦᠢᠯ ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ | ᠤᠷᠤᠭᠤᠯᠤᠭᠰᠠᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢᠨ ᠲᠠᠯ᠎ᠠ ᠪᠠᠷ ᠬᠠᠥᠯᠢ ᠴᠠᠭᠠᠵᠠ ᠶᠢᠨ ᠵᠦᠪᠯᠡᠯ᠂ | ᠬᠤᠯᠪᠤᠭᠳᠠᠯ ᠪᠦᠬᠦᠢ ᠲᠤᠰᠬᠠᠢ ᠵᠦᠪᠯᠡᠯ ᠪᠠ ᠪᠠᠶᠢᠩᠭᠤ ᠶᠢᠨ ᠬᠤᠷᠢᠶᠠᠨ ᠤ ᠠᠵᠢᠯ ᠤᠨ ᠪᠠᠶᠢᠭᠤᠯᠤᠮᠵᠢ ᠨᠤᠭᠤᠳ | ᠡᠯ᠎ᠡ ᠲᠠᠯ᠎ᠠ ᠶᠢᠨ ᠬᠢᠨ ᠤ ᠰᠠᠨᠠᠯ ᠢ ᠰᠤᠨᠤᠰᠬᠤ ᠭᠡᠷᠡᠭᠳᠡᠢ᠃ ᠰᠠᠨᠠᠯ ᠰᠤᠨᠤᠰᠬᠤ ᠳᠠᠭᠠᠨ ᠶᠠᠷᠢᠯᠴᠠᠬᠤ ᠬᠤᠷᠠᠯ᠂ | ᠨᠤᠳᠠᠯᠠᠯᠳᠠ ᠶᠢᠨ ᠬᠤᠷᠠᠯ᠂ ᠬᠡᠷᠡᠴᠢᠯᠡᠭᠡ ᠰᠤᠨᠤᠰᠬᠤ ᠬᠤᠷᠠᠯ ᠵᠡᠷᠭᠡ ᠤᠯᠠᠨ ᠵᠦᠢᠯ ᠤᠨ ᠭᠡᠯᠪᠡᠷᠢ ᠶᠢ ᠠᠪᠴᠤ ᠪᠤᠯᠤᠨ᠎ᠠ | ᠃ | | ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠳᠠᠬᠢ ᠳᠤᠰᠬᠠᠢ ᠮᠡᠷᠭᠡᠵᠢᠯ ᠤᠨ ᠴᠢᠨᠠᠷ ᠢᠶᠠᠷ ᠨᠡᠯᠢᠶᠡᠳ | ᠴᠢᠩᠭ᠎ᠠ ᠪᠠᠶᠢᠬᠤ ᠬᠤᠯᠪᠤᠬᠳᠠᠯ ᠪᠦᠬᠦᠢ ᠠᠰᠠᠭᠤᠳᠠᠯ ᠳᠤ ᠪᠤᠯᠤᠮᠵᠢᠳᠦ ᠦᠨᠡᠯᠡᠯᠳᠠ ᠬᠢᠬᠦ ᠴᠢᠬᠤᠯᠠᠳᠠᠢ ᠦᠶ᠎ᠠ ᠳᠤ | ᠨᠤᠳᠠᠯᠠᠯᠳᠠ ᠶᠢᠨ ᠬᠤᠷᠠᠯ ᠬᠤᠷᠠᠯᠳᠤᠭᠤᠯᠵᠦ᠂ ᠳᠤᠰᠬᠠᠢ ᠮᠡᠷᠭᠡᠵᠢᠯᠳᠠᠨ᠂ ᠪᠠᠶᠢᠭᠤᠯᠤᠯᠭ᠎ᠠ ᠪᠠ ᠪᠦᠬᠦ ᠤᠯᠤᠰ ᠤᠨ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢᠳ ᠵᠡᠷᠭᠡ ᠡᠯ᠎ᠠ ᠲᠠᠯ᠎ᠠ ᠶᠢᠨ ᠰᠠᠨᠠᠯ ᠢ | ᠰᠤᠨᠤᠰᠬᠤ ᠬᠡᠷᠡᠭᠳᠠᠢ᠃ ᠨᠤᠳᠠᠯᠠᠯᠳᠠ ᠶᠢᠨ ᠪᠠᠶᠢᠳᠡᠯ ᠢᠶᠠᠨ ᠪᠠᠶᠢᠡᠭᠭᠤ ᠶᠢᠨ ᠬᠤᠷᠢᠶᠠᠨ ᠳᠤ ᠮᠡᠳᠡᠬᠦᠯᠬᠦ ᠬᠡᠷᠡᠭᠳᠡᠢ᠃ | | ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠳᠠᠬᠢ ᠬᠤᠯᠪᠤᠬᠳᠠᠯ ᠪᠦᠬᠦᠢ ᠠᠰᠠᠭᠤᠳᠠᠯ ᠤᠨ ᠳᠤᠬᠠᠢ | ᠴᠢᠬᠤᠯᠠ ᠶᠡᠭᠡ ᠵᠦᠷᠢᠯᠳᠤᠭᠡᠨ ᠤᠷᠤᠰᠢᠬᠤ ᠪᠤᠶᠤ ᠠᠰᠢᠭ ᠳᠤᠰᠠ ᠶᠢᠨ ᠬᠠᠷᠢᠴᠠᠭ᠎ᠠ ᠶᠢᠨ ᠴᠢᠬᠤᠯᠠ ᠶᠡᠭᠡ | ᠲᠤᠬᠢᠷᠠᠭᠤᠯᠤᠯᠳᠠ ᠳᠤ ᠬᠤᠯᠪᠤᠬᠳᠠᠵᠦ᠂ ᠬᠡᠷᠡᠴᠢᠯᠡᠭᠡ ᠰᠤᠨᠤᠰᠬᠤ ᠬᠤᠷᠠᠯ ᠬᠤᠷᠠᠯᠳᠤᠭᠤᠯᠬᠤ ᠴᠢᠬᠤᠯᠠᠳᠠᠢ ᠦᠶ᠎ᠠ ᠳᠤ | ᠬᠡᠷᠡᠴᠢᠯᠡᠭᠡ ᠰᠤᠨᠤᠰᠬᠤ ᠬᠤᠷᠠᠯ ᠬᠤᠷᠠᠯᠳᠤᠭᠤᠯᠵᠦ᠂ ᠬᠤᠯᠪᠤᠬᠳᠠᠯ ᠪᠦᠬᠦᠢ ᠦᠨᠳᠦᠰᠦᠨ ᠱᠠᠳᠤ ᠪᠠ ᠪᠦᠬᠦᠯᠢ | ᠴᠤᠬᠴᠡ ᠶᠢᠨ ᠲᠦᠯᠦᠭᠡᠯᠡᠭᠴᠢᠳ᠂ ᠰᠠᠯᠠᠭ᠎ᠠ ᠮᠦᠴᠢᠷ᠂ ᠠᠷᠠᠳ ᠤᠨ ᠪᠦᠯᠬᠦᠮ᠂ ᠳᠤᠰᠬᠠᠢ ᠮᠡᠷᠭᠡᠯᠵᠢᠳᠠᠨ᠂ ᠪᠦᠬᠦ | ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢᠳ ᠪᠠ ᠨᠡᠶᠢᠭᠡᠮ ᠤᠨ ᠡᠯ᠎ᠠ | ᠡᠳᠡᠭᠡᠳ ᠤᠨ ᠰᠠᠨᠠᠯ ᠢ ᠰᠤᠨᠤᠰᠬᠤ ᠬᠡᠷᠡᠭᠳᠠᠢ᠃ ᠬᠡᠷᠡᠴᠢᠯᠡᠭᠡ ᠰᠤᠨᠤᠰᠤᠬᠰᠠᠨ ᠪᠠᠶᠢᠳᠠᠯ ᠢᠶᠠᠨ ᠪᠠᠶᠢᠩᠭᠤ ᠶᠢᠨ | ᠬᠤᠷᠢᠶᠠᠨ ᠳᠤ ᠮᠡᠳᠡᠬᠦᠯᠬᠦ ᠬᠡᠷᠡᠭᠳᠠᠢ᠃ | | ᠪᠠᠶᠢᠩᠭᠤ ᠶᠢᠨ ᠬᠤᠷᠢᠶᠠᠨ ᠤ ᠠᠵᠢᠯ ᠤᠨ ᠪᠠᠶᠢᠭᠤᠯᠤᠮᠵᠢ ᠨᠢ ᠬᠠᠥᠯᠢ ᠶᠢᠨ ᠲᠦᠰᠦᠯ ᠢ ᠬᠤᠯᠪᠤᠭᠳᠠᠯ ᠪᠦᠬᠦᠢ | ᠬᠦᠷᠢᠶᠠᠨ ᠳᠠᠬᠢ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢᠳ᠂ | ᠤᠷᠤᠨ ᠨᠤᠳᠤᠬ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠵᠢᠴᠢ | ᠬᠤᠯᠪᠤᠬᠳᠠᠯ ᠪᠦᠬᠦᠢ ᠪᠠᠶᠢᠭᠤᠯᠤᠯᠭ᠎ᠠ᠂ ᠵᠤᠬᠢᠶᠠᠨ ᠪᠠᠶᠢᠭᠤᠯᠤᠯᠳᠠ ᠪᠠ ᠲᠤᠰᠬᠠᠢ ᠮᠡᠷᠭᠡᠵᠢᠯᠳᠡᠨ ᠲᠤ ᠲᠠᠷᠬᠠᠭᠠᠨ | ᠬᠦᠷᠭᠡᠵᠦ ᠰᠠᠨᠠᠯ ᠰᠤᠨᠤᠰᠬᠤ ᠭᠡᠷᠡᠭᠳᠡᠢ᠃ | | | ᠭᠤᠴᠢᠨ ᠳᠤᠯᠤᠳᠤᠭᠠᠷ ᠵᠦᠢᠯ ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ | ᠤᠷᠤᠭᠤᠯᠤᠭᠰᠠᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠤᠷᠢᠶᠠᠨ ᠲᠠᠷᠤᠭ᠎ᠠ ᠨᠠᠷ ᠤᠨ ᠬᠤᠷᠠᠯ | ᠬᠤᠷᠠᠯᠳᠤᠬᠰᠠᠨ ᠤ ᠲᠠᠷᠠᠭ᠎ᠠ ᠬᠠᠥᠯᠢ ᠶᠢᠨ ᠲᠦᠰᠦᠯ ᠵᠢᠴᠢ ᠳᠤᠭᠤᠷᠪᠢᠵᠦ ᠵᠠᠰᠠᠪᠦᠷᠢ ᠤᠷᠤᠭᠤᠯᠤᠬᠰᠠᠨ | ᠳᠤᠳᠤᠷᠬᠠᠢᠢᠯᠠᠯᠳᠠ ᠵᠡᠷᠭᠡ ᠶᠢ ᠨᠡᠶᠢᠳᠡᠯᠡᠵᠦ ᠰᠠᠨᠠᠯ ᠬᠤᠷᠢᠶᠠᠬᠤ ᠬᠡᠷᠡᠭᠳᠠᠢ᠂ ᠬᠡᠪᠡᠴᠦ ᠬᠤᠷᠢᠶᠠᠨ ᠳᠠᠷᠤᠭ᠎ᠠ ᠶᠢᠨ | ᠬᠤᠷᠠᠯ ᠠᠴᠠ ᠦᠯᠤ ᠨᠡᠶᠢᠳᠡᠯᠡᠬᠦ ᠪᠠᠷ ᠳᠤᠬᠳᠠᠭᠠᠬᠰᠠᠨ ᠵᠦᠢᠯ ᠠᠴᠠ ᠪᠤᠰᠤᠳ ᠢ ᠨᠡᠶᠢᠳᠡᠯᠡᠨ᠎ᠠ᠃ ᠨᠡᠶᠢᠭᠡᠮ ᠳᠤ | ᠨᠡᠶᠢᠳᠡᠯᠡᠨ ᠰᠠᠨᠠᠯ ᠬᠤᠷᠢᠶᠠᠬᠤ ᠬᠤᠭᠤᠴᠠᠭ᠎ᠠ ᠶᠢ ᠶᠡᠷᠦᠳᠡᠭᠡᠨ 30 ᠡᠳᠦᠷ ᠠᠴᠠ ᠴᠦᠭᠡᠨ ᠪᠠᠶᠢᠯᠭᠠᠵᠦ ᠪᠤᠯᠬᠤ ᠦᠭᠡᠢ᠃ | ᠰᠠᠨᠠᠯ ᠬᠤᠷᠢᠶᠠᠬᠰᠠᠨ ᠪᠠᠶᠢᠳᠠᠯ ᠢᠶᠠᠨ ᠤᠯᠠᠨ ᠳᠤ ᠨᠡᠶᠢᠳᠡᠯᠡᠬᠦ ᠬᠡᠷᠡᠭᠳᠠᠢ᠃ | | ᠭᠤᠴᠢᠨ ᠨᠠᠢᠮᠠᠳᠤᠭᠠᠷ ᠵᠦᠢᠯ ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ | ᠤᠷᠤᠭᠤᠯᠤᠭᠰᠠᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠪᠠᠶᠢᠩᠭᠤ ᠶᠢᠨ ᠬᠤᠷᠢᠶᠠᠨ ᠤ ᠠᠵᠢᠯ ᠤᠨ | ᠪᠠᠶᠢᠭᠤᠯᠤᠮᠵᠢ ᠨᠢ ᠲᠤᠭᠤᠢᠢᠯᠠᠩ ᠬᠤᠪᠢᠶᠠᠵᠤ ᠬᠢᠨᠠᠨ ᠵᠦᠪᠯᠡᠭᠰᠠᠨ ᠰᠠᠨᠠᠯ ᠪᠠ ᠡᠯ᠎ᠡ ᠲᠠᠯ᠎ᠠ ᠶᠢᠨ ᠬᠢᠨ ᠤ ᠲᠤᠷᠠᠳᠤᠭᠰᠠᠨ | ᠰᠠᠨᠠᠯ ᠵᠢᠴᠢ ᠬᠤᠯᠪᠤᠭᠳᠠᠯ ᠪᠦᠬᠦᠢ ᠪᠤᠰᠤᠤᠨ ᠮᠠᠲ᠋ᠧᠷᠢᠶᠠᠯ ᠤᠳ ᠢ ᠬᠤᠷᠢᠶᠠᠨ ᠡᠮᠬᠢᠯᠡᠭᠡᠥᠨ ᠬᠠᠥᠯᠢ ᠴᠠᠭᠠᠵᠠ ᠶᠢᠨ | ᠵᠦᠪᠯᠡᠯ ᠪᠤᠯᠤᠨ ᠬᠤᠯᠪᠤᠭᠳᠠᠯ ᠪᠦᠬᠦᠢ ᠲᠤᠰᠬᠠᠢ ᠵᠦᠪᠯᠡᠯ ᠳᠤ ᠲᠤᠰ ᠲᠤᠰ ᠬᠦᠷᠬᠡᠬᠦ ᠶᠢᠨ ᠬᠠᠮᠳᠤ ᠭᠡᠷᠡᠭᠴᠡᠭᠡ ᠶᠢ | ᠦᠨᠳᠦᠰᠦᠯᠡᠨ ᠪᠠᠶᠢᠩᠭᠤ ᠶᠢᠨ ᠬᠤᠷᠢᠶᠠᠨ ᠤ ᠬᠤᠷᠠᠯ ᠳᠤ ᠲᠠᠷᠤᠮᠠᠯᠯᠠᠨ ᠲᠠᠷᠬᠠᠭᠠᠬᠤ ᠭᠡᠷᠡᠭᠳᠡᠢ᠃ | | ᠭᠤᠴᠢ ᠶᠢᠰᠤᠳᠤᠭᠡᠷ ᠵᠦᠢᠯ ᠪᠠᠶᠢᠩᠭᠤ ᠶᠢᠨ ᠬᠤᠷᠢᠶᠠᠨ ᠤ ᠬᠤᠷᠠᠯ ᠳᠤ ᠬᠢᠨᠠᠨ ᠵᠦᠪᠯᠡᠵᠦ ᠪᠠᠳᠤᠯᠠᠭᠤᠯᠬᠤ | ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠠᠤᠯᠢ ᠴᠠᠭᠠᠵᠠ ᠶᠢᠨ ᠵᠦᠪᠯᠡᠯ ᠠᠴᠠ ᠬᠢᠨᠠᠨ ᠵᠦᠪᠯᠡᠭᠰᠡᠨ | ᠦᠷ᠎ᠠ ᠳ᠋ᠦᠩ ᠤᠨ ᠮᠡᠳᠡᠭᠦᠯᠦᠯᠳᠠ ᠳᠤᠷᠠᠳᠬᠤ ᠠᠴᠠ ᠡᠮᠤᠨ᠎ᠠ᠂ ᠪᠠᠶᠢᠩᠭᠤ ᠶᠢᠨ ᠬᠤᠷᠢᠶᠠᠨ ᠤ ᠠᠵᠢᠯ ᠤᠨ | ᠪᠠᠶᠢᠭᠤᠯᠤᠮᠵᠢ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠳᠠᠬᠢ ᠴᠢᠬᠤᠯᠠ ᠲᠦᠷᠢᠮ ᠤᠨ ᠵᠢᠷᠤᠮᠵᠢᠯ ᠤᠨ | ᠪᠤᠯᠤᠮᠵᠢᠳᠤ ᠴᠢᠨᠠᠷ᠂ ᠬᠠᠤᠯᠢ ᠴᠠᠭᠠᠵᠠ ᠳᠤᠬᠳᠠᠭᠠᠬᠤ ᠵᠤᠬᠢᠰᠳᠠᠢ ᠴᠠᠭ᠂ ᠬᠠᠤᠯᠢ ᠴᠠᠭᠠᠵᠠ ᠶᠢ ᠬᠡᠷᠡᠭᠵᠢᠬᠦᠯᠦᠭᠰᠠᠨ | ᠨᠡᠶᠢᠭᠡᠮ ᠤᠨ ᠦᠷ᠎ᠠ ᠪᠦᠳᠦᠮᠵᠢ ᠪᠠ ᠡᠬᠦᠰᠬᠦ ᠪᠤᠯᠤᠯᠴᠠᠭ᠎ᠠ ᠲᠠᠢ ᠠᠰᠠᠭᠤᠳᠠᠯ ᠵᠡᠷᠭᠡ ᠳᠤ ᠦᠨᠡᠯᠡᠯᠳᠠ ᠬᠢᠵᠦ ᠪᠤᠯᠤᠨ᠎ᠠ᠃ | ᠬᠠᠤᠯᠢ ᠴᠠᠭᠠᠵᠠ ᠶᠢᠨ ᠵᠦᠪᠯᠡᠯ ᠠᠴᠠ ᠦᠨᠡᠯᠡᠯᠳᠠ ᠬᠢᠭᠰᠡᠨ ᠪᠠᠶᠢᠳᠠᠯ ᠢ ᠬᠢᠨᠠᠨ ᠵᠦᠪᠯᠡᠭᠰᠡᠨ ᠦᠷ᠎ᠠ ᠳ᠋ᠦᠩ ᠤᠨ | ᠮᠡᠳᠡᠬᠦᠯᠦᠯᠳᠠ ᠳᠡᠭᠡᠨ ᠳᠤᠳᠤᠷᠬᠠᠢᠢᠯᠠᠬᠤ ᠬᠡᠷᠡᠭᠳᠠᠢ᠃ | | ᠲᠦᠴᠢᠳᠤᠭᠡᠷ ᠵᠦᠢᠯ ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ ᠤᠷᠤᠭᠤᠯᠤᠭᠰᠠᠨ | ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠲᠤᠰᠢᠶᠠᠨ ᠦᠭᠴᠦ ᠪᠠᠳᠤᠯᠠᠭᠤᠯᠬᠤ ᠠᠴᠠ ᠡᠮᠦᠨ᠎ᠡ᠂ ᠰᠠᠨᠠᠯ | ᠵᠦᠪᠯᠡᠯᠭᠡ ᠲᠤᠷᠠᠳᠤᠭᠰᠠᠨ ᠬᠦᠮᠦᠨ ᠨᠢ ᠪᠤᠴᠠᠭᠠᠵᠤ ᠠᠪᠬᠤ ᠪᠠᠷ ᠱᠠᠭᠠᠷᠳᠠᠭᠰᠠᠨ ᠪᠠᠶᠢᠪᠠᠯ ᠤᠴᠢᠷ ᠰᠢᠯᠳᠠᠭᠠᠨ ᠢᠶᠠᠨ | ᠲᠤᠳᠤᠷᠬᠠᠢᠢᠯᠠᠵᠤ᠂ ᠬᠤᠷᠢᠶᠠᠨ ᠲᠠᠷᠤᠭ᠎ᠠ ᠨᠠᠷ ᠤᠨ ᠬᠤᠷᠠᠯ ᠢᠶᠠᠷ ᠵᠦᠪᠰᠢᠶᠡᠷᠡᠬᠦᠯᠬᠦ ᠭᠡᠷᠡᠭᠳᠡᠢ ᠪᠦᠭᠡᠥᠨ ᠪᠠᠶᠢᠩᠭᠤ ᠶᠢᠨ | ᠬᠤᠷᠢᠶ᠎ᠠ ᠳᠤ ᠮᠡᠳᠡᠬᠦᠯᠦᠭᠡᠥᠨ᠂ ᠲᠤᠰ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠢᠨᠠᠨ ᠵᠦᠪᠯᠡᠬᠦ ᠪᠠᠨ | ᠲᠠᠷᠤᠢ ᠳᠤᠨᠢ ᠵᠤᠭᠰᠤᠨ᠎ᠠ᠃ | | ᠲᠦᠴᠢᠨ ᠨᠢᠬᠡᠳᠤᠭᠡᠷ ᠵᠦᠢᠯ ᠬᠠᠥᠯᠢ ᠴᠠᠭᠠᠵᠨ ᠶᠢᠨ ᠲᠦᠰᠤᠯ ᠤᠨ ᠵᠠᠰᠠᠪᠤᠷᠢ ᠤᠷᠤᠭᠤᠯᠤᠬᠰᠠᠨ ᠨᠤᠤᠷᠠᠬ ᠢ | ᠪᠠᠶᠢᠩᠭᠤ ᠶᠢᠨ ᠬᠤᠷᠢᠶᠠᠨ ᠤ ᠬᠤᠷᠠᠯ ᠢᠶᠠᠷ ᠬᠢᠨᠠᠨ ᠵᠦᠪᠯᠡᠭᠰᠡᠨ ᠤ ᠲᠠᠷᠠᠭ᠎ᠠ᠂ ᠬᠠᠤᠯᠢ ᠴᠠᠭᠠᠵᠠ ᠶᠢᠨ ᠵᠦᠪᠯᠡᠯ ᠠᠴᠠ | ᠪᠠᠶᠢᠩᠭᠤ ᠶᠢᠨ ᠬᠤᠷᠢᠶᠠᠨ ᠤ ᠪᠦᠷᠢᠯᠳᠤᠬᠦᠨ ᠤ ᠬᠢᠨᠠᠨ ᠵᠦᠪᠯᠡᠭᠰᠡᠨ ᠰᠠᠨᠠᠯ ᠢ ᠦᠨᠳᠤᠰᠤᠯᠠᠨ ᠵᠠᠰᠠᠪᠤᠷᠢ ᠤᠷᠤᠭᠤᠯᠵᠤ᠂ | ᠬᠠᠤᠯᠢ ᠶᠢᠨ ᠲᠦᠰᠤᠯ ᠤᠨ ᠪᠠᠳᠤᠯᠠᠭᠤᠯᠬᠤ ᠨᠤᠤᠷᠠᠬ ᠢ ᠲᠤᠷᠠᠳᠤᠨ ᠭᠠᠷᠭᠠᠵᠤ᠂ ᠬᠤᠷᠢᠶᠠᠨ ᠲᠠᠷᠤᠭ᠎ᠠ ᠨᠠᠷ ᠤᠨ | ᠬᠤᠷᠠᠯ ᠠᠴᠠ ᠪᠠᠶᠢᠩᠭᠤ ᠶᠢᠨ ᠬᠤᠷᠢᠶᠠᠨ ᠤ ᠪᠦᠬᠦᠳᠠ ᠬᠤᠷᠠᠯ ᠳᠤ ᠲᠡᠪᠰᠢᠬᠦᠯᠤᠨ ᠪᠠᠳᠤᠯᠠᠭᠤᠯᠵᠤ᠂ ᠪᠠᠶᠢᠩᠭᠤ ᠶᠢᠨ | ᠬᠤᠷᠢᠶᠠᠨ ᠤ ᠪᠦᠬᠦ ᠪᠦᠷᠢᠯᠳᠤᠬᠦᠨ ᠤ ᠬᠠᠭᠠᠰ ᠠᠴᠠ ᠲᠡᠭᠡᠭᠰᠢᠬᠢ ᠲᠤᠭᠠᠨ ᠤ ᠬᠦᠮᠤᠨ ᠢᠶᠠᠷ ᠪᠠᠳᠤᠯᠠᠭᠤᠯᠤᠨ᠎ᠠ᠃ | | ᠬᠠᠤᠯᠢ ᠶᠢᠨ ᠲᠦᠰᠤᠯ ᠤᠨ ᠪᠠᠳᠤᠯᠠᠭᠤᠯᠬᠤ ᠨᠤᠤᠷᠠᠬ ᠢ ᠪᠠᠶᠢᠩᠭᠤ ᠶᠢᠨ ᠬᠤᠷᠢᠶᠠᠨ ᠤ ᠬᠤᠷᠠᠯ ᠳᠤ | ᠲᠡᠪᠰᠢᠬᠦᠯᠵᠤ ᠪᠠᠳᠤᠯᠠᠭᠤᠯᠬᠤ ᠠᠴᠠ ᠡᠮᠤᠨ᠎ᠠ᠂ ᠬᠤᠷᠢᠶᠠᠨ ᠲᠠᠷᠤᠭ᠎ᠠ ᠨᠡᠷ ᠤᠨ ᠬᠤᠷᠠᠯ ᠠᠴᠠ ᠪᠠᠶᠢᠩᠭᠤ ᠶᠢᠨ | ᠬᠤᠷᠢᠶᠠᠨ ᠤ ᠬᠤᠷᠠᠯ ᠤᠨ ᠬᠢᠨᠠᠨ ᠵᠦᠪᠯᠡᠭᠰᠡᠨ ᠪᠠᠶᠢᠳᠠᠯ ᠢ ᠦᠨᠳᠤᠰᠤᠯᠠᠵᠤ᠂ ᠰᠠᠨᠠᠯ ᠵᠦᠷᠢᠯᠳᠤᠬᠡᠨ ᠨᠡᠯᠢᠶᠡᠳ ᠶᠡᠭᠡ | ᠴᠢᠬᠤᠯᠠ ᠵᠦᠢᠯ ᠵᠤᠷᠪᠤᠰ ᠢ ᠪᠠᠶᠢᠩᠭᠤ ᠶᠢᠨ ᠬᠤᠷᠢᠶᠠᠨ ᠤ ᠬᠤᠷᠠᠯ ᠳᠤ ᠲᠡᠪᠰᠢᠬᠦᠯᠵᠤ ᠠᠰᠳᠠᠭᠠᠨ ᠪᠠᠳᠤᠯᠠᠭᠤᠯᠵᠤ | ᠪᠤᠯᠤᠨ᠎ᠠ᠃ | | ᠠᠰᠳᠠᠭᠠᠨ ᠪᠠᠳᠤᠯᠠᠬᠤ ᠵᠦᠢᠯ ᠢ ᠪᠠᠶᠢᠩᠭᠤ ᠶᠢᠨ ᠬᠤᠷᠢᠶᠠᠨ ᠤ ᠬᠤᠷᠠᠯ ᠢᠶᠠᠷ ᠪᠠᠳᠤᠯᠠᠭᠤᠯᠤᠬᠰᠠᠨ ᠤ ᠲᠠᠷᠠᠭ᠎ᠠ | ᠂ ᠬᠤᠷᠢᠶᠠᠨ ᠲᠠᠷᠤᠭ᠎ᠠ ᠨᠡᠷ ᠤᠨ ᠬᠤᠷᠠᠯ ᠠᠴᠠ ᠠᠰᠳᠠᠭᠠᠨ ᠪᠠᠳᠤᠯᠠᠬᠰᠠᠨ ᠪᠠᠶᠢᠳᠠᠯ ᠢ ᠦᠨᠳᠤᠰᠤᠯᠠᠵᠤ᠂ ᠬᠠᠤᠯᠢ ᠶᠢᠨ | ᠲᠦᠰᠤᠯ ᠤᠨ ᠪᠠᠳᠤᠯᠠᠭᠤᠯᠬᠤ ᠡᠬᠡ ᠨᠤᠤᠷᠠᠬ ᠢ ᠲᠡᠪᠰᠢᠬᠦᠯᠤᠨ ᠪᠠᠳᠤᠯᠠᠭᠤᠯᠬᠤ ᠪᠠᠷ ᠲᠤᠭᠳᠠᠭᠠᠵᠤ ᠪᠤᠯᠤᠨ᠎ᠠ᠂ ᠪᠠᠰᠠ | ᠲᠦᠷ ᠪᠠᠳᠤᠯᠠᠭᠤᠯᠬᠤ ᠦᠭᠡᠢ ᠪᠠᠷ ᠲᠤᠭᠳᠠᠭᠠᠵᠤ᠂ ᠬᠠᠤᠯᠢ ᠴᠠᠭᠠᠵᠠ ᠶᠢᠨ ᠵᠦᠪᠯᠠᠯ ᠪᠤᠯᠤᠨ ᠬᠤᠯᠪᠤᠬᠳᠠᠯ ᠪᠦᠬᠦᠢ | ᠲᠤᠰᠬᠠᠢ ᠵᠦᠪᠯᠠᠯ ᠳᠤ ᠲᠤᠰᠢᠶᠠᠨ ᠦᠭᠴᠤ ᠴᠢᠨᠠᠬᠰᠢᠳᠠ ᠬᠢᠨᠠᠨ ᠵᠦᠪᠯᠡᠬᠦᠯᠵᠦ ᠪᠤᠯᠤᠨ᠎ᠠ᠃ | | ᠲᠦᠴᠢᠨ ᠬᠤᠶᠠᠳᠤᠭᠠᠷ ᠵᠦᠢᠯ ᠪᠠᠶᠢᠩᠭᠤ ᠶᠢᠨ ᠬᠤᠷᠢᠶᠠᠨ ᠤ ᠬᠤᠷᠠᠯ ᠤᠨ ᠬᠢᠨᠠᠨ ᠵᠦᠪᠯᠡᠬᠦ ᠳᠤ | ᠤᠷᠤᠭᠤᠯᠤᠭᠰᠠᠨ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠡᠯ᠎ᠡ ᠲᠠᠯ᠎ᠠ ᠶᠢᠨ ᠬᠢᠨ ᠲᠤᠰ ᠬᠠᠥᠯᠢ ᠶᠢ | ᠲᠤᠭᠳᠠᠭᠠᠬᠤ ᠴᠢᠬᠤᠯᠨ ᠴᠢᠨᠠᠷ᠂ ᠪᠤᠯᠤᠮᠵᠢᠳᠤ ᠴᠢᠨᠠᠷ ᠵᠡᠷᠭᠡ ᠴᠢᠬᠤᠯᠨ ᠶᠡᠭᠡ ᠠᠰᠠᠭᠤᠳᠠᠯ ᠤᠨ ᠲᠠᠯ᠎ᠠ ᠪᠠᠷ ᠨᠡᠯᠢᠶᠡᠥᠨ | ᠶᠡᠭᠡ ᠰᠠᠨᠠᠯ ᠵᠦᠷᠢᠯᠳᠦᠭᠡᠨ ᠲᠠᠢ ᠪᠠᠶᠢᠬᠤ ᠠᠴᠠ ᠪᠤᠯᠤᠭᠠᠳ ᠬᠢᠨᠠᠨ ᠵᠦᠪᠯᠡᠭᠰᠠᠨ ᠦᠭᠡᠢ ᠲᠠᠯᠪᠢᠵᠤ ᠪᠦᠬᠦᠯᠢ ᠬᠤᠶᠠᠷ | ᠵᠢᠯ ᠪᠤᠯᠤᠭᠰᠠᠨ᠂ ᠡᠰᠡᠬᠦᠯ᠎ᠡ ᠲᠦᠷ ᠪᠠᠳᠤᠯᠠᠭᠤᠯᠤᠭᠰᠠᠨ ᠦᠭᠡᠢ ᠪᠠᠷ ᠬᠤᠶᠠᠷ ᠵᠢᠯ ᠦᠡᠭᠭᠡᠷᠡᠭᠡᠥᠨ ᠪᠠᠶᠢᠩᠭᠤ ᠶᠢᠨ | ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ ᠲᠠᠬᠢᠨ ᠤᠷᠤᠭᠤᠯᠵᠤ ᠬᠢᠨᠠᠨ ᠵᠦᠪᠯᠡᠬᠦᠯᠦᠭᠰᠠᠨ ᠦᠭᠡᠢ ᠪᠠᠶᠢᠪᠠᠯ᠂ | ᠬᠤᠷᠢᠶᠠᠨ ᠲᠠᠷᠤᠭ᠎ᠠ ᠨᠠᠷ ᠤᠨ ᠬᠤᠷᠠᠯ ᠠᠴᠠ ᠪᠠᠶᠢᠩᠭᠤ ᠶᠢᠨ ᠬᠤᠷᠢᠶ᠎ᠠ ᠳᠤ ᠮᠡᠳᠡᠬᠦᠯᠵᠦ᠂ ᠲᠤᠰ ᠬᠠᠥᠯᠢ ᠶᠢᠨ ᠰᠠᠨᠠᠯ | ᠵᠦᠪᠯᠡᠯᠭᠡ ᠶᠢ ᠬᠢᠨᠠᠨ ᠵᠦᠪᠯᠡᠬᠦ ᠪᠠᠨ ᠵᠤᠭᠰᠤᠨ᠎ᠠ᠃ | | ᠲᠦᠴᠢᠨ ᠭᠤᠷᠪᠠᠳᠤᠭᠠᠷ ᠵᠦᠢᠯ ᠤᠯᠠᠨ ᠲᠠᠯ᠎ᠠ ᠶᠢᠨ ᠬᠠᠤᠯᠢ ᠴᠠᠭᠠᠵᠠ ᠲᠤ ᠤᠷᠤᠰᠢᠬᠤ ᠠᠳᠠᠯᠢ ᠴᠢᠨᠠᠷᠳᠠᠢ | ᠶᠠᠪᠤᠳᠠᠯ ᠳᠤ ᠬᠤᠯᠪᠤᠬᠳᠠᠬᠰᠠᠨ ᠤᠨᠴᠠ ᠵᠠᠷᠢᠮ ᠵᠦᠢᠯ ᠵᠤᠷᠪᠤᠰ ᠳᠤ ᠵᠠᠰᠠᠪᠤᠷᠢ ᠤᠷᠤᠭᠤᠯᠬᠤ ᠲᠤᠬᠠᠢ ᠬᠠᠤᠯᠢ | ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠬᠤᠷᠢᠶᠠᠨ ᠲᠠᠷᠤᠭ᠎ᠠ ᠨᠡᠷ ᠤᠨ ᠬᠤᠷᠠᠯ ᠢᠶᠠᠷ ᠲᠤᠭᠳᠠᠭᠠᠬᠰᠠᠨ ᠤ ᠲᠠᠷᠠᠭ᠎ᠠ | ᠂ ᠨᠡᠶᠢᠯᠡᠬᠦᠯᠤᠨ ᠪᠠᠳᠤᠯᠠᠭᠤᠯᠵᠤ ᠪᠤᠯᠤᠨ᠎ᠠ᠂ ᠪᠠᠰᠠ ᠲᠤᠰ ᠲᠤᠰ ᠲᠤᠨᠢ ᠪᠠᠳᠤᠯᠠᠭᠤᠯᠵᠤ ᠪᠤᠯᠤᠨ᠎ᠠ᠃ | | ᠲᠦᠴᠢᠨ ᠲᠦᠷᠪᠡᠳᠤᠭᠡᠷ ᠵᠦᠢᠯ ᠪᠠᠶᠢᠩᠭᠤ ᠶᠢᠨ ᠬᠤᠷᠢᠶ᠎ᠠ ᠪᠠᠷ ᠪᠠᠳᠤᠯᠠᠭᠤᠯᠤᠬᠰᠠᠨ ᠬᠠᠤᠯᠢ ᠴᠠᠭᠠᠵᠠ ᠶᠢ | ᠤᠯᠤᠰ ᠤᠨ ᠲᠡᠷᠢᠬᠦᠯᠡᠭᠴᠢ ᠭᠠᠷ ᠤᠨ ᠦᠰᠦᠭ ᠵᠢᠷᠤᠵᠤ ᠲᠡᠷᠢᠬᠦᠯᠡᠭᠴᠢ ᠶᠢᠨ ᠵᠠᠷᠯᠢᠭ ᠢᠶᠠᠷ ᠨᠡᠶᠢᠳᠡᠯᠡᠨ᠎ᠡ᠃ | | ᠲᠦᠷᠪᠡᠳᠤᠭᠡᠷ ᠭᠡᠰᠡᠭ ᠬᠠᠤᠯᠢ ᠴᠠᠭᠠᠵᠠ ᠶᠢᠨ ᠲᠠᠶᠢᠯᠪᠤᠷᠢᠯᠠᠯᠳᠠ | | ᠲᠦᠴᠢᠨ ᠲᠠᠪᠤᠳᠤᠭᠠᠷ ᠵᠦᠢᠯ ᠬᠠᠥᠯᠢ ᠶᠢᠨ ᠲᠠᠶᠢᠯᠪᠤᠷᠢᠯᠠᠯ ᠬᠢᠬᠦ ᠡᠷᠭᠡ ᠪᠦᠬᠦ ᠤᠯᠤᠰ ᠤᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠳᠤ ᠬᠠᠷᠢᠶᠠᠯᠠᠭᠳᠠᠨ᠎ᠠ᠃ | | ᠬᠠᠥᠯᠢ ᠴᠠᠭᠠᠵᠠ ᠳᠤ ᠲᠤᠤᠷᠠᠬᠢ ᠪᠠᠶᠢᠳᠠᠯ ᠤᠨ ᠨᠢᠭᠡ ᠨᠢ ᠪᠠᠶᠢᠪᠠᠯ ᠪᠦᠬᠦ ᠤᠯᠤᠰ ᠤᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠠᠴᠠ ᠲᠠᠶᠢᠯᠪᠤᠷᠢᠯᠠᠯ ᠬᠢᠨ᠎ᠡ᠄ | | ︵ᠨᠢᠭᠡ︶ ᠬᠠᠥᠯᠢ ᠴᠠᠭᠠᠵᠠ ᠶᠢᠨ ᠲᠤᠭᠳᠠᠭᠠᠯ ᠤᠨ ᠪᠤᠳᠠᠳᠠᠢ ᠠᠭᠤᠯᠭ᠎ᠠ ᠶᠢ ᠤᠯᠠᠮ ᠨᠢᠭᠡ ᠠᠯᠬᠤᠮ ᠲᠤᠳᠤᠷᠬᠠᠢᠢᠯᠠᠬᠤ | ᠴᠢᠬᠤᠯᠠᠳᠠᠢ ᠪᠠᠶᠢᠬᠤ︔ | | ︵ᠬᠤᠶᠠᠷ︶ ᠬᠠᠥᠯᠢ ᠴᠠᠭᠠᠵᠠ ᠶᠢ ᠲᠤᠭᠳᠠᠭᠠᠭᠰᠠᠨ ᠤ ᠲᠠᠷᠠᠭ᠎ᠠ ᠰᠢᠨ᠎ᠠ ᠪᠠᠶᠢᠳᠠᠯ ᠭᠠᠷᠴᠤ᠂ ᠲᠤᠬᠢᠷᠠᠮᠵᠢᠳᠡᠢ ᠬᠠᠥᠯᠢ | ᠴᠠᠭᠠᠵᠠ ᠶᠢᠨ ᠦᠨᠳᠦᠰᠦ ᠪᠠᠷᠢᠮᠳᠠ ᠶᠢ ᠲᠤᠳᠤᠷᠬᠠᠢᠢᠯᠠᠬᠤ ᠴᠢᠬᠤᠯᠠᠳᠠᠢ ᠪᠠᠶᠢᠬᠤ᠃ | | ᠲᠦᠴᠢᠨ ᠵᠢᠷᠭᠤᠳᠤᠭᠠᠷ ᠵᠦᠢᠯ ᠲᠦᠷᠦ ᠶᠢᠨ ᠶᠠᠪᠤᠳᠠᠯ ᠤᠨ ᠬᠤᠷᠢᠶ᠎ᠠ᠂ ᠲᠦᠪ ᠤᠨ ᠴᠡᠷᠢᠭ ᠤᠨ | ᠶᠠᠪᠤᠳᠠᠯ ᠤᠨ ᠬᠤᠷᠢᠶ᠎ᠠ᠂ ᠠᠷᠠᠥᠨ ᠤᠨ ᠲᠡᠭᠡᠳᠦ ᠰᠢᠬᠦᠬᠦ ᠬᠤᠷᠢᠶ᠎ᠠ᠂ ᠠᠷᠠᠥᠨ ᠤᠨ ᠲᠡᠭᠡᠳᠦ ᠪᠠᠶᠢᠴᠠᠭᠠᠬᠤ ᠬᠤᠷᠢᠶ᠎ᠠ | ᠪᠠ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠡᠯ᠎ᠡ ᠲᠤᠰᠬᠠᠢ ᠵᠦᠪᠯᠡᠯ ᠵᠢᠴᠢ ᠮᠤᠵᠢ | ᠂ ᠦᠪᠡᠷᠳᠡᠭᠡᠨ ᠵᠠᠰᠠᠬᠤ ᠤᠷᠤᠨ᠂ ᠰᠢᠭᠤᠤᠨ ᠬᠠᠷᠢᠶ᠎ᠠ ᠬᠤᠳᠠ ᠶᠢᠨ ᠠᠷᠠᠥᠨ ᠤᠨ ᠲᠦᠯᠦᠭᠡᠯᠡᠭᠴᠢᠥᠨ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶ᠎ᠠ ᠠᠴᠠ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶᠠᠨ ᠳᠤ ᠬᠠᠥᠯᠢ ᠴᠠᠭᠠᠵᠠ ᠶᠢᠨ ᠲᠠᠶᠢᠯᠪᠤᠷᠢᠯᠠᠯ ᠬᠢᠯᠭᠡᠬᠦ ᠱᠠᠭᠠᠷᠳᠠᠯᠭ᠎ᠠ ᠲᠤᠷᠠᠥᠨᠴᠦ | ᠪᠤᠯᠤᠨ᠎ᠠ᠃ | | ᠲᠦᠴᠢᠨ ᠲᠤᠯᠤᠳᠤᠭᠠᠷ ᠵᠦᠢᠯ ᠪᠠᠶᠢᠩᠭᠤ ᠶᠢᠨ ᠬᠤᠷᠢᠶᠠᠨ ᠤ ᠠᠵᠢᠯ ᠤᠨ ᠪᠠᠶᠢᠭᠤᠯᠤᠮᠵᠢ ᠬᠠᠥᠯᠢ ᠶᠢᠨ | ᠲᠠᠶᠢᠯᠪᠤᠷᠢᠯᠠᠯ ᠤᠨ ᠲᠦᠰᠦᠯ ᠢ ᠰᠤᠳᠤᠯᠤᠨ ᠲᠤᠭᠳᠠᠭᠠᠵᠤ᠂ ᠬᠤᠷᠢᠶᠠᠨ ᠲᠠᠷᠤᠭ᠎ᠠ ᠨᠠᠷ ᠤᠨ ᠬᠤᠷᠠᠯ ᠠᠴᠠ | ᠪᠠᠶᠢᠩᠭᠤ ᠶᠢᠨ ᠬᠤᠷᠢᠶᠠᠨ ᠤ ᠬᠤᠷᠠᠯ ᠤᠨ ᠵᠦᠪᠯᠡᠬᠦ ᠵᠦᠢᠯ ᠳᠤ ᠤᠷᠤᠭᠤᠯᠬᠤ ᠪᠠᠷ ᠲᠤᠭᠳᠠᠭᠠᠨ᠎ᠠ᠃ | | ᠲᠦᠴᠢᠨ ᠨᠠᠢᠮᠠᠳᠤᠭᠠᠷ ᠵᠦᠢᠯ ᠬᠠᠥᠯᠢ ᠶᠢᠨ ᠲᠠᠶᠢᠯᠪᠤᠷᠢᠯᠠᠯᠳᠠ ᠶᠢᠨ ᠲᠦᠰᠦᠯ ᠢ ᠪᠠᠶᠢᠩᠭᠤ ᠶᠢᠨ | ᠬᠤᠷᠢᠶᠠᠨ ᠤ ᠬᠤᠷᠠᠯ ᠢᠶᠠᠷ ᠬᠢᠨᠠᠨ ᠵᠦᠪᠯᠡᠬᠦᠯᠦᠭᠰᠡᠨ ᠤ ᠲᠠᠷᠠᠭ᠎ᠠ᠂ ᠬᠠᠥᠯᠢ ᠴᠠᠭᠠᠵᠠ ᠶᠢᠨ ᠵᠦᠪᠯᠡᠯ ᠠᠴᠠ | ᠪᠠᠶᠢᠩᠭᠤ ᠶᠢᠨ ᠬᠤᠷᠢᠶᠠᠨ ᠤ ᠪᠦᠷᠢᠯᠳᠦᠬᠦᠨ ᠤ ᠬᠢᠨᠠᠨ ᠵᠦᠪᠯᠡᠭᠰᠡᠨ ᠰᠠᠨᠠᠯ ᠢ ᠦᠨᠳᠦᠰᠦᠯᠡᠨ ᠬᠢᠨᠠᠨ ᠵᠦᠪᠯᠠᠵᠤ᠂ | ᠵᠠᠰᠠᠪᠤᠷᠢ ᠤᠷᠤᠭᠤᠯᠤᠭᠠᠥᠨ᠂ ᠬᠠᠥᠯᠢ ᠶᠢᠨ ᠲᠠᠶᠢᠯᠪᠤᠷᠢᠯᠠᠯᠳᠠ ᠶᠢᠨ ᠲᠦᠰᠦᠯ ᠤᠨ ᠪᠠᠳᠤᠯᠠᠭᠤᠯᠬᠤ ᠨᠤᠤᠷᠠᠭ ᠢ | ᠲᠤᠷᠠᠳᠤᠨ ᠭᠠᠷᠭᠠᠨ᠎ᠠ᠃ | | ᠲᠦᠴᠢ ᠶᠢᠰᠤᠳᠤᠭᠡᠷ ᠵᠦᠢᠯ ᠬᠠᠥᠯᠢ ᠶᠢᠨ ᠲᠠᠶᠢᠯᠪᠤᠷᠢᠯᠠᠯᠳᠠ ᠶᠢᠨ ᠲᠦᠰᠦᠯ ᠤᠨ ᠪᠠᠳᠤᠯᠠᠭᠤᠯᠬᠤ ᠨᠤᠤᠷᠠᠭ ᠢ | ᠪᠠᠶᠢᠩᠭᠤ ᠶᠢᠨ ᠬᠤᠷᠢᠶᠠᠨ ᠤ ᠪᠦᠬᠦ ᠪᠦᠷᠢᠯᠳᠦᠬᠦᠨ ᠤ ᠬᠠᠭᠠᠰ ᠠᠴᠠ ᠲᠡᠭᠡᠭᠰᠢᠬᠢ ᠲᠤᠭᠠᠨ ᠤ ᠬᠦᠮᠦᠨ ᠢᠶᠠᠷ | ᠪᠠᠳᠤᠯᠠᠭᠤᠯᠵᠤ᠂ ᠪᠠᠶᠢᠩᠭᠤ ᠶᠢᠨ ᠬᠤᠷᠢᠶ᠎ᠠ ᠠᠴᠠ ᠠᠯᠪᠠᠨ ᠵᠠᠷ ᠭᠠᠷᠭᠠᠵᠤ ᠨᠡᠶᠢᠳᠡᠯᠡᠨ᠎ᠡ᠃ | | ᠲᠠᠪᠢᠳᠤᠭᠠᠷ ᠵᠦᠢᠯ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶᠠᠨ ᠤ ᠭᠢᠭᠰᠡᠨ ᠬᠠᠥᠯᠢ ᠶᠢᠨ ᠲᠠᠶᠢᠯᠪᠤᠷᠢᠯᠠᠯᠳᠠ ᠨᠢ ᠬᠠᠥᠯᠢ ᠴᠠᠭᠠᠵᠠ ᠲᠠᠢ ᠠᠳᠠᠯᠢᠬᠠᠨ | ᠬᠦᠴᠦᠨ ᠲᠠᠢ᠃ | | ᠲᠠᠪᠤᠳᠤᠭᠠᠷ ᠭᠡᠰᠡᠭ ᠪᠤᠰᠤᠤᠨ ᠲᠤᠭᠳᠠᠭᠠᠯ ᠤᠳ | | ᠲᠠᠪᠢᠨ ᠨᠢᠬᠡᠳᠤᠭᠡᠷ ᠵᠦᠢᠯ ᠪᠦᠬᠦ ᠤᠯᠤᠰ ᠤᠨ ᠠᠷᠠᠥᠨ ᠤᠨ ᠲᠦᠯᠦᠭᠡᠯᠭᠴᠢᠥᠨ ᠤᠨ ᠶᠡᠭᠡ ᠬᠤᠷᠠᠯ ᠵᠢᠴᠢ | ᠲᠡᠬᠦᠨ ᠤ ᠪᠠᠶᠢᠩᠭᠤ ᠶᠢᠨ ᠬᠤᠷᠢᠶ᠎ᠠ ᠬᠠᠤᠯᠢ ᠲᠤᠭᠳᠠᠭᠠᠬᠤ ᠠᠵᠢᠯ ᠢ ᠵᠤᠬᠢᠶᠠᠨ ᠪᠠᠶᠢᠭᠤᠯᠵᠤ ᠵᠤᠬᠢᠴᠠᠭᠤᠯᠬᠤ ᠪᠠᠨ | ᠴᠢᠩᠭᠠᠳᠬᠠᠵᠤ᠂ ᠬᠠᠤᠯᠢ ᠲᠤᠭᠳᠠᠭᠠᠬᠤ ᠠᠵᠢᠯ ᠳᠠᠬᠢ ᠭᠤᠤᠯ ᠵᠢᠯᠤᠭᠤᠳᠤᠮᠵᠢ ᠶᠢᠨ ᠤᠢᠢᠯᠡᠳᠤᠯ ᠢᠶᠠᠨ | ᠪᠠᠳᠠᠷᠠᠭᠤᠯᠤᠨ᠎ᠠ᠃ | | ᠲᠠᠪᠢᠨ ᠬᠤᠶᠠᠳᠤᠭᠠᠷ ᠵᠦᠢᠯ ᠪᠦᠬᠦ ᠤᠯᠤᠰ ᠤᠨ ᠠᠷᠠᠳ ᠤᠨ ᠲᠦᠯᠤᠬᠡᠯᠡᠭᠴᠢᠳ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠬᠠᠤᠯᠢ ᠲᠤᠭᠳᠠᠭᠠᠬᠤ ᠲᠦᠯᠤᠪᠵᠢᠬᠦᠯᠬᠡ᠂ ᠤᠨ ᠤ ᠬᠠᠤᠯᠢ ᠲᠤᠭᠳᠠᠭᠠᠬᠤ ᠲᠦᠯᠤᠪᠯᠡᠭᠡ | ᠵᠡᠷᠬᠡ ᠬᠡᠯᠪᠡᠷᠢ ᠪᠠᠷ ᠲᠠᠮᠵᠢᠭᠤᠯᠵᠤ᠂ ᠬᠠᠤᠯᠢ ᠲᠤᠭᠳᠠᠭᠠᠬᠤ ᠠᠵᠢᠯ ᠳᠠᠬᠢ ᠨᠢᠬᠡᠳᠤᠯᠳᠠᠢ ᠲᠦᠯᠤᠪᠵᠢᠬᠦᠯᠤᠨ | ᠲᠤᠬᠢᠷᠠᠭᠤᠯᠬᠤ ᠶᠢ ᠴᠢᠩᠭᠠᠳᠬᠠᠨ᠎ᠠ᠃ ᠬᠠᠤᠯᠢ ᠲᠤᠭᠳᠠᠭᠠᠬᠤ ᠲᠦᠯᠤᠪᠵᠢᠬᠦᠯᠬᠡ ᠪᠤᠯᠤᠨ ᠤᠨ ᠤ ᠬᠠᠤᠯᠢ | ᠲᠤᠭᠳᠠᠭᠠᠬᠤ ᠲᠦᠯᠤᠪᠯᠡᠭᠡ ᠶᠢ ᠨᠠᠶᠢᠷᠠᠭᠤᠯᠤᠨ ᠵᠤᠬᠢᠶᠠᠬᠤ ᠳᠤ᠂ ᠲᠦᠯᠤᠬᠡᠯᠡᠭᠴᠢᠳ ᠤᠨ ᠰᠠᠨᠠᠯ ᠵᠦᠪᠯᠡᠯᠬᠡ ᠪᠤᠯᠤᠨ | ᠰᠠᠨᠠᠭᠤᠯᠭ᠎ᠠ ᠶᠢ ᠨᠠᠷᠢᠨ ᠬᠢᠨᠠᠮᠠᠭᠠᠢ ᠰᠤᠳᠤᠯᠵᠤ᠂ ᠦᠷᠬᠡᠨ ᠢᠶᠠᠷ ᠰᠠᠨᠠᠯ ᠬᠤᠷᠢᠶᠠᠵᠤ᠂ ᠰᠢᠨᠵᠢᠯᠡᠬᠦ ᠤᠬᠠᠭᠠᠨᠴᠢ ᠪᠠᠷ | ᠦᠨᠡᠯᠠᠯᠳᠠ ᠬᠢᠵᠤ᠂ ᠠᠵᠤ ᠠᠬᠤᠢ ᠨᠡᠶᠢᠬᠡᠮ ᠤᠨ ᠬᠦᠭᠵᠢᠯᠳᠠ ᠪᠤᠯᠤᠨ ᠠᠷᠠᠳᠴᠢᠯᠠᠯᠳᠦ ᠬᠠᠤᠯᠢᠵᠢᠯ ᠤᠨ | ᠪᠠᠶᠢᠭᠤᠯᠤᠯᠳᠠ ᠶᠢᠨ ᠭᠡᠷᠡᠭᠴᠡᠭᠡ ᠶᠢ ᠦᠨᠳᠤᠰᠤᠯᠠᠵᠤ᠂ ᠬᠠᠤᠯᠢ ᠲᠤᠭᠳᠠᠭᠠᠬᠤ ᠲᠦᠷᠤᠯ ᠵᠦᠢᠯ ᠢ ᠲᠤᠭᠳᠠᠭᠠᠵᠤ᠂ | ᠬᠠᠤᠯᠢ ᠲᠤᠭᠳᠠᠭᠠᠬᠤ ᠴᠠᠬᠴᠢ ᠴᠢᠨᠠᠷ᠂ ᠴᠢᠭᠯᠡᠯᠳᠤ ᠴᠢᠨᠠᠷ ᠪᠤᠯᠤᠨ ᠰᠢᠰᠲ᠋ᠧᠮᠳᠤ ᠴᠢᠨᠠᠷ ᠢ ᠲᠡᠭᠡᠭᠰᠢᠯᠡᠬᠦᠯᠬᠦ ᠭᠡᠷᠡᠭᠳᠠᠢ᠃ | ᠬᠠᠤᠯᠢ ᠲᠤᠭᠳᠠᠭᠠᠬᠤ ᠲᠦᠯᠤᠪᠵᠢᠬᠦᠯᠬᠡ ᠪᠤᠯᠤᠨ ᠤᠨ ᠤ ᠬᠠᠤᠯᠢ ᠲᠤᠭᠳᠠᠭᠠᠬᠤ ᠲᠦᠯᠤᠪᠯᠡᠭᠡ ᠶᠢ ᠬᠤᠷᠢᠶᠠᠨ | ᠲᠠᠷᠤᠭ᠎ᠠ ᠨᠠᠷ ᠤᠨ ᠬᠤᠷᠠᠯ ᠠᠴᠠ ᠪᠠᠳᠤᠯᠠᠬᠤ ᠶᠢᠨ ᠬᠠᠮᠳᠦ ᠨᠡᠶᠢᠬᠡᠮ ᠳᠤ ᠨᠡᠶᠢᠳᠠᠯᠠᠨ᠎ᠠ᠃ | | ᠪᠦᠬᠦ ᠤᠯᠤᠰ ᠤᠨ ᠠᠷᠠᠳ ᠤᠨ ᠲᠦᠯᠤᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ | ᠠᠵᠢᠯ ᠤᠨ ᠪᠠᠶᠢᠭᠤᠯᠤᠮᠵᠢ ᠠᠴᠠ ᠬᠠᠤᠯᠢ ᠲᠤᠭᠳᠠᠭᠠᠬᠤ ᠲᠦᠯᠤᠪᠵᠢᠬᠦᠯᠬᠡ ᠶᠢ ᠨᠠᠶᠢᠷᠠᠭᠤᠯᠤᠨ ᠵᠤᠬᠢᠶᠠᠬᠤ ᠪᠠ ᠤᠨ ᠤ | ᠬᠠᠤᠯᠢ ᠲᠤᠭᠳᠠᠭᠠᠬᠤ ᠲᠦᠯᠤᠪᠯᠡᠭᠡ ᠶᠢ ᠲᠤᠭᠳᠠᠭᠠᠬᠤ ᠶᠢ ᠬᠠᠷᠢᠭᠤᠴᠠᠬᠤ ᠶᠢᠨ ᠬᠠᠮᠳᠦ ᠪᠦᠬᠦ ᠤᠯᠤᠰ ᠤᠨ ᠠᠷᠠᠳ ᠤᠨ | ᠲᠦᠯᠤᠬᠡᠨᠯᠭᠴᠢᠳ ᠤᠨ ᠶᠡᠭᠡ ᠬᠤᠷᠡᠯ ᠤᠨ ᠪᠠᠶᠢᠩᠭᠤ ᠶᠢᠨ ᠬᠤᠷᠢᠶᠠᠨ ᠤ ᠱᠠᠭᠠᠷᠳᠠᠯᠭ᠎ᠠ ᠶᠢ ᠦᠨᠳᠤᠰᠤᠯᠡᠵᠦ᠂ ᠬᠠᠤᠯᠢ | ᠲᠤᠭᠳᠠᠭᠠᠬᠤ ᠲᠦᠯᠤᠪᠵᠢᠬᠦᠯᠬᠡ ᠪᠤᠯᠤᠨ ᠤᠨ ᠤ ᠲᠦᠯᠤᠪᠯᠡᠭᠡ ᠶᠢ ᠨᠠᠶᠢᠳᠠᠪᠤᠷᠢᠵᠢᠭᠤᠯᠬᠤ ᠶᠢ ᠱᠠᠯᠠᠪᠳᠠᠭᠤᠯᠤᠨ | ᠱᠠᠭᠠᠷᠳᠠᠨ᠎ᠠ᠃ | | ᠲᠠᠪᠢᠨ ᠭᠤᠷᠪᠠᠳᠤᠭᠠᠷ ᠵᠦᠢᠯ ᠪᠦᠬᠦ ᠤᠯᠤᠰ ᠤᠨ ᠠᠷᠠᠳ ᠤᠨ ᠲᠦᠯᠤᠬᠡᠯᠡᠭᠴᠢᠳ ᠤᠨ ᠶᠡᠭᠡ ᠬᠤᠷᠠᠯ ᠤᠨ | ᠬᠤᠯᠪᠤᠬᠳᠠᠯ ᠪᠦᠬᠦᠢ ᠲᠤᠰᠬᠠᠢ ᠵᠦᠪᠯᠠᠯ᠂ ᠪᠠᠶᠢᠩᠭᠤ ᠶᠢᠨ ᠬᠤᠷᠢᠶᠠᠨ ᠤ ᠠᠵᠢᠯ ᠤᠨ ᠪᠠᠶᠢᠭᠤᠯᠤᠮᠵᠢ ᠬᠤᠯᠪᠤᠬᠳᠠᠯ | ᠪᠦᠬᠦᠢ ᠬᠠᠤᠯᠢ ᠴᠠᠭᠠᠵᠠ ᠶᠢᠨ ᠲᠦᠰᠤᠯ ᠤᠨ ᠲᠤᠭᠤᠷᠪᠢᠨ ᠪᠢᠴᠢᠬᠦ ᠠᠵᠢᠯ ᠳᠤ ᠤᠷᠢᠳᠴᠢᠯᠠᠨ ᠤᠷᠤᠯᠴᠠᠬᠤ ᠬᠡᠷᠡᠭᠳᠡᠢ | ︔ ᠶᠠᠷᠤᠩᠬᠡᠶᠢᠯᠡᠭᠰᠡᠨ ᠴᠢᠨᠠᠷ ᠲᠠᠢ᠂ ᠪᠦᠬᠦ ᠲᠠᠯ᠎ᠠ ᠶᠢᠨ ᠴᠢᠨᠠᠷ ᠲᠠᠢ᠂ ᠰᠠᠭᠤᠷᠢ ᠴᠢᠨᠠᠷ ᠲᠠᠢ ᠴᠢᠬᠤᠯᠠ ᠬᠠᠤᠯᠢ ᠶᠢᠨ | ᠲᠦᠰᠤᠯ ᠢ ᠬᠤᠯᠪᠤᠬᠳᠠᠯ ᠪᠦᠬᠦᠢ ᠲᠤᠰᠬᠠᠢ ᠵᠦᠪᠯᠠᠯ ᠪᠤᠶᠤ ᠪᠠᠶᠢᠩᠭᠤ ᠶᠢᠨ ᠬᠤᠷᠢᠶᠠᠨ ᠤ ᠠᠵᠢᠯ ᠤᠨ | ᠪᠠᠶᠢᠭᠤᠯᠤᠮᠵᠢ ᠠᠴᠠ ᠵᠤᠬᠢᠶᠠᠨ ᠪᠠᠶᠢᠭᠤᠯᠵᠤ ᠲᠤᠭᠤᠷᠪᠢᠨ ᠪᠢᠴᠢᠵᠤ ᠪᠤᠯᠤᠨ᠎ᠠ᠃ | | ᠲᠤᠰᠬᠠᠢ ᠴᠢᠨᠠᠷ ᠢᠶᠠᠷ ᠨᠡᠯᠢᠶᠡᠳ ᠴᠢᠩᠭ᠎ᠠ ᠬᠠᠤᠯᠢ ᠶᠢᠨ ᠲᠦᠰᠤᠯ ᠢ ᠬᠤᠯᠪᠤᠬᠳᠠᠯ ᠪᠦᠬᠦᠢ ᠬᠦᠷᠢᠶᠠᠨ ᠤ | ᠲᠤᠰᠬᠠᠢ ᠮᠡᠷᠬᠡᠵᠢᠯᠳᠠᠨ ᠢ ᠤᠷᠢᠨ ᠲᠤᠭᠤᠷᠪᠢᠨ ᠪᠢᠴᠢᠬᠦ ᠠᠵᠢᠯ ᠳᠤ ᠤᠷᠤᠯᠴᠠᠭᠤᠯᠬᠤ ᠪᠤᠶᠤ ᠬᠤᠯᠪᠤᠬᠳᠠᠯ ᠪᠦᠬᠦᠢ | ᠲᠤᠰᠬᠠᠢ ᠮᠡᠷᠬᠡᠵᠢᠯᠳᠠᠨ᠂ ᠵᠢᠭᠠᠨ ᠰᠤᠷᠭᠠᠯᠳᠠ ᠰᠢᠨᠵᠢᠯᠡᠬᠦ ᠤᠬᠠᠭᠠᠨ ᠤ ᠰᠤᠳᠤᠯᠭᠠᠨ ᠤ ᠨᠢᠬᠡᠴᠠ᠂ ᠨᠡᠶᠢᠬᠡᠮ ᠤᠨ | ᠵᠤᠬᠢᠶᠠᠨ ᠪᠠᠶᠢᠭᠤᠯᠤᠯᠳᠠ ᠳᠤ ᠨᠠᠶᠢᠳᠠᠵᠤ ᠲᠤᠭᠤᠷᠪᠢᠨ ᠪᠢᠴᠢᠬᠦᠯᠵᠤ ᠪᠤᠯᠤᠨ᠎ᠠ᠃ | | ᠲᠠᠪᠢᠨ ᠲᠦᠷᠪᠡᠳᠤᠭᠡᠷ ᠵᠦᠢᠯ ᠬᠠᠤᠯᠢ ᠴᠠᠭᠠᠵᠠ ᠶᠢᠨ ᠰᠠᠨᠠᠯ ᠵᠦᠪᠯᠡᠯᠭᠡ ᠶᠢ ᠲᠤᠷᠠᠳᠬᠤ ᠳᠤ ᠬᠠᠤᠯᠢ | ᠴᠠᠭᠠᠵᠠ ᠶᠢᠨ ᠲᠦᠰᠤᠯ ᠤᠨ ᠪᠢᠴᠢᠭ ᠵᠢᠴᠢ ᠲᠡᠬᠦᠨ ᠤ ᠳᠤᠳᠤᠷᠬᠠᠢᠢᠯᠠᠯᠳᠠ ᠶᠢ ᠵᠡᠷᠭᠡᠪᠡᠷ ᠲᠤᠷᠠᠳᠤᠨ ᠭᠠᠷᠭᠠᠬᠤ ᠶᠢᠨ | ᠬᠠᠮᠳᠦ ᠴᠢᠬᠤᠯᠠ ᠪᠦᠬᠦᠢ ᠯᠠᠪᠯᠠᠯᠳᠡ ᠶᠢᠨ ᠮᠠᠲ᠋ᠧᠷᠢᠶᠠᠯ ᠢ ᠬᠠᠩᠭᠠᠬᠤ ᠭᠡᠷᠡᠭᠳᠠᠢ᠃ ᠵᠠᠰᠠᠪᠤᠷᠢ ᠤᠷᠤᠭᠤᠯᠤᠬᠰᠠᠨ | ᠬᠠᠤᠯᠢ ᠶᠢ ᠵᠠᠰᠠᠪᠤᠷᠢ ᠤᠷᠤᠭᠤᠯᠬᠤ ᠠᠴᠠ ᠡᠮᠤᠨᠡᠬᠢ ᠬᠠᠤᠯᠢ ᠲᠠᠢ ᠬᠠᠷᠭᠤᠭᠤᠯᠤᠬᠰᠠᠨ ᠪᠢᠴᠢᠭ ᠢ ᠲᠡᠪᠰᠢᠬᠦᠯᠬᠦ | ᠭᠡᠷᠡᠭᠳᠠᠢ᠃ ᠬᠠᠤᠯᠢ ᠴᠠᠭᠠᠵᠠ ᠶᠢᠨ ᠲᠦᠰᠤᠯ ᠤᠨ ᠳᠤᠳᠤᠷᠬᠠᠢᠢᠯᠠᠯᠳᠠ ᠳᠤ ᠬᠠᠤᠯᠢ ᠲᠤᠭᠳᠠᠭᠠᠬᠤ ᠪᠠ ᠵᠠᠰᠠᠪᠤᠷᠢ | ᠤᠷᠤᠭᠤᠯᠬᠤ ᠴᠢᠬᠤᠯᠠ ᠴᠢᠨᠠᠷ᠂ ᠪᠤᠯᠤᠮᠵᠢᠳᠦ ᠴᠢᠨᠠᠷ ᠪᠤᠯᠤᠨ ᠭᠤᠤᠯ ᠠᠭᠤᠯᠭ᠎ᠠ ᠵᠢᠴᠢ ᠲᠤᠭᠤᠷᠪᠢᠨ ᠪᠢᠴᠢᠬᠦ | ᠶᠠᠪᠤᠴᠠ ᠳᠤ ᠴᠢᠬᠤᠯᠠ ᠶᠡᠭᠡ ᠵᠦᠷᠢᠯᠳᠤᠬᠡᠨ ᠲᠠᠢ ᠰᠠᠨᠠᠯ ᠢ ᠵᠤᠬᠢᠴᠠᠭᠤᠯᠤᠨ ᠰᠢᠢᠳᠪᠤᠷᠢᠯᠡᠭᠰᠡᠨ ᠪᠠᠶᠢᠳᠠᠯ ᠢ | ᠪᠠᠭᠳᠠᠭᠠᠬᠤ ᠭᠡᠷᠡᠭᠳᠠᠢ᠃ | | ᠲᠠᠪᠢᠨ ᠲᠠᠪᠤᠳᠤᠭᠠᠷ ᠵᠦᠢᠯ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠵᠢᠴᠢ | ᠲᠡᠬᠦᠨ ᠤ ᠪᠠᠶᠢᠩᠭᠤ ᠶᠢᠨ ᠬᠤᠷᠢᠶᠠᠨ ᠤ ᠪᠦᠬᠦᠳᠡ ᠬᠤᠷᠠᠯ ᠳᠤ ᠲᠤᠷᠠᠳᠤᠬᠰᠠᠨ ᠬᠠᠤᠯᠢ ᠴᠠᠭᠠᠵᠠ ᠶᠢᠨ ᠲᠤᠬᠠᠢ ᠰᠠᠨᠠᠯ | ᠵᠦᠪᠯᠡᠯᠭᠡ ᠶᠢ ᠬᠤᠷᠠᠯ ᠤᠨ ᠵᠦᠪᠯᠡᠬᠦ ᠵᠦᠢᠯ ᠳᠤ ᠤᠷᠤᠭᠤᠯᠬᠤ ᠠᠴᠠ ᠡᠮᠤᠨ᠎ᠠ᠂ ᠰᠠᠨᠠᠯ ᠵᠦᠪᠯᠡᠯᠬᠡ ᠲᠤᠷᠠᠳᠤᠬᠰᠠᠨ | ᠬᠦᠮᠤᠨ ᠪᠤᠴᠠᠭᠠᠨ ᠠᠪᠬᠤ ᠡᠷᠬᠡ ᠲᠠᠢ᠃ | | ᠲᠠᠪᠢᠨ ᠵᠢᠷᠭᠤᠳᠤᠭᠠᠷ ᠵᠦᠢᠯ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠵᠢᠴᠢ | ᠲᠡᠬᠦᠨ ᠤ ᠪᠠᠶᠢᠩᠭᠤ ᠶᠢᠨ ᠬᠤᠷᠢᠶᠠᠨ ᠤ ᠪᠦᠬᠦᠳᠡ ᠬᠤᠷᠠᠯ ᠳᠤ ᠪᠠᠳᠤᠯᠠᠭᠤᠯᠬᠤ ᠪᠠᠷ ᠲᠡᠪᠰᠢᠬᠦᠯᠦᠭᠡᠥᠨ | ᠪᠠᠳᠤᠯᠠᠭᠳᠠᠭᠰᠠᠨ ᠦᠭᠡᠢ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠰᠠᠨᠠᠯ ᠵᠦᠪᠯᠡᠯᠭᠡ ᠲᠤᠷᠠᠳᠤᠭᠰᠠᠨ | ᠬᠦᠮᠦᠨ ᠨᠢ ᠭᠡᠷᠪᠡ ᠲᠤᠰ ᠬᠠᠥᠯᠢ ᠶᠢ ᠡᠷᠭᠡᠪᠰᠢ ᠲᠤᠭᠳᠠᠭᠠᠬᠤ ᠭᠡᠷᠡᠭᠳᠡᠢ ᠭᠡᠵᠦ ᠦᠵᠡᠪᠡᠯ᠂ ᠬᠠᠥᠯᠢ ᠳᠤ | ᠲᠤᠭᠳᠠᠭᠠᠭᠰᠠᠨ ᠲᠡᠰ ᠲᠠᠷᠠᠭᠠᠯᠠᠯ ᠢᠶᠠᠷ ᠲᠠᠬᠢᠵᠤ ᠲᠤᠷᠠᠥᠨᠴᠦ ᠪᠤᠯᠤᠨ᠎ᠠ᠂ ᠰᠠᠨᠠᠯ ᠵᠦᠪᠯᠡᠯᠭᠡ ᠶᠢ ᠬᠤᠷᠠᠯ ᠤᠨ ᠵᠦᠪᠯᠡᠬᠦ | ᠵᠦᠢᠯ ᠳᠤ ᠤᠷᠤᠭᠤᠯᠬᠤ ᠡᠰᠡᠬᠦ ᠶᠢ ᠲᠡᠷᠢᠬᠦᠯᠡᠭᠴᠢᠥᠨ ᠤᠨ ᠪᠦᠯᠬᠦᠮ᠂ ᠬᠤᠷᠢᠶᠠᠨ ᠲᠠᠷᠤᠭ᠎ᠠ ᠨᠠᠷ ᠤᠨ ᠬᠤᠷᠠᠯ ᠠᠴᠠ | ᠲᠤᠭᠳᠠᠭᠠᠨ᠎ᠠ︔ ᠡᠭᠦᠨ ᠳᠤ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠳᠤ | ᠪᠠᠳᠤᠯᠠᠭᠳᠠᠭᠰᠠᠨ ᠦᠭᠡᠢ ᠬᠠᠥᠯᠢ ᠴᠠᠭᠠᠵᠠ ᠶᠢᠨ ᠲᠤᠬᠠᠢ ᠰᠠᠨᠠᠯ ᠵᠦᠪᠯᠡᠯᠭᠡ ᠶᠢ ᠪᠦᠬᠦ ᠤᠯᠤᠰ ᠤᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠳᠤ ᠲᠡᠪᠰᠢᠬᠦᠯᠵᠦ ᠬᠢᠨᠠᠨ ᠵᠦᠪᠯᠡᠬᠦᠯᠵᠤ ᠲᠤᠭᠳᠠᠭᠠᠯᠭᠠᠬᠤ ᠭᠡᠷᠡᠭᠳᠡᠢ᠃ | | ᠲᠠᠪᠢᠨ ᠲᠤᠯᠤᠳᠤᠭᠠᠷ ᠵᠦᠢᠯ ᠬᠠᠥᠯᠢ ᠶᠢ ᠭᠡᠷᠡᠭᠵᠢᠬᠦᠯᠬᠦ ᠴᠠᠬ ᠬᠤᠭᠤᠴᠠᠭ᠎ᠠ ᠶᠢ ᠲᠤᠳᠤᠷᠬᠠᠢ ᠲᠤᠭᠳᠠᠭᠠᠬᠤ | ᠭᠡᠷᠡᠭᠳᠡᠢ᠃ | | ᠲᠠᠪᠢᠨ ᠨᠠᠢᠮᠠᠳᠤᠭᠠᠷ ᠵᠦᠢᠯ ᠬᠠᠥᠯᠢ ᠶᠢ ᠨᠡᠶᠢᠳᠡᠯᠡᠬᠦ ᠭᠠᠷ ᠤᠨ ᠦᠰᠦᠭ ᠵᠢᠷᠤᠭᠰᠠᠨ ᠲᠡᠷᠢᠬᠦᠯᠡᠭᠴᠢ ᠶᠢᠨ | ᠵᠠᠷᠯᠢᠭ ᠳᠤ ᠲᠤᠰ ᠬᠠᠥᠯᠢ ᠶᠢ ᠲᠤᠭᠳᠠᠭᠠᠭᠰᠠᠨ ᠪᠠᠶᠢᠭᠤᠯᠤᠯᠭ᠎ᠠ᠂ ᠪᠠᠳᠤᠯᠠᠭᠰᠠᠨ ᠪᠠ ᠭᠡᠷᠡᠭᠵᠢᠬᠦᠯᠬᠦ ᠴᠠᠬ | ᠬᠤᠭᠤᠴᠠᠭ᠎ᠠ ᠶᠢ ᠲᠤᠳᠤᠷᠬᠠᠢ ᠪᠢᠴᠢᠬᠦ ᠭᠡᠷᠡᠭᠳᠡᠢ᠃ | | ᠭᠠᠷ ᠤᠨ ᠦᠰᠦᠭ ᠵᠢᠷᠤᠵᠤ ᠬᠠᠥᠯᠢ ᠶᠢ ᠨᠡᠶᠢᠳᠡᠯᠡᠭᠰᠡᠨ ᠤ ᠲᠠᠷᠠᠭ᠎ᠠ᠂ ᠪᠦᠬᠦ ᠤᠯᠤᠰ ᠤᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠠᠯᠪᠠᠨ ᠮᠡᠳᠡᠭᠡ ᠪᠠ ᠲᠤᠮᠳᠡᠳᠦ ᠤᠯᠤᠰ ᠤᠨ | ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠰᠦᠯᠵᠢᠶ᠎ᠠ ᠵᠢᠴᠢ ᠪᠦᠬᠦ ᠤᠯᠤᠰ ᠤᠨ ᠭᠡᠪᠴᠢᠶᠡᠨ ᠳᠤ | ᠲᠠᠷᠬᠠᠭᠠᠵᠤ ᠪᠠᠶᠢᠭ᠎ᠠ ᠰᠤᠨᠢᠨ ᠲᠡᠭᠡᠷ᠎ᠠ ᠴᠠᠭ ᠲᠤᠬᠠᠢ ᠳᠤᠨᠢ ᠨᠡᠶᠢᠳᠡᠯᠡᠨ᠎ᠠ᠃ | | ᠪᠠᠶᠢᠩᠭᠤ ᠶᠢᠨ ᠬᠤᠷᠢᠶᠠᠨ ᠤ ᠠᠯᠪᠠᠨ ᠮᠡᠳᠡᠭᠡ ᠲᠡᠭᠡᠷ᠎ᠡ ᠨᠡᠶᠢᠳᠡᠯᠡᠭᠰᠡᠨ ᠬᠠᠥᠯᠢ ᠶᠢᠨ ᠪᠢᠴᠢᠭ ᠨᠢ | ᠪᠠᠷᠢᠮᠵᠢᠶᠠᠳᠤ ᠪᠢᠴᠢᠭ ᠪᠤᠯᠤᠨ᠎ᠡ᠃ | | ᠲᠠᠪᠢ ᠶᠢᠰᠤᠳᠤᠭᠡᠷ ᠵᠦᠢᠯ ᠬᠠᠥᠯᠢ ᠳᠤ ᠵᠠᠰᠠᠪᠤᠷᠢ ᠤᠷᠤᠭᠤᠯᠬᠤ ᠪᠤᠶᠤ ᠲᠡᠬᠦᠨ ᠢ ᠬᠦᠴᠦᠨ ᠦᠭᠡᠢ | ᠪᠤᠯᠭᠠᠬᠤ ᠲᠡᠰ ᠲᠠᠷᠠᠭᠠᠯᠠᠯ ᠳᠤ ᠲᠤᠰ ᠪᠦᠯᠦᠭ ᠤᠨ ᠬᠤᠯᠪᠤᠭᠳᠠᠯ ᠪᠦᠭᠦᠢ ᠲᠤᠭᠳᠠᠭᠠᠯ ᠢ ᠭᠡᠷᠡᠭᠯᠡᠨ᠎ᠡ᠃ | | ᠬᠠᠥᠯᠢ ᠳᠤ ᠵᠠᠰᠠᠪᠤᠷᠢ ᠤᠷᠤᠭᠤᠯᠤᠭᠰᠠᠨ ᠤ ᠲᠠᠷᠠᠭ᠎ᠠ ᠰᠢᠨ᠎ᠠ ᠬᠠᠤᠯᠢ ᠶᠢᠨ ᠪᠢᠴᠢᠭ ᠢ ᠨᠡᠶᠢᠳᠠᠯᠠᠬᠦ ᠭᠡᠷᠡᠭᠳᠠᠢ᠃ | | | ᠬᠠᠥᠯᠢ ᠶᠢ ᠬᠦᠴᠤᠨ ᠦᠬᠡᠢ ᠪᠤᠯᠭᠠᠬᠰᠠᠨ ᠪᠠᠶᠢᠪᠠᠯ᠂ ᠲᠤᠰ ᠬᠠᠤᠯᠢ ᠶᠢ ᠬᠦᠴᠤᠨ ᠦᠬᠡᠢ ᠪᠤᠯᠭᠠᠬᠤ ᠪᠠᠷ | ᠲᠤᠭᠳᠠᠬᠰᠠᠨ ᠪᠤᠰᠤᠳ ᠬᠠᠤᠯᠢ ᠠᠴᠠ ᠭᠠᠳᠠᠨ᠎ᠠ᠂ ᠤᠯᠤᠰ ᠤᠨ ᠲᠡᠷᠢᠬᠦᠯᠡᠭᠴᠢ ᠠᠴᠠ ᠭᠠᠷ ᠤᠨ ᠦᠰᠦᠭ ᠵᠢᠷᠤᠵᠦ | ᠲᠡᠷᠢᠬᠦᠯᠡᠭᠴᠢ ᠶᠢᠨ ᠵᠠᠷᠯᠢᠭ ᠢᠶᠠᠷ ᠨᠡᠶᠢᠳᠠᠯᠡᠨᠠ᠃ | | ᠵᠢᠷᠠᠳᠤᠭᠠᠷ ᠵᠦᠢᠯ ᠬᠠᠤᠯᠢ ᠶᠢᠨ ᠲᠦᠰᠤᠯ ᠪᠤᠯᠤᠨ ᠪᠤᠰᠤᠳ ᠬᠠᠤᠯᠢ ᠶᠢᠨ ᠬᠤᠯᠪᠤᠬᠳᠠᠯ ᠪᠦᠬᠦᠢ | ᠲᠤᠭᠳᠠᠭᠠᠯ ᠲᠠᠢ ᠨᠢᠬᠡᠳᠤᠯ ᠦᠬᠡᠢ ᠦᠶᠡᠰ᠂ ᠰᠠᠨᠠᠯ ᠵᠦᠪᠯᠡᠯᠬᠡ ᠲᠤᠷᠠᠳᠤᠬᠰᠠᠨ ᠬᠦᠮᠤᠨ ᠳᠤᠳᠤᠷᠬᠠᠢᠢᠯᠠᠯᠳᠠ | ᠬᠢᠬᠦ ᠶᠢᠨ ᠬᠠᠮᠳᠦ ᠰᠢᠢᠳᠪᠤᠷᠢᠯᠡᠬᠦ ᠰᠠᠨᠠᠯ ᠲᠤᠷᠠᠳᠴᠤ᠂ ᠴᠢᠬᠤᠯᠠ ᠲᠠᠢ ᠦᠶ᠎ᠠ ᠳᠤ ᠪᠤᠰᠤᠳ ᠬᠠᠤᠯᠢ ᠶᠢᠨ | ᠬᠤᠯᠪᠤᠬᠳᠠᠯ ᠪᠦᠬᠦᠢ ᠲᠤᠭᠳᠠᠭᠠᠯ ᠳᠤ ᠵᠠᠰᠠᠪᠤᠷᠢ ᠤᠷᠤᠭᠤᠯᠬᠤ ᠪᠤᠶᠤ ᠬᠦᠴᠦᠨ ᠦᠭᠡᠢ ᠪᠤᠯᠭᠠᠬᠤ ᠰᠠᠨᠠᠯ | ᠵᠦᠪᠯᠡᠯᠬᠡ ᠶᠢ ᠬᠠᠮᠳᠦ ᠲᠤᠷᠠᠳᠬᠤ ᠭᠡᠷᠡᠭᠳᠠᠢ᠃ | | ᠬᠠᠤᠯᠢ ᠴᠠᠭᠠᠵᠠ ᠶᠢᠨ ᠵᠦᠪᠯᠡᠯ ᠪᠡ ᠬᠤᠯᠪᠤᠬᠳᠡᠯ ᠪᠦᠬᠦᠢ ᠲᠤᠰᠬᠠᠢ ᠵᠦᠪᠯᠡᠯ ᠬᠠᠤᠯᠢ ᠴᠠᠭᠠᠵᠠ ᠶᠢᠨ | ᠲᠤᠬᠠᠢ ᠰᠠᠨᠠᠯ ᠵᠦᠪᠯᠡᠯᠭᠡ ᠶᠢ ᠬᠢᠨᠡᠨ ᠵᠦᠪᠯᠡᠬᠦ ᠦᠶ᠎ᠠ ᠳᠤ᠂ ᠪᠤᠰᠤᠳ ᠬᠠᠤᠯᠢ ᠶᠢᠨ ᠬᠤᠯᠪᠤᠬᠳᠡᠯ ᠪᠦᠬᠦᠢ | ᠲᠤᠬᠳᠠᠭᠠᠯ ᠳᠤ ᠵᠡᠰᠠᠪᠤᠷᠢ ᠤᠷᠤᠭᠤᠯᠬᠤ ᠪᠤᠶᠤ ᠬᠦᠴᠦᠨ ᠦᠬᠡᠢ ᠪᠤᠯᠭᠠᠬᠤ ᠴᠢᠬᠤᠯᠡ ᠲᠠᠢ ᠬᠡᠵᠦ ᠦᠵᠡᠪᠡᠯ | ᠰᠢᠢᠳᠪᠤᠷᠢᠯᠡᠬᠦ ᠰᠠᠨᠠᠯ ᠢᠶᠠᠨ ᠲᠤᠷᠡᠳᠬᠤ ᠬᠡᠷᠡᠭᠳᠡᠢ᠃ | | ᠵᠢᠷᠠᠨ ᠨᠢᠬᠡᠳᠤᠬᠡᠷ ᠵᠦᠢᠯ ᠬᠠᠥᠯᠢ ᠳᠤ ᠠᠭᠤᠯᠭ᠎ᠠ ᠶᠢᠨ ᠭᠡᠷᠡᠭᠴᠡᠭᠡ ᠶᠢ ᠦᠨᠳᠦᠰᠦᠯᠡᠨ ᠠᠩᠭᠢ᠂ ᠪᠦᠯᠦᠭ᠂ | ᠭᠡᠰᠡᠭ᠂ ᠵᠦᠢᠯ᠂ ᠵᠤᠷᠪᠤᠰ᠂ ᠪᠠᠳᠠᠬ᠂ ᠢᠯᠭᠠᠯ ᠭᠡᠵᠦ ᠬᠤᠪᠢᠶᠠᠵᠤ ᠪᠤᠯᠤᠨ᠎ᠠ᠃ | | | ᠠᠩᠭᠢ᠂ ᠪᠦᠯᠦᠭ᠂ ᠭᠡᠰᠡᠭ᠂ ᠵᠦᠢᠯ ᠤᠨ ᠳ᠋ᠤᠭᠠᠷᠯᠠᠯ ᠢ ᠬᠢᠳᠠᠥᠨ ᠦᠰᠦᠭ ᠤᠨ ᠲᠤᠭᠠᠨ ᠤ ᠲᠠᠷᠠᠭᠠᠯᠠᠯ ᠢᠶᠠᠷ | ᠢᠯᠡᠥᠨᠭᠡᠨ᠎ᠡ᠂ ᠵᠤᠷᠪᠤᠰ ᠲᠤ ᠳ᠋ᠤᠭᠠᠷ ᠲᠠᠯᠪᠢᠬᠤ ᠦᠭᠡᠢ᠂ ᠪᠠᠳᠠᠬ ᠤᠨ ᠳ᠋ᠤᠭᠠᠷᠯᠠᠯ ᠢ ᠬᠠᠭᠠᠯᠳᠠ ᠲᠠᠢ ᠬᠢᠳᠠᠥᠨ | ᠦᠰᠦᠭ ᠤᠨ ᠲᠤᠭ᠎ᠠ ᠪᠠᠷ ᠲᠠᠷᠠᠭᠠᠯᠠᠨ ᠢᠯᠡᠥᠨᠭᠡᠨ᠎ᠡ᠂ ᠢᠯᠭᠠᠯ ᠤᠨ ᠳ᠋ᠤᠭᠠᠷᠯᠠᠯ ᠢ ᠠᠷᠠᠪ ᠲᠤᠭ᠎ᠠ ᠪᠠᠷ ᠲᠠᠷᠠᠭᠠᠯᠠᠨ | ᠢᠯᠡᠥᠨᠭᠡᠨ᠎ᠡ᠃ | | ᠬᠠᠥᠯᠢ ᠶᠢᠨ ᠭᠠᠷᠴᠠᠭ ᠲᠠᠬᠢ ᠭᠠᠷᠴᠠᠭ ᠤᠨ ᠲᠠᠶᠢᠯᠪᠤᠷᠢ ᠳᠤ᠂ ᠲᠤᠬᠳᠠᠭᠠᠬᠰᠠᠨ ᠪᠠᠶᠢᠭᠤᠯᠤᠯᠭ᠎ᠠ᠂ | ᠪᠠᠳᠤᠯᠠᠭᠰᠠᠨ ᠴᠠᠬ ᠬᠤᠭᠤᠴᠠᠭ᠎ᠠ ᠶᠢ ᠲᠤᠳᠤᠷᠬᠠᠢ ᠪᠢᠴᠢᠭᠰᠡᠨ ᠪᠠᠶᠢᠬᠤ ᠭᠡᠷᠡᠭᠳᠡᠢ᠃ ᠵᠠᠰᠠᠪᠤᠷᠢ ᠤᠷᠤᠭᠤᠯᠤᠬᠰᠠᠨ | ᠬᠠᠤᠯᠢ ᠳᠤ ᠵᠠᠰᠠᠪᠤᠷᠢ ᠤᠷᠤᠭᠤᠯᠤᠬᠰᠠᠨ ᠪᠠᠶᠢᠭᠤᠯᠤᠯᠭ᠎ᠠ᠂ ᠵᠠᠰᠠᠪᠤᠷᠢ ᠤᠷᠤᠭᠤᠯᠤᠬᠰᠠᠨ ᠴᠠᠬ ᠬᠤᠭᠤᠴᠠᠭ᠎ᠠ ᠶᠢ | ᠲᠠᠷᠠᠭᠠᠯᠠᠨ ᠳᠤᠳᠤᠷᠬᠠᠢ ᠪᠢᠴᠢᠬᠦ ᠭᠡᠷᠡᠭᠳᠠᠢ᠃ | | ᠵᠢᠷᠠᠨ ᠬᠤᠶᠠᠳᠤᠭᠠᠷ ᠵᠦᠢᠯ ᠬᠠᠤᠯᠢ ᠳᠤ ᠬᠤᠯᠪᠤᠬᠳᠡᠯ ᠪᠦᠬᠦᠢ ᠲᠦᠷᠦ ᠶᠢᠨ ᠪᠠᠶᠢᠭᠤᠯᠤᠯᠭ᠎ᠠ ᠶᠢᠨ ᠲᠤᠰᠬᠠᠢ | ᠶᠠᠪᠤᠳᠠᠯ ᠳᠤ ᠢᠵᠢ ᠲᠦᠬᠦᠷ ᠪᠤᠳᠠᠳᠠᠢ ᠲᠤᠭᠳᠠᠭᠠᠯ ᠭᠠᠷᠭᠠᠯᠭᠠᠬᠤ ᠪᠠᠷ ᠳᠤᠳᠤᠷᠬᠠᠢ ᠱᠠᠭᠠᠷᠳᠠᠬᠰᠠᠨ ᠪᠠᠶᠢᠪᠠᠯ᠂ | ᠬᠤᠯᠪᠤᠬᠳᠠᠯ ᠪᠦᠬᠦᠢ ᠲᠦᠷᠦ ᠶᠢᠨ ᠪᠠᠶᠢᠭᠤᠯᠤᠯᠭ᠎ᠠ ᠬᠠᠤᠯᠢ ᠶᠢ ᠭᠡᠷᠡᠭᠵᠢᠬᠦᠯᠦᠭᠰᠡᠨ ᠡᠳᠤᠷ ᠠᠴᠠ ᠡᠬᠢᠯᠠᠵᠤ ᠨᠢᠬᠡ | ᠵᠢᠯ ᠤᠨ ᠳᠤᠳᠤᠷ᠎ᠠ ᠲᠤᠭᠳᠠᠭᠠᠯ ᠭᠠᠷᠭᠠᠬᠤ ᠭᠡᠷᠡᠭᠳᠠᠢ᠂ ᠬᠠᠤᠯᠢ ᠠᠴᠠ ᠢᠵᠢ ᠲᠦᠬᠦᠷ ᠪᠤᠳᠠᠳᠠᠢ ᠲᠤᠭᠳᠠᠭᠠᠯ ᠢ | ᠲᠤᠭᠳᠠᠭᠠᠬᠤ ᠴᠠᠬ ᠬᠤᠭᠤᠴᠠᠭ᠎ᠠ ᠶᠢᠨ ᠲᠤᠲᠤᠷ᠎ᠠ ᠪᠤᠰᠤᠳ ᠲᠤᠭᠳᠠᠭᠠᠯ ᠪᠠᠶᠢᠪᠠᠯ ᠲᠡᠬᠦᠨ ᠢ ᠦᠨᠳᠤᠰᠤᠯᠠᠨ | ᠲᠤᠭᠳᠠᠭᠠᠬᠤ ᠭᠡᠷᠡᠭᠳᠠᠢ᠃ ᠬᠤᠯᠪᠤᠬᠳᠠᠯ ᠪᠦᠬᠦᠢ ᠲᠦᠷᠦ ᠶᠢᠨ ᠪᠠᠶᠢᠭᠤᠯᠤᠯᠭ᠎ᠠ ᠲᠤᠭᠳᠠᠬᠰᠠᠨ ᠬᠤᠭᠤᠴᠠᠭᠠᠨ ᠳᠤ | ᠢᠵᠢ ᠲᠦᠬᠦᠷ ᠪᠤᠳᠠᠳᠠᠢ ᠲᠤᠭᠳᠠᠭᠠᠯ ᠭᠠᠷᠭᠠᠵᠤ ᠲᠡᠶᠢᠯᠦᠭᠰᠡᠨ ᠦᠬᠡᠢ ᠪᠠᠶᠢᠪᠠᠯ ᠪᠦᠬᠦ ᠤᠯᠤᠰ ᠤᠨ ᠠᠷᠠᠳ ᠤᠨ | ᠲᠦᠯᠤᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠳᠤ ᠪᠠᠶᠢᠳᠠᠯ ᠢᠶᠠᠨ ᠳᠤᠳᠤᠷᠬᠠᠢᠢᠯᠠᠬᠤ ᠭᠡᠷᠡᠭᠳᠠᠢ᠃ | | | ᠵᠢᠷᠠᠨ ᠭᠤᠷᠪᠠᠳᠤᠭᠠᠷ ᠵᠦᠢᠯ ᠪᠦᠬᠦ ᠤᠯᠤᠰ ᠤᠨ ᠠᠷᠠᠳ ᠤᠨ ᠲᠦᠯᠤᠬᠡᠯᠡᠭᠴᠢᠳ ᠤᠨ ᠶᠡᠭᠡ ᠬᠤᠷᠠᠯ ᠤᠨ | ᠬᠤᠯᠪᠤᠬᠳᠠᠯ ᠪᠦᠬᠦᠢ ᠲᠤᠰᠬᠠᠢ ᠵᠦᠪᠯᠠᠯ᠂ ᠪᠠᠶᠢᠩᠭᠤ ᠶᠢᠨ ᠬᠤᠷᠢᠶᠠᠨ ᠤ ᠠᠵᠢᠯ ᠤᠨ ᠪᠠᠶᠢᠭᠤᠯᠤᠮᠵᠢ ᠠᠴᠠ | ᠬᠤᠯᠪᠤᠬᠳᠠᠯ ᠪᠦᠬᠦᠢ ᠬᠠᠤᠯᠢ ᠪᠤᠶᠤ ᠬᠠᠤᠯᠢ ᠳᠤᠳᠤᠷᠠᠬᠢ ᠬᠤᠯᠪᠤᠬᠳᠠᠯ ᠪᠦᠬᠦᠢ ᠲᠤᠭᠳᠠᠭᠠᠯ ᠤᠨ ᠲᠤᠬᠠᠢ ᠬᠠᠤᠯᠢ | ᠲᠤᠭᠳᠠᠭᠠᠬᠰᠠᠨ ᠤ ᠲᠠᠷᠠᠭᠠᠬᠢ ᠦᠨᠡᠯᠠᠯᠳᠠ ᠶᠢ ᠵᠤᠬᠢᠶᠠᠨ ᠪᠠᠶᠢᠭᠤᠯᠵᠤ ᠪᠤᠯᠤᠨ᠎ᠠ᠃ ᠦᠨᠡᠯᠡᠯᠳᠠ ᠶᠢᠨ ᠪᠠᠶᠢᠳᠠᠯ ᠢ | ᠪᠠᠶᠢᠩᠭᠤ ᠶᠢᠨ ᠬᠤᠷᠢᠶᠠᠨ ᠳᠤ ᠮᠡᠳᠡᠬᠦᠯᠬᠦ ᠭᠡᠷᠡᠭᠳᠠᠢ᠃ | | ᠵᠢᠷᠠᠨ ᠲᠦᠷᠪᠡᠳᠤᠭᠡᠷ ᠵᠦᠢᠯ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠶᠢᠨ ᠠᠵᠢᠯ ᠤᠨ ᠪᠠᠶᠢᠭᠤᠯᠤᠮᠵᠢ ᠨᠢ ᠬᠤᠯᠪᠤᠭᠳᠠᠯ ᠪᠦᠬᠦᠢ ᠪᠤᠳᠠᠳᠠᠢ ᠠᠰᠠᠭᠤᠳᠠᠯ ᠤᠨ ᠲᠤᠬᠠᠢ | ᠬᠠᠥᠯᠢ ᠴᠠᠭᠠᠵᠠ ᠶᠢᠨ ᠯᠠᠪᠯᠠᠭᠰᠠᠨ ᠠᠰᠠᠭᠤᠯᠳᠠ ᠳᠤ ᠰᠤᠳᠤᠯᠤᠯᠳᠠ ᠬᠢᠵᠦ ᠬᠠᠷᠢᠭᠤᠯᠳᠠ ᠦᠭᠴᠦ ᠪᠤᠯᠬᠤ ᠪᠦᠭᠡᠥᠨ | ᠪᠠᠶᠢᠩᠭᠤ ᠶᠢᠨ ᠬᠤᠷᠢᠶᠠᠨ ᠳᠤ ᠮᠡᠳᠡᠬᠦᠯᠵᠦ ᠲᠠᠩᠰᠠᠯᠠᠭᠤᠯᠤᠨ᠎ᠠ᠃ | | ᠭᠤᠷᠪᠠᠳᠤᠭᠠᠷ ᠪᠦᠯᠦᠭ ᠵᠠᠰᠠᠭ ᠵᠠᠬᠢᠷᠭᠠᠨ ᠤ ᠬᠠᠥᠯᠢ ᠲᠤᠭᠳᠠᠭᠠᠯ | | ᠵᠢᠷᠠᠨ ᠲᠠᠪᠤᠳᠤᠭᠠᠷ ᠵᠦᠢᠯ ᠲᠦᠷᠦ ᠶᠢᠨ ᠶᠠᠪᠤᠳᠠᠯ ᠤᠨ ᠬᠤᠷᠢᠶ᠎ᠠ ᠦᠨᠳᠦᠰᠦᠨ ᠬᠠᠥᠯᠢ ᠪᠠ ᠬᠠᠥᠯᠢ | ᠴᠠᠭᠠᠵᠠ ᠶᠢ ᠦᠨᠳᠦᠰᠦᠯᠡᠨ ᠵᠠᠰᠠᠭ ᠵᠠᠬᠢᠷᠭᠠᠨ ᠤ ᠬᠠᠥᠯᠢ ᠲᠤᠭᠳᠠᠭᠠᠯ ᠲᠤᠭᠳᠠᠭᠠᠨ᠎ᠠ᠃ | | ᠵᠠᠰᠠᠭ ᠵᠠᠬᠢᠷᠭᠠᠨ ᠤ ᠬᠠᠥᠯᠢ ᠲᠤᠭᠳᠠᠭᠠᠯ ᠳᠤ ᠲᠤᠤᠷ᠎ᠠ ᠵᠢᠠᠠᠰᠠᠭᠠᠭᠰᠠᠨ ᠶᠠᠪᠤᠳᠠᠯ ᠤᠳ ᠤᠨ ᠲᠤᠬᠠᠢ | ᠲᠤᠭᠳᠠᠭᠠᠯ ᠭᠠᠷᠭᠠᠵᠤ ᠪᠤᠯᠤᠨ᠎ᠠ᠄ | | ︵ᠨᠢᠭᠡ︶ ᠬᠠᠥᠯᠢ ᠴᠠᠭᠠᠵᠠ ᠶᠢᠨ ᠲᠤᠭᠳᠠᠭᠠᠯ ᠢ ᠭᠡᠷᠡᠭᠵᠢᠬᠦᠯᠬᠦ ᠶᠢᠨ ᠲᠤᠰᠠᠳᠠ ᠵᠠᠰᠠᠭ ᠵᠠᠬᠢᠷᠭᠠᠨ ᠤ ᠬᠠᠥᠯᠢ | ᠲᠤᠭᠳᠠᠭᠠᠯ ᠲᠤᠭᠳᠠᠭᠠᠬᠤ ᠴᠢᠬᠤᠯᠠᠳᠠᠢ ᠶᠠᠪᠤᠳᠠᠯ︔ | | ︵ᠬᠤᠶᠠᠷ︶ ᠦᠨᠳᠦᠰᠦᠨ ᠬᠠᠥᠯᠢ ᠶᠢᠨ ᠨᠠᠶᠠ ᠶᠢᠰᠦᠳᠦᠭᠡᠷ ᠵᠦᠢᠯ ᠳᠤ ᠲᠤᠭᠳᠠᠭᠠᠭᠰᠠᠨ ᠲᠦᠷᠦ ᠶᠢᠨ ᠶᠠᠪᠤᠳᠠᠯ ᠤᠨ | ᠬᠤᠷᠢᠶᠠᠨ ᠤ ᠵᠠᠰᠠᠭ ᠵᠠᠬᠢᠷᠭᠠᠨ ᠤ ᠬᠠᠮᠢᠶᠠᠷᠤᠯᠳᠠ ᠤᠨ ᠡᠷᠭᠡ ᠲᠤᠰᠢᠶᠠᠯ ᠤᠨ ᠶᠠᠪᠤᠳᠠᠯ᠃ | | ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠵᠢᠴᠢ ᠲᠡᠬᠦᠨ ᠤ ᠪᠠᠶᠢᠩᠭᠤ ᠶᠢᠨ | ᠬᠤᠷᠢᠶ᠎ᠠ ᠠᠴᠠ ᠬᠠᠥᠯᠢ ᠴᠠᠭᠠᠵᠠ ᠲᠤᠭᠳᠠᠭᠠᠬᠤ ᠶᠤᠰᠤᠳᠠᠢ ᠶᠠᠪᠤᠳᠠᠯ ᠤᠳ ᠤᠨ ᠲᠤᠬᠠᠢ ᠲᠦᠷᠦ ᠶᠢᠨ ᠶᠠᠪᠤᠳᠠᠯ ᠤᠨ | ᠬᠤᠷᠢᠶ᠎ᠠ ᠠᠴᠠ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠵᠢᠴᠢ ᠲᠡᠬᠦᠨ ᠤ | ᠪᠠᠶᠢᠩᠭᠤ ᠶᠢᠨ ᠬᠤᠷᠢᠶᠠᠨ ᠤ ᠡᠷᠭᠡ ᠤᠯᠭᠤᠭᠰᠠᠨ ᠲᠤᠭᠳᠠᠭᠠᠯ ᠢ ᠦᠨᠳᠦᠰᠦᠯᠡᠨ ᠤᠷᠢᠳᠠᠪᠠᠷ ᠲᠤᠭᠳᠠᠭᠠᠭᠰᠠᠨ ᠵᠠᠰᠠᠭ | ᠵᠠᠬᠢᠷᠭᠠᠨ ᠤ ᠬᠠᠥᠯᠢ ᠲᠤᠭᠳᠠᠭᠠᠯ ᠨᠢ ᠦᠢᠯᠡᠳᠦᠯᠭᠡ ᠶᠢᠨ ᠰᠢᠯᠭᠠᠯᠳᠠ ᠪᠠᠷ ᠲᠠᠮᠵᠢᠭᠠᠥᠨ ᠬᠠᠥᠯᠢ ᠴᠠᠭᠠᠵᠠ | ᠲᠤᠭᠳᠠᠭᠠᠬᠤ ᠨᠦᠬᠦᠴᠡᠯ ᠢ ᠪᠦᠷᠢᠯᠳᠦᠬᠦᠯᠦᠭᠰᠡᠨ ᠦᠶ᠎ᠡ ᠳᠤ᠂ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠪᠦᠬᠦ | ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠵᠢᠴᠢ ᠲᠡᠬᠦᠨ ᠤ ᠪᠠᠶᠢᠩᠭᠤ ᠶᠢᠨ ᠬᠤᠷᠢᠶ᠎ᠠ ᠳᠤ ᠴᠠᠭ | ᠲᠤᠬᠠᠢ ᠳᠤᠨᠢ ᠲᠡᠪᠰᠢᠬᠦᠯᠵᠦ ᠬᠠᠥᠯᠢ ᠴᠠᠭᠠᠵᠠ ᠲᠤᠭᠳᠠᠭᠠᠯᠭᠠᠬᠤ ᠭᠡᠷᠡᠭᠳᠡᠢ᠃ | | ᠵᠢᠷᠠᠨ ᠵᠢᠷᠭᠤᠳᠤᠭᠠᠷ ᠵᠦᠢᠯ ᠲᠦᠷᠤ ᠶᠢᠨ ᠶᠠᠪᠤᠳᠠᠯ ᠤᠨ ᠬᠤᠷᠢᠶᠠᠨ ᠤ ᠬᠠᠤᠯᠢ ᠲᠦᠷᠢᠮ ᠤᠨ | ᠪᠠᠶᠢᠭᠤᠯᠤᠮᠵᠢ ᠠᠴᠠ ᠤᠯᠤᠰ ᠤᠨ ᠶᠠᠷᠤᠩᠬᠡᠢ ᠠᠵᠢᠯ ᠤᠨ ᠪᠠᠶᠢᠷᠢᠯᠠᠭᠤᠯᠤᠯᠳᠠ ᠶᠢ ᠦᠨᠳᠤᠰᠤᠯᠠᠵᠤ ᠲᠦᠷᠤ ᠶᠢᠨ | ᠶᠠᠪᠤᠳᠠᠯ ᠤᠨ ᠬᠤᠷᠢᠶᠠᠨ ᠤ ᠤᠨ ᠤ ᠬᠠᠤᠯᠢ ᠲᠤᠭᠳᠠᠭᠠᠬᠤ ᠲᠦᠯᠤᠪᠯᠡᠭᠡ ᠶᠢ ᠲᠤᠭᠳᠠᠭᠠᠵᠤ᠂ ᠲᠦᠷᠤ ᠶᠢᠨ | ᠶᠠᠪᠤᠳᠠᠯ ᠤᠨ ᠬᠤᠷᠢᠶᠠᠨ ᠳᠤ ᠮᠡᠳᠡᠬᠦᠯᠵᠤ ᠬᠢᠨᠠᠨ ᠵᠦᠪᠰᠢᠶᠡᠷᠡᠬᠦᠯᠤᠨ᠎ᠠ᠃ ᠲᠦᠷᠤ ᠶᠢᠨ ᠶᠠᠪᠤᠳᠠᠯ ᠤᠨ ᠬᠤᠷᠢᠶᠠᠨ ᠤ | ᠤᠨ ᠤ ᠬᠠᠤᠯᠢ ᠲᠤᠭᠳᠠᠭᠠᠬᠤ ᠲᠦᠯᠤᠪᠯᠡᠭᠡ ᠳᠠᠬᠢ ᠬᠠᠤᠯᠢ ᠴᠠᠭᠠᠵᠠ ᠶᠢᠨ ᠲᠦᠷᠤᠯ ᠵᠦᠢᠯ ᠢ ᠪᠦᠬᠦ ᠤᠯᠤᠰ ᠤᠨ | ᠠᠷᠠᠳ ᠤᠨ ᠲᠦᠯᠤᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠬᠠᠤᠯᠢ ᠲᠤᠭᠳᠠᠭᠠᠬᠤ | ᠲᠦᠯᠤᠪᠵᠢᠬᠦᠯᠬᠡ ᠪᠤᠯᠤᠨ ᠤᠨ ᠤ ᠬᠠᠤᠯᠢ ᠲᠤᠭᠳᠠᠭᠠᠬᠤ ᠲᠦᠯᠤᠪᠯᠡᠭᠡ ᠲᠠᠢ ᠵᠤᠯᠭᠠᠭᠤᠯᠬᠤ ᠭᠡᠷᠡᠭᠳᠠᠢ᠃ ᠲᠦᠷᠤ ᠶᠢᠨ | ᠶᠠᠪᠤᠳᠠᠯ ᠤᠨ ᠬᠤᠷᠢᠶᠠᠨ ᠤ ᠬᠠᠤᠯᠢ ᠲᠦᠷᠢᠮ ᠤᠨ ᠪᠠᠶᠢᠭᠤᠯᠤᠮᠵᠢ ᠲᠦᠷᠤ ᠶᠢᠨ ᠶᠠᠪᠤᠳᠠᠯ ᠤᠨ ᠬᠤᠷᠢᠶᠠᠨ ᠤ ᠡᠯ᠎ᠠ | ᠰᠠᠯᠠᠭ᠎ᠠ ᠮᠦᠴᠢᠷ ᠤᠨ ᠬᠠᠤᠯᠢ ᠲᠤᠭᠳᠠᠭᠠᠬᠤ ᠲᠦᠯᠤᠪᠯᠡᠭᠡ ᠶᠢ ᠨᠠᠶᠢᠳᠠᠪᠤᠷᠢᠵᠢᠭᠤᠯᠤᠬᠰᠠᠨ ᠪᠠᠶᠢᠳᠠᠯ ᠢ ᠴᠠᠬ | ᠲᠤᠬᠠᠢ ᠳᠤᠨᠢ ᠮᠦᠷᠳᠠᠨ ᠤᠢᠢᠯᠠᠭᠠᠵᠤ᠂ ᠵᠤᠬᠢᠶᠠᠨ ᠪᠠᠶᠢᠭᠤᠯᠵᠤ ᠵᠤᠬᠢᠴᠠᠭᠤᠯᠬᠤ ᠪᠠ ᠱᠠᠯᠠᠪᠳᠠᠭᠤᠯᠤᠨ | ᠵᠢᠯᠤᠭᠤᠳᠬᠤ ᠪᠠᠨ ᠴᠢᠩᠭᠠᠳᠬᠠᠬᠤ ᠭᠡᠷᠡᠭᠳᠠᠢ᠃ | | ᠲᠦᠷᠤ ᠶᠢᠨ ᠶᠠᠪᠤᠳᠠᠯ ᠤᠨ ᠬᠤᠷᠢᠶᠠᠨ ᠤ ᠬᠤᠯᠪᠤᠬᠳᠠᠯ ᠪᠦᠬᠦᠢ ᠰᠠᠯᠠᠭ᠎ᠠ ᠮᠦᠴᠢᠷ ᠵᠠᠰᠠᠬ ᠵᠠᠬᠢᠷᠭᠠᠨ ᠤ | ᠬᠠᠤᠯᠢ ᠲᠦᠷᠢᠮ ᠲᠤᠭᠳᠠᠭᠠᠬᠤ ᠴᠢᠬᠤᠯᠠ ᠲᠠᠢ ᠬᠡᠵᠤ ᠦᠵᠡᠪᠠᠯ ᠲᠦᠷᠤ ᠶᠢᠨ ᠶᠠᠪᠤᠳᠠᠯ ᠤᠨ ᠬᠤᠷᠢᠶᠠᠨ ᠳᠤ | ᠮᠡᠳᠡᠬᠦᠯᠵᠤ ᠲᠦᠷᠤᠯ ᠵᠦᠢᠯ ᠪᠤᠯᠭᠠᠨ ᠲᠠᠩᠰᠠᠯᠠᠭᠤᠯᠬᠤ ᠭᠡᠷᠡᠭᠳᠠᠢ᠃ | | ᠵᠢᠷᠠᠨ ᠲᠤᠯᠤᠳᠤᠭᠠᠷ ᠵᠦᠢᠯ ᠵᠠᠰᠠᠭ ᠵᠠᠬᠢᠷᠭᠠᠨ ᠤ ᠬᠠᠥᠯᠢ ᠲᠤᠭᠳᠠᠭᠠᠯ ᠢ ᠲᠦᠷᠦ ᠶᠢᠨ ᠶᠠᠪᠤᠳᠠᠯ ᠤᠨ | ᠬᠤᠷᠢᠶᠠᠨ ᠤ ᠬᠤᠯᠪᠤᠬᠳᠠᠯ ᠪᠦᠬᠦᠢ ᠰᠠᠯᠠᠭ᠎ᠠ ᠮᠦᠴᠢᠷ ᠪᠤᠶᠤ ᠲᠦᠷᠤ ᠶᠢᠨ ᠶᠠᠪᠤᠳᠠᠯ ᠤᠨ ᠬᠤᠷᠢᠶᠠᠨ ᠤ ᠬᠠᠤᠯᠢ | ᠲᠦᠷᠢᠮ ᠤᠨ ᠪᠠᠶᠢᠭᠤᠯᠤᠮᠵᠢ ᠠᠴᠠ ᠪᠤᠳᠠᠳᠠᠢ ᠬᠠᠷᠢᠭᠤᠴᠠᠵᠤ ᠲᠤᠭᠤᠷᠪᠢᠨ ᠪᠢᠴᠢᠨ᠎ᠡ᠂ ᠴᠢᠬᠤᠯᠠ ᠵᠠᠰᠠᠬ ᠵᠠᠬᠢᠷᠭᠠᠨ ᠤ | ᠬᠠᠮᠢᠶᠠᠷᠤᠯᠳᠠ ᠶᠢᠨ ᠬᠠᠤᠯᠢ᠂ ᠵᠠᠰᠠᠬ ᠵᠠᠬᠢᠷᠭᠠᠨ ᠤ ᠬᠠᠤᠯᠢ ᠲᠤᠭᠳᠠᠭᠠᠯ ᠤᠨ ᠲᠦᠰᠤᠯ ᠢ ᠲᠦᠷᠤ ᠶᠢᠨ ᠶᠠᠪᠤᠳᠠᠯ ᠤᠨ | ᠬᠤᠷᠢᠶᠠᠨ ᠤ ᠬᠠᠤᠯᠢ ᠲᠦᠷᠢᠮ ᠤᠨ ᠪᠠᠶᠢᠭᠤᠯᠤᠮᠵᠢ ᠠᠴᠠ ᠵᠤᠬᠢᠶᠠᠨ ᠪᠠᠶᠢᠭᠤᠯᠵᠤ ᠲᠤᠭᠤᠷᠪᠢᠨ ᠪᠢᠴᠢᠨ᠎ᠠ᠃ ᠵᠠᠰᠠᠭ | ᠵᠠᠬᠢᠷᠭᠠᠨ ᠤ ᠬᠠᠥᠯᠢ ᠲᠤᠭᠳᠠᠭᠠᠯ ᠢ ᠲᠤᠭᠤᠷᠪᠢᠨ ᠪᠢᠴᠢᠬᠦ ᠶᠠᠪᠤᠴᠠ ᠳᠤ ᠬᠤᠯᠪᠤᠭᠳᠠᠯ ᠪᠦᠬᠦᠢ ᠪᠠᠶᠢᠭᠤᠯᠤᠯᠭ᠎ᠠ᠂ | ᠵᠤᠬᠢᠶᠠᠨ ᠪᠠᠶᠢᠭᠤᠯᠤᠯᠳᠠ ᠪᠤᠯᠤᠨ ᠠᠷᠠᠳ ᠤᠨ ᠲᠦᠯᠦᠬᠡᠯᠡᠭᠴᠢᠳ ᠤᠨ ᠶᠡᠭᠡ ᠬᠤᠷᠠᠯ ᠤᠨ ᠲᠦᠯᠤᠬᠡᠯᠡᠭᠴᠢᠳ ᠪᠤᠯᠤᠨ | ᠨᠡᠶᠢᠬᠡᠮ ᠨᠡᠶᠢᠳᠠ ᠶᠢᠨ ᠰᠠᠨᠠᠯ ᠢ ᠦᠷᠭᠡᠨ ᠲᠡᠯᠭᠡᠷᠡᠩᠭᠦᠢ ᠰᠤᠨᠤᠰᠬᠤ ᠭᠡᠷᠡᠭᠳᠡᠢ᠃ ᠰᠠᠨᠠᠯ ᠰᠤᠨᠤᠰᠬᠤ ᠳᠠᠭᠠᠨ | ᠶᠠᠷᠢᠯᠴᠠᠬᠤ ᠬᠤᠷᠠᠯ᠂ ᠨᠤᠳᠠᠯᠠᠯᠳᠠ ᠶᠢᠨ ᠬᠤᠷᠠᠯ᠂ ᠭᠡᠷᠡᠴᠢᠯᠡᠭᠡ ᠰᠤᠨᠤᠰᠬᠤ ᠬᠤᠷᠠᠯ ᠵᠡᠷᠭᠡ ᠤᠯᠠᠨ ᠭᠡᠯᠪᠡᠷᠢ ᠶᠢ | ᠠᠪᠴᠤ ᠪᠤᠯᠤᠨ᠎ᠠ᠃ | | ᠵᠠᠰᠠᠬ ᠵᠠᠬᠢᠷᠭᠠᠨ ᠤ ᠬᠠᠤᠯᠢ ᠲᠤᠭᠳᠠᠭᠠᠯ ᠤᠨ ᠲᠦᠰᠤᠯ ᠢ ᠨᠡᠶᠢᠬᠡᠮ ᠳᠤ ᠨᠡᠶᠢᠳᠠᠯᠠᠵᠤ ᠰᠠᠨᠠᠯ ᠬᠤᠷᠢᠶᠠᠬᠤ | ᠭᠡᠷᠡᠭᠳᠠᠢ᠂ ᠬᠡᠪᠡᠴᠤ ᠲᠦᠷᠤ ᠶᠢᠨ ᠶᠠᠪᠤᠳᠠᠯ ᠤᠨ ᠬᠤᠷᠢᠶ᠎ᠠ ᠠᠴᠠ ᠦᠯᠤ ᠨᠡᠶᠢᠳᠡᠯᠡᠬᠦ ᠪᠠᠷ ᠲᠤᠭᠳᠠᠭᠠᠬᠰᠠᠨ ᠬᠠᠤᠯᠢ | ᠲᠤᠭᠳᠠᠭᠠᠯ ᠪᠠᠭᠳᠠᠬᠤ ᠦᠬᠡᠢ᠃ | | ᠵᠢᠷᠠᠨ ᠨᠠᠢᠮᠠᠳᠤᠭᠠᠷ ᠵᠦᠢᠯ ᠵᠠᠰᠠᠭ ᠵᠠᠬᠢᠷᠭᠠᠨ ᠤ ᠬᠠᠥᠯᠢ ᠲᠤᠭᠳᠠᠭᠠᠯ ᠢ ᠲᠤᠭᠤᠷᠪᠢᠨ ᠪᠢᠴᠢᠬᠦ ᠠᠵᠢᠯ | ᠲᠠᠭᠤᠰᠤᠭᠰᠠᠨ ᠤ ᠲᠠᠷᠠᠭ᠎ᠠ᠂ ᠲᠤᠭᠤᠷᠪᠢᠨ ᠪᠢᠴᠢᠭᠰᠡᠨ ᠨᠢᠭᠡᠴᠡ ᠠᠴᠠ ᠲᠦᠰᠦᠯ ᠵᠢᠴᠢ ᠲᠡᠬᠦᠨ ᠤ ᠲᠤᠳᠤᠷᠬᠠᠢᠢᠯᠠᠯᠳᠠ | ᠂ ᠲᠦᠰᠦᠯ ᠤᠨ ᠭᠤᠤᠯ ᠠᠰᠠᠭᠤᠳᠠᠯ ᠤᠨ ᠲᠤᠬᠠᠢ ᠡᠯ᠎ᠠ ᠲᠠᠯ᠎ᠠ ᠶᠢᠨ ᠠᠳᠠᠯᠢ ᠪᠤᠰᠤ ᠰᠠᠨᠠᠯ ᠪᠠ ᠬᠤᠯᠪᠤᠭᠳᠠᠯ ᠪᠦᠬᠦᠢ | ᠮᠠᠲ᠋ᠧᠷᠢᠶᠠᠯ ᠤᠳ ᠢ ᠲᠦᠷᠦ ᠶᠢᠨ ᠶᠠᠪᠤᠳᠠᠯ ᠤᠨ ᠬᠤᠷᠢᠶᠠᠨ ᠤ ᠬᠠᠥᠯᠢ ᠲᠦᠷᠢᠮ ᠤᠨ ᠪᠠᠶᠢᠭᠤᠯᠤᠮᠵᠢ ᠳᠤ ᠬᠦᠷᠭᠡᠵᠦ | ᠬᠢᠨᠠᠨ ᠪᠠᠶᠢᠴᠠᠭᠠᠯᠭᠠᠬᠤ ᠭᠡᠷᠡᠭᠳᠡᠢ᠃ | | ᠲᠦᠷᠦ ᠶᠢᠨ ᠶᠠᠪᠤᠳᠠᠯ ᠤᠨ ᠬᠤᠷᠢᠶᠠᠨ ᠤ ᠬᠠᠥᠯᠢ ᠲᠦᠷᠢᠮ ᠤᠨ ᠪᠠᠶᠢᠭᠤᠯᠤᠮᠵᠢ ᠲᠦᠷᠦ ᠶᠢᠨ ᠶᠠᠪᠤᠳᠠᠯ ᠤᠨ | ᠬᠤᠷᠢᠶ᠎ᠠ ᠳᠤ ᠬᠢᠨᠠᠨ ᠪᠠᠶᠢᠴᠠᠭᠠᠭᠰᠠᠨ ᠮᠡᠳᠡᠬᠦᠯᠦᠯᠳᠡ ᠪᠠ ᠲᠦᠰᠦᠯ ᠳᠤ ᠵᠠᠰᠠᠪᠤᠷᠢ ᠤᠷᠤᠭᠤᠯᠤᠭᠰᠠᠨ ᠨᠤᠤᠷᠠᠭ ᠢ | ᠲᠡᠪᠰᠢᠬᠦᠯᠬᠦ ᠭᠡᠷᠡᠭᠳᠡᠢ᠂ ᠬᠢᠨᠠᠨ ᠪᠠᠶᠢᠴᠠᠭᠠᠭᠰᠠᠨ ᠮᠡᠳᠡᠬᠦᠯᠦᠯᠳᠡ ᠳᠤ ᠲᠦᠰᠦᠯ ᠤᠨ ᠭᠤᠤᠯ ᠠᠰᠠᠭᠤᠳᠠᠯ ᠤᠨ ᠲᠤᠬᠠᠢ | ᠲᠤᠳᠤᠷᠬᠠᠢᠢᠯᠠᠯᠳᠠ ᠬᠢᠬᠦ ᠭᠡᠷᠡᠭᠳᠡᠢ᠃ | | ᠵᠢᠷᠨ ᠶᠢᠰᠤᠳᠤᠬᠡᠷ ᠵᠦᠢᠯ ᠵᠠᠰᠠᠭ ᠵᠠᠬᠢᠷᠭᠠᠨ ᠤ ᠬᠠᠥᠯᠢ ᠲᠤᠭᠳᠠᠭᠠᠯ ᠢ ᠲᠤᠭᠳᠠᠭᠠᠬᠤ ᠲᠡᠰ ᠲᠠᠷᠠᠭᠠᠯᠠᠯ ᠢ | ᠪᠦᠬᠦᠳᠡ ᠨᠠᠶᠢᠷᠠᠮᠳᠠᠬᠤ ᠲᠤᠮᠳᠠᠳᠤ ᠠᠷᠠᠥᠨ ᠤᠯᠤᠰ ᠤᠨ ᠲᠦᠷᠦ ᠶᠢᠨ ᠶᠠᠪᠤᠳᠠᠯ ᠤᠨ ᠬᠤᠷᠢᠶᠠᠨ ᠤ ᠵᠤᠬᠢᠶᠠᠨ | ᠪᠠᠶᠢᠭᠤᠯᠬᠤ ᠬᠠᠥᠯᠢ ᠶᠢᠨ ᠬᠤᠯᠪᠤᠭᠳᠠᠯ ᠪᠦᠬᠦᠢ ᠲᠤᠭᠳᠠᠭᠠᠯ ᠶᠤᠰᠤᠭᠠᠷ ᠬᠦᠢᠴᠡᠥᠨᠭᠡᠨ᠎ᠡ᠃ | | ᠲᠠᠯᠠᠳᠤᠭᠠᠷ ᠵᠦᠢᠯ ᠵᠠᠰᠠᠭ ᠵᠠᠬᠢᠷᠭᠠᠨ ᠤ ᠬᠠᠥᠯᠢ ᠲᠤᠭᠳᠠᠭᠠᠯ ᠢ ᠶᠡᠷᠦᠩᠭᠡᠢ ᠰᠠᠶᠢᠥᠨ ᠭᠠᠷ ᠤᠨ ᠦᠰᠦᠭ | ᠵᠢᠷᠤᠵᠤ ᠲᠦᠷᠦ ᠶᠢᠨ ᠶᠠᠪᠤᠳᠠᠯ ᠤᠨ ᠬᠤᠷᠢᠶᠠᠨ ᠤ ᠵᠠᠷᠯᠢᠭ ᠢᠶᠠᠷ ᠨᠡᠶᠢᠳᠡᠯᠡᠨ᠎ᠡ᠃ | | | ᠬᠤᠯᠪᠤᠬᠳᠠᠯ ᠪᠦᠬᠦᠢ ᠤᠯᠤᠰ ᠤᠨ ᠪᠠᠳᠤᠯᠠᠨ ᠬᠠᠮᠠᠭᠠᠯᠠᠯᠳᠠ ᠶᠢᠨ ᠪᠦᠳᠤᠬᠡᠨ ᠪᠠᠶᠢᠭᠤᠯᠤᠯᠳᠠ ᠶᠢᠨ ᠵᠠᠰᠠᠬ | ᠵᠠᠬᠢᠷᠭᠠᠨ ᠤ ᠬᠠᠤᠯᠢ ᠲᠤᠭᠳᠠᠭᠠᠯ ᠢ ᠲᠦᠷᠤ ᠶᠢᠨ ᠶᠠᠪᠤᠳᠠᠯ ᠤᠨ ᠬᠤᠷᠢᠶᠠᠨ ᠤ ᠶᠠᠷᠤᠩᠬᠡᠢ ᠰᠠᠶᠢᠳ᠂ ᠲᠦᠪ ᠤᠨ | ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠬᠦᠯᠡᠭᠴᠢ ᠬᠠᠮᠳᠤᠪᠡᠷ ᠭᠠᠷ ᠤᠨ ᠦᠰᠦᠭ ᠵᠢᠷᠤᠵᠦ ᠲᠦᠷᠤ ᠶᠢᠨ | ᠶᠠᠪᠤᠳᠠᠯ ᠤᠨ ᠬᠤᠷᠢᠶᠠᠨ ᠤ ᠵᠠᠷᠯᠢᠬ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠵᠠᠷᠯᠢᠬ ᠢᠶᠠᠷ ᠨᠡᠶᠢᠳᠠᠯᠠᠨ᠎ᠠ᠃ | | | ᠲᠠᠯᠠᠨ ᠨᠢᠬᠡᠳᠤᠭᠡᠷ ᠵᠦᠢᠯ ᠵᠠᠰᠠᠭ ᠵᠠᠬᠢᠷᠭᠠᠨ ᠤ ᠬᠠᠥᠯᠢ ᠲᠤᠭᠳᠠᠭᠠᠯ ᠢ ᠭᠠᠷ ᠤᠨ ᠦᠰᠦᠭ ᠵᠢᠷᠤᠵᠤ | ᠨᠡᠶᠢᠳᠡᠯᠡᠭᠰᠡᠨ ᠤ ᠲᠠᠷᠠᠭ᠎ᠠ᠂ ᠲᠦᠷᠦ ᠶᠢᠨ ᠶᠠᠪᠤᠳᠠᠯ ᠤᠨ ᠬᠤᠷᠢᠶᠠᠨ ᠤ ᠠᠯᠪᠠᠨ ᠮᠡᠳᠡᠭᠡ ᠪᠠ ᠲᠤᠮᠳᠡᠳᠦ ᠤᠯᠤᠰ ᠤᠨ | ᠵᠠᠰᠠᠬ ᠤᠨ ᠤᠷᠳᠤᠨ ᠤ ᠬᠠᠤᠯᠢ ᠲᠦᠷᠢᠮ ᠤᠨ ᠮᠡᠳᠡᠭᠡ ᠵᠠᠩᠬᠢ ᠶᠢᠨ ᠰᠦᠯᠵᠢᠶ᠎ᠠ ᠵᠢᠴᠢ ᠪᠦᠬᠦ ᠤᠯᠤᠰ ᠤᠨ | ᠭᠡᠪᠴᠢᠶᠡᠨ ᠳᠤ ᠲᠠᠷᠬᠠᠭᠠᠵᠤ ᠪᠠᠶᠢᠭ᠎ᠠ ᠰᠤᠨᠢᠨ ᠲᠡᠭᠡᠷ᠎ᠠ ᠴᠠᠭ ᠲᠤᠬᠠᠢ ᠳᠤᠨᠢ ᠨᠡᠶᠢᠳᠡᠯᠡᠨ᠎ᠡ᠃ | | ᠲᠦᠷᠦ ᠶᠢᠨ ᠶᠠᠪᠤᠳᠠᠯ ᠤᠨ ᠬᠤᠷᠢᠶᠠᠨ ᠤ ᠠᠯᠪᠠᠨ ᠮᠡᠳᠡᠭᠡ ᠲᠡᠭᠡᠷ᠎ᠡ ᠨᠡᠶᠢᠳᠡᠯᠡᠭᠰᠡᠨ ᠵᠠᠰᠠᠭ ᠵᠠᠬᠢᠷᠭᠠᠨ ᠤ | ᠬᠠᠥᠯᠢ ᠲᠤᠭᠳᠠᠭᠠᠯ ᠤᠨ ᠪᠢᠴᠢᠭ ᠨᠢ ᠪᠠᠷᠢᠮᠵᠢᠶᠠᠳᠤ ᠪᠢᠴᠢᠭ ᠪᠤᠯᠤᠨ᠎ᠡ᠃ | | ᠲᠦᠷᠪᠡᠳᠦᠭᠡᠷ ᠪᠦᠯᠦᠭ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ ᠦᠪᠡᠷᠳᠡᠭᠡᠨ ᠵᠠᠰᠠᠬᠤ | ᠲᠦᠷᠢᠮ ᠪᠠ ᠲᠤᠰᠬᠠᠢ ᠲᠦᠷᠢᠮ ᠲᠦᠷᠢᠮ ᠲᠤᠭᠳᠠᠭᠠᠯ | | ᠨᠢᠭᠡᠳᠦᠭᠡᠷ ᠭᠡᠰᠡᠭ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ᠂ ᠦᠪᠡᠷᠳᠡᠭᠡᠨ ᠵᠠᠰᠠᠬᠤ ᠲᠦᠷᠢᠮ | ᠪᠠ ᠲᠤᠰᠬᠠᠢ ᠲᠦᠷᠢᠮ ᠲᠤᠭᠲᠠᠭᠠᠯ | | ᠲᠠᠯᠠᠨ ᠬᠤᠶᠠᠳᠤᠭᠠᠷ ᠵᠦᠢᠯ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠤᠨ ᠬᠠᠷᠢᠶ᠎ᠠ ᠬᠤᠳᠠ ᠶᠢᠨ | ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠵᠢᠴᠢ ᠲᠡᠬᠦᠨ ᠤ ᠪᠠᠶᠢᠩᠭᠤ ᠶᠢᠨ ᠬᠤᠷᠢᠶ᠎ᠠ ᠲᠤᠰ ᠵᠠᠰᠠᠭ | ᠵᠠᠬᠢᠷᠭᠠᠨ ᠤ ᠤᠷᠤᠨ ᠤ ᠪᠠᠨ ᠪᠤᠳᠠᠳᠠᠢ ᠪᠠᠶᠢᠳᠠᠯ ᠪᠠ ᠪᠤᠳᠠᠳᠠᠢ ᠭᠡᠷᠡᠭᠴᠡᠭᠡ ᠶᠢ ᠦᠨᠳᠦᠰᠦᠯᠡᠵᠦ᠂ ᠦᠨᠳᠦᠰᠦᠨ ᠬᠠᠥᠯᠢ | ᠂ ᠬᠠᠥᠯᠢ ᠴᠠᠭᠠᠵᠠ᠂ ᠵᠠᠰᠠᠭ ᠵᠠᠬᠢᠷᠭᠠᠨ ᠤ ᠬᠠᠥᠯᠢ ᠲᠤᠭᠳᠠᠭᠠᠯ ᠲᠠᠢ ᠦᠯᠦ ᠬᠠᠷᠰᠢᠯᠳᠤᠬᠤ ᠤᠷᠢᠳᠠᠯ ᠲᠤᠤᠷ᠎ᠠ | ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ ᠢ ᠲᠤᠭᠳᠠᠭᠠᠵᠤ ᠪᠤᠯᠤᠨ᠎ᠠ᠃ | | ᠲᠤᠭᠤᠷᠢᠭ ᠲᠠᠢ ᠬᠤᠳᠠ ᠶᠢᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠵᠢᠴᠢ ᠲᠡᠬᠦᠨ ᠤ | ᠪᠠᠶᠢᠩᠭᠤ ᠶᠢᠨ ᠬᠤᠷᠢᠶ᠎ᠠ ᠲᠤᠰ ᠬᠤᠳᠠ ᠶᠢᠨ ᠢᠶᠠᠨ ᠪᠤᠳᠠᠳᠠᠢ ᠪᠠᠶᠢᠳᠠᠯ ᠪᠠ ᠪᠤᠳᠠᠳᠠᠢ ᠭᠡᠷᠡᠭᠴᠡᠭᠡ ᠶᠢ ᠦᠨᠳᠦᠰᠦᠯᠡᠵᠦ᠂ | ᠦᠨᠳᠦᠰᠦᠨ ᠬᠠᠥᠯᠢ᠂ ᠬᠠᠥᠯᠢ ᠴᠠᠭᠠᠵᠠ᠂ ᠵᠠᠰᠠᠭ ᠵᠠᠬᠢᠷᠭᠠᠨ ᠤ ᠬᠠᠥᠯᠢ ᠲᠤᠭᠳᠠᠭᠠᠯ ᠪᠠ ᠲᠤᠰ ᠮᠤᠵᠢ᠂ | ᠦᠪᠡᠷᠳᠡᠭᠡᠨ ᠵᠠᠰᠠᠬᠤ ᠤᠷᠤᠨ ᠤ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ ᠲᠠᠢ ᠦᠯᠦ ᠬᠠᠷᠰᠢᠯᠳᠤᠬᠤ | ᠤᠷᠢᠳᠠᠯ ᠲᠤᠤᠷ᠎ᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠪᠤᠯᠤᠨ ᠬᠠᠮᠢᠶᠠᠷᠤᠯᠳᠠ᠂ ᠤᠷᠴᠢᠨ | ᠲᠤᠭᠤᠷᠢᠨ ᠤ ᠬᠠᠮᠠᠭᠠᠯᠠᠯᠳᠠ᠂ ᠲᠡᠦᠭᠡ ᠰᠤᠶᠤᠯ ᠤᠨ ᠬᠠᠮᠠᠭᠠᠯᠠᠯᠳᠠ ᠵᠡᠷᠭᠡ ᠲᠠᠯ᠎ᠠ ᠪᠠᠷ ᠤᠷᠤᠨ ᠨᠤᠳᠤᠭ ᠤᠨ | ᠴᠢᠨᠠᠷᠳᠠᠢ ᠬᠠᠥᠯᠢ ᠲᠤᠭᠳᠠᠭᠠᠯ ᠢ ᠲᠤᠭᠳᠠᠭᠠᠵᠤ᠂ ᠲᠤᠭᠤᠷᠢᠭ ᠲᠠᠢ ᠬᠤᠳᠠ ᠶᠢᠨ ᠲᠤᠭᠳᠠᠭᠠᠭᠰᠠᠨ ᠤᠷᠤᠨ | ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠤᠨ ᠶᠠᠪᠤᠳᠠᠯ ᠤᠳ ᠤᠨ ᠲᠤᠬᠠᠢ ᠬᠠᠤᠯᠢ ᠴᠠᠭᠠᠵᠠ ᠪᠤᠰᠤᠳ | ᠲᠤᠭᠳᠠᠭᠠᠯ ᠲᠠᠢ ᠪᠤᠯ ᠲᠤᠰ ᠲᠤᠭᠳᠠᠭᠠᠯ ᠢ ᠳᠠᠭᠠᠨ᠎ᠠ᠃ ᠲᠤᠭᠤᠷᠢᠭ ᠲᠠᠢ ᠬᠤᠳᠠ ᠶᠢᠨ ᠤᠷᠤᠨ ᠨᠤᠳᠤᠭ ᠤᠨ | ᠴᠢᠨᠠᠷᠳᠠᠢ ᠬᠠᠤᠯᠢ ᠳᠤᠭᠳᠠᠭᠠᠯ ᠢ ᠡᠷᠭᠡᠪᠰᠢ ᠮᠤᠵᠢ᠂ ᠦᠪᠡᠷᠳᠡᠭᠡᠨ ᠵᠠᠰᠬᠠᠤ ᠤᠷᠤᠨ ᠤ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠳᠤ ᠮᠡᠳᠡᠬᠦᠯᠵᠦ ᠵᠦᠪᠰᠢᠶᠡᠷᠡᠬᠦᠯᠦᠭᠰᠡᠨ ᠤ | ᠲᠠᠷᠠᠭ᠎ᠠ ᠭᠡᠷᠡᠭᠵᠢᠬᠦᠯᠦᠨ᠎ᠠ᠃ ᠮᠤᠵᠢ᠂ ᠦᠪᠡᠷᠳᠡᠭᠡᠨ ᠵᠠᠰᠠᠬᠤ ᠤᠷᠤᠨ ᠤ ᠠᠷᠠᠥᠨ ᠤᠨ ᠲᠦᠯᠦᠭᠡᠯᠡᠭᠴᠢᠥᠨ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶ᠎ᠠ ᠵᠦᠪᠰᠢᠶᠡᠷᠡᠬᠦᠯᠬᠦ ᠪᠠᠷ ᠲᠡᠪᠰᠢᠬᠦᠯᠦᠨ ᠮᠡᠳᠡᠬᠦᠯᠦᠭᠰᠡᠨ ᠤᠷᠤᠨ ᠨᠤᠳᠤᠭ ᠤᠨ | ᠴᠢᠨᠠᠷᠳᠠᠢ ᠬᠠᠥᠯᠢ ᠲᠤᠭᠳᠠᠭᠠᠯ ᠢ ᠬᠠᠥᠯᠢ ᠳᠤ ᠨᠡᠶᠢᠴᠡᠬᠦ ᠲᠠᠯ᠎ᠠ ᠪᠠᠷ ᠬᠢᠨᠠᠨ ᠪᠠᠶᠢᠴᠠᠭᠠᠵᠤ᠂ ᠦᠨᠳᠦᠰᠦᠨ ᠬᠠᠥᠯᠢ᠂ | ᠬᠠᠥᠯᠢ ᠴᠠᠭᠠᠵᠠ᠂ ᠵᠠᠰᠠᠭ ᠵᠠᠬᠢᠷᠭᠠᠨ ᠤ ᠬᠠᠥᠯᠢ ᠲᠤᠭᠳᠠᠭᠠᠯ ᠪᠠ ᠲᠤᠰ ᠮᠤᠵᠢ᠂ ᠦᠪᠡᠷᠳᠡᠭᠡᠨ ᠵᠠᠰᠠᠬᠤ ᠤᠷᠤᠨ ᠤ | ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ ᠲᠠᠢ ᠬᠠᠷᠰᠢᠯᠳᠤᠬᠤ ᠦᠭᠡᠢ ᠪᠠᠶᠢᠪᠠᠯ᠂ ᠲᠦᠷᠪᠡᠨ ᠰᠠᠷ᠎ᠠ ᠶᠢᠨ | ᠲᠤᠳᠤᠷ᠎ᠠ ᠵᠦᠪᠰᠢᠶᠡᠷᠡᠬᠦ ᠭᠡᠷᠡᠭᠳᠡᠢ᠃ | | ᠮᠤᠵᠢ᠂ ᠦᠪᠡᠷᠳᠡᠭᠡᠨ ᠵᠠᠰᠠᠬᠤ ᠤᠷᠤᠨ ᠤ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠵᠦᠪᠰᠢᠶᠡᠷᠡᠬᠦᠯᠬᠦ ᠪᠠᠷ ᠲᠡᠪᠰᠢᠬᠦᠯᠦᠨ ᠮᠡᠳᠡᠬᠦᠯᠦᠭᠰᠡᠨ ᠲᠤᠭᠤᠷᠢᠭ ᠲᠠᠢ ᠬᠤᠳᠠ ᠶᠢᠨ ᠤᠷᠤᠨ | ᠨᠤᠳᠤᠭ ᠤᠨ ᠴᠢᠨᠠᠷᠳᠠᠢ ᠬᠠᠥᠯᠢ ᠲᠤᠭᠳᠠᠭᠠᠯ ᠢ ᠬᠢᠨᠠᠨ ᠪᠠᠶᠢᠴᠠᠭᠠᠬᠤ ᠳᠠᠭᠠᠨ ᠲᠡᠬᠦᠨ ᠤ ᠲᠤᠰ ᠮᠤᠵᠢ᠂ ᠦᠪᠡᠷᠳᠡᠭᠡᠨ | ᠵᠠᠰᠠᠬᠤ ᠤᠷᠤᠨ ᠤ ᠠᠷᠠᠥᠨ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠲᠠᠢ ᠬᠠᠷᠰᠢᠯᠳᠤᠵᠤ ᠪᠠᠶᠢᠬᠤ ᠶᠢ | ᠤᠯᠵᠤ ᠮᠡᠳᠡᠪᠡᠯ᠂ ᠰᠢᠢᠥᠨᠪᠦᠷᠢᠯᠡᠬᠦ ᠲᠤᠭᠳᠠᠭᠠᠯ ᠭᠠᠷᠭᠠᠬᠤ ᠭᠡᠷᠡᠭᠳᠡᠢ᠃ | | ᠮᠤᠵᠢ᠂ ᠦᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠪᠠᠶᠢᠭ᠎ᠠ ᠭᠠᠵᠠᠷ ᠤᠨ | ᠬᠤᠳᠠ᠂ ᠠᠵᠤ ᠠᠬᠤᠢ ᠶᠢᠨ ᠤᠨᠴᠠᠭᠠᠢ ᠤᠷᠤᠨ ᠤ ᠪᠠᠶᠢᠭ᠎ᠠ ᠭᠠᠵᠠᠷ ᠤᠨ ᠬᠤᠳᠠ ᠪᠠ ᠲᠦᠷᠦ ᠶᠢᠨ ᠶᠠᠪᠤᠳᠠᠯ ᠤᠨ | ᠬᠤᠷᠢᠶ᠎ᠠ ᠠᠴᠠ ᠵᠦᠪᠰᠢᠶᠡᠷᠡᠭᠰᠡᠨ ᠲᠤᠮᠤ ᠰᠢᠬ ᠬᠤᠳᠠ ᠠᠴᠠ ᠭᠠᠳᠠᠨ᠎ᠠ᠂ ᠪᠤᠰᠤᠳ ᠲᠤᠭᠤᠷᠢᠭ ᠲᠠᠢ ᠬᠤᠳᠠ ᠶᠢᠨ | ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠢ ᠡᠬᠢᠯᠡᠨ ᠲᠤᠭᠳᠠᠭᠠᠬᠤ ᠪᠤᠳᠠᠳᠠᠢ ᠠᠯᠬᠤᠮ ᠲᠠᠷᠠᠭ᠎ᠠ ᠪᠠ | ᠴᠠᠬ ᠢ ᠮᠤᠵᠢ᠂ ᠦᠪᠡᠷᠲᠡᠭᠡᠨ ᠵᠠᠰᠠᠬᠤ ᠤᠷᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠲᠤᠰ ᠮᠤᠵᠢ᠂ ᠦᠪᠡᠷᠲᠡᠭᠡᠨ ᠵᠠᠰᠠᠬᠤ ᠤᠷᠤᠨ ᠤ ᠬᠠᠷᠢᠶ᠎ᠠ ᠲᠤᠭᠤᠷᠢᠭ ᠲᠠᠢ ᠬᠤᠳᠠ ᠶᠢᠨ | ᠬᠦᠮᠦᠨ ᠠᠮᠠ ᠶᠢᠨ ᠲᠤᠭ᠎ᠠ᠂ ᠭᠠᠵᠠᠷ ᠤᠷᠤᠨ ᠤ ᠲᠠᠯᠠᠪᠠᠢ᠂ ᠠᠵᠤ ᠠᠬᠤᠢ ᠨᠡᠶᠢᠭᠡᠮ ᠤᠨ ᠬᠦᠭᠵᠢᠯᠳᠠ ᠶᠢᠨ ᠪᠠᠶᠢᠳᠠᠯ | ᠵᠢᠴᠢ ᠬᠠᠤᠯᠢ ᠲᠤᠭᠳᠠᠭᠠᠬᠤ ᠱᠠᠭᠠᠷᠳᠠᠯᠭ᠎ᠠ᠂ ᠬᠠᠤᠯᠢ ᠲᠤᠭᠳᠠᠭᠠᠬᠤ ᠴᠢᠳᠠᠮᠵᠢ ᠵᠡᠷᠭᠡ ᠡᠯᠧᠮᠧᠨ᠋ᠲ ᠢ ᠶᠡᠷᠦᠩᠭᠡᠶᠢᠯᠡᠨ | ᠪᠤᠳᠤᠯᠬᠢᠯᠠᠵᠦ ᠲᠤᠭᠳᠠᠭᠠᠬᠤ ᠶᠢᠨ ᠬᠠᠮᠳᠦ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠪᠠ ᠲᠦᠷᠦ ᠶᠢᠨ ᠶᠠᠪᠤᠳᠠᠯ ᠤᠨ ᠬᠤᠷᠢᠶ᠎ᠠ ᠳᠤ ᠮᠡᠳᠡᠬᠦᠯᠵᠦ ᠲᠠᠩᠰᠠᠯᠠᠭᠤᠯᠤᠨ᠎ᠠ᠃ | | ᠦᠪᠡᠷᠲᠡᠭᠡᠨ ᠵᠠᠰᠠᠬᠤ ᠵᠸᠦ ᠶᠢᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠵᠢᠴᠢ ᠲᠡᠬᠦᠨ ᠤ | ᠪᠠᠶᠢᠩᠭᠤ ᠶᠢᠨ ᠬᠤᠷᠢᠶ᠎ᠠ ᠲᠤᠰ ᠵᠦᠢᠯ ᠤᠨ ᠬᠤᠶᠠᠳᠤᠭᠠᠷ ᠵᠤᠷᠪᠤᠰ ᠤᠨ ᠲᠤᠭᠳᠠᠭᠠᠯ ᠢ ᠦᠨᠳᠦᠰᠦᠯᠡᠵᠦ | ᠲᠤᠭᠤᠷᠢᠭ ᠲᠠᠢ ᠬᠤᠳᠠ ᠶᠢᠨ ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠲᠤᠭᠳᠠᠭᠠᠬᠤ ᠡᠷᠭᠡ | ᠲᠤᠰᠢᠶᠠᠯ ᠢᠶᠠᠨ ᠭᠡᠷᠡᠭᠵᠢᠬᠦᠯᠵᠦ ᠪᠤᠯᠤᠨ᠎ᠠ᠃ ᠦᠪᠡᠷᠲᠡᠭᠡᠨ ᠵᠠᠰᠠᠬᠤ ᠵᠸᠦ ᠤᠷᠤᠨ ᠨᠤᠳᠤᠭ ᠤᠨ ᠴᠢᠨᠠᠷᠳᠠᠢ ᠬᠠᠤᠯᠢ | ᠲᠤᠭᠳᠠᠭᠠᠯ ᠢ ᠡᠬᠢᠯᠡᠵᠦ ᠲᠤᠭᠳᠠᠭᠠᠬᠤ ᠪᠤᠳᠠᠳᠠᠢ ᠠᠯᠬᠤᠮ ᠲᠠᠷᠠᠭ᠎ᠠ ᠪᠠ ᠴᠠᠭ ᠢ ᠡᠮᠦᠨᠡᠬᠢ ᠵᠤᠷᠪᠤᠰ ᠢ ᠦᠨᠳᠦᠰᠦᠯᠡᠵᠤ | ᠲᠤᠭᠳᠠᠭᠠᠨ᠎ᠠ᠃ | | ᠮᠤᠵᠢ᠂ ᠦᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠪᠠᠶᠢᠭ᠎ᠠ ᠭᠠᠵᠠᠷ ᠤᠨ | ᠬᠤᠳᠠ᠂ ᠠᠵᠤ ᠠᠬᠤᠢ ᠶᠢᠨ ᠤᠨᠴᠠᠭᠠᠢ ᠤᠷᠤᠨ ᠤ ᠪᠠᠶᠢᠭ᠎ᠠ ᠭᠠᠵᠠᠷ ᠤᠨ ᠬᠤᠳᠠ ᠪᠠ ᠲᠦᠷᠦ ᠶᠢᠨ ᠶᠠᠪᠤᠳᠠᠯ ᠤᠨ | ᠬᠤᠷᠢᠶ᠎ᠠ ᠠᠴᠠ ᠵᠦᠪᠰᠢᠶᠡᠷᠡᠭᠰᠡᠨ ᠲᠤᠮᠤ ᠰᠢᠬ ᠬᠤᠳᠠ ᠶᠢᠨ ᠨᠢᠭᠡᠨᠳᠠ ᠲᠤᠭᠳᠠᠭᠠᠭᠰᠠᠨ ᠤᠷᠤᠨ ᠨᠤᠳᠤᠭ ᠤᠨ | ᠴᠢᠨᠠᠷᠳᠠᠢ ᠬᠠᠤᠯᠢ ᠲᠤᠭᠳᠠᠭᠠᠯ ᠳᠤ᠂ ᠲᠤᠰ ᠵᠦᠢᠯ ᠤᠨ ᠬᠤᠶᠠᠳᠤᠭᠠᠷ ᠵᠤᠷᠪᠤᠰ ᠲᠤ ᠲᠤᠭᠳᠠᠭᠠᠭᠰᠠᠨ | ᠶᠠᠪᠤᠳᠠᠯ ᠤᠳ ᠤᠨ ᠬᠡᠪᠴᠢᠶᠠᠨ ᠠᠴᠠ ᠭᠠᠳᠠᠨᠠᠬᠢ ᠨᠢ ᠦᠷᠬᠦᠯᠵᠢᠯᠡᠨ ᠬᠦᠴᠦᠨ ᠲᠠᠢ᠃ | | ᠳᠠᠯᠠᠨ ᠭᠤᠷᠪᠠᠳᠤᠭᠠᠷ ᠵᠦᠢᠯ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ ᠨᠢ ᠲᠤᠤᠷ᠎ᠠ | ᠵᠢᠠᠠᠰᠠᠭᠠᠭᠰᠠᠨ ᠶᠠᠪᠤᠳᠠᠯ ᠤᠳ ᠤᠨ ᠲᠤᠬᠠᠢ ᠲᠤᠭᠳᠠᠭᠠᠯ ᠭᠠᠷᠭᠠᠵᠤ ᠪᠤᠯᠤᠨ᠎ᠠ᠄ | | | ︵ᠨᠢᠭᠡ︶ ᠬᠠᠥᠯᠢ ᠴᠠᠭᠠᠵᠠ᠂ ᠵᠠᠰᠠᠭ ᠵᠠᠬᠢᠷᠭᠠᠨ ᠤ ᠬᠠᠥᠯᠢ ᠲᠤᠭᠳᠠᠭᠠᠯ ᠤᠨ ᠲᠤᠭᠳᠠᠭᠠᠯ ᠢ ᠭᠡᠷᠡᠭᠵᠢᠬᠦᠯᠬᠦ ᠶᠢᠨ | ᠲᠤᠰᠠᠳᠠ᠂ ᠲᠤᠰ ᠵᠠᠰᠠᠭ ᠵᠠᠬᠢᠷᠭᠠᠨ ᠤ ᠤᠷᠤᠨ ᠤ ᠪᠠᠨ ᠪᠤᠳᠠᠳᠤ ᠪᠠᠶᠢᠳᠠᠯ ᠢ ᠦᠨᠳᠦᠰᠦᠯᠡᠨ ᠪᠤᠳᠠᠳᠠᠢ ᠲᠤᠭᠳᠠᠭᠠᠯ | ᠭᠠᠷᠭᠠᠬᠤ ᠴᠢᠬᠤᠯᠨᠲᠠᠢ ᠶᠠᠪᠤᠳᠠᠯ︔ | | ︵ᠬᠤᠶᠠᠷ︶ ᠤᠷᠤᠨ ᠨᠤᠳᠤᠭ ᠤᠨ ᠴᠢᠨᠠᠷᠳᠠᠢ ᠤᠴᠢᠷ ᠶᠠᠪᠤᠳᠠᠯ ᠤᠨ ᠲᠤᠬᠠᠢ ᠤᠷᠤᠨ ᠨᠤᠳᠤᠭ ᠤᠨ ᠴᠢᠨᠠᠷᠳᠠᠢ ᠬᠠᠥᠯᠢ | ᠲᠤᠭᠳᠠᠭᠠᠯ ᠢ ᠲᠤᠭᠳᠠᠭᠠᠬᠤ ᠴᠢᠬᠤᠯᠠᠳᠠᠢ ᠶᠠᠪᠤᠳᠠᠯ᠃ | | ᠲᠤᠰ ᠬᠠᠥᠯᠢ ᠶᠢᠨ ᠨᠠᠢᠮᠠᠳᠤᠭᠠᠷ ᠵᠦᠢᠯ ᠳᠤ ᠲᠤᠭᠳᠠᠭᠠᠭᠰᠠᠨ ᠶᠠᠪᠤᠳᠠᠯ ᠠᠴᠠ ᠭᠠᠳᠠᠨᠠᠬᠢ ᠪᠤᠰᠤᠤᠨ | ᠶᠠᠪᠤᠳᠠᠯ ᠤᠨ ᠲᠤᠬᠠᠢ ᠤᠯᠤᠰ ᠠᠴᠠ ᠬᠠᠥᠯᠢ ᠴᠠᠭᠠᠵᠠ ᠪᠤᠶᠤ ᠵᠠᠰᠠᠭ ᠵᠠᠬᠢᠷᠭᠠᠨ ᠤ ᠬᠠᠥᠯᠢ ᠲᠤᠭᠳᠠᠭᠠᠯ ᠬᠠᠷᠠᠬᠠᠨ | ᠲᠤᠭᠳᠠᠭᠠᠳᠤᠢ ᠪᠠᠶᠢᠪᠠᠯ᠂ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠤᠨ ᠬᠠᠷᠢᠶ᠎ᠠ ᠬᠤᠳᠠ ᠪᠠ | ᠲᠤᠭᠤᠷᠢᠭ ᠲᠠᠢ ᠬᠤᠳᠠ᠂ ᠦᠪᠡᠷᠲᠡᠭᠡᠨ ᠵᠠᠰᠠᠬᠤ ᠵᠸᠦ ᠲᠤᠰ ᠭᠠᠵᠠᠷ ᠤᠷᠤᠨ ᠤ ᠪᠠᠨ ᠪᠤᠳᠠᠳᠠᠢ ᠪᠠᠶᠢᠳᠠᠯ ᠪᠠ | ᠪᠤᠳᠠᠳᠠᠢ ᠭᠡᠷᠡᠭᠴᠡᠭᠡ ᠶᠢ ᠦᠨᠳᠦᠰᠦᠯᠡᠵᠦ᠂ ᠤᠷᠢᠳᠠᠪᠠᠷ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ | ᠲᠤᠭᠳᠠᠭᠠᠵᠦ ᠪᠤᠯᠤᠨ᠎ᠠ᠃ ᠤᠯᠤᠰ ᠠᠴᠠ ᠲᠤᠭᠳᠠᠭᠠᠭᠰᠠᠨ ᠬᠠᠤᠯᠢ ᠴᠠᠭᠠᠵᠠ ᠪᠤᠶᠤ ᠵᠠᠰᠠᠭ ᠵᠠᠬᠢᠷᠭᠠᠨ ᠤ ᠬᠠᠤᠯᠢ | ᠲᠤᠭᠳᠠᠭᠠᠯ ᠨᠢ ᠬᠦᠴᠦᠨ ᠲᠠᠢ ᠪᠤᠯᠤᠭᠰᠠᠨ ᠤ ᠬᠤᠶᠢᠨ᠎ᠠ᠂ ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠤᠨ | ᠬᠠᠤᠯᠢ ᠴᠠᠭᠠᠵᠠ ᠪᠤᠶᠤ ᠵᠠᠰᠠᠭ ᠵᠠᠬᠢᠷᠭᠠᠨ ᠤ ᠬᠠᠤᠯᠢ ᠲᠤᠭᠳᠠᠭᠠᠯ ᠲᠠᠢ ᠬᠠᠷᠰᠢᠯᠳᠤᠬᠰᠠᠨ ᠲᠤᠭᠳᠠᠭᠠᠯ ᠨᠢ ᠬᠦᠴᠦᠨ | ᠦᠭᠡᠢ ᠪᠤᠯᠤᠨ᠎ᠠ᠂ ᠲᠤᠭᠳᠠᠭᠠᠭᠰᠠᠨ ᠪᠠᠶᠢᠭᠤᠯᠤᠯᠭ᠎ᠠ ᠨᠢ ᠴᠠᠭ ᠲᠤᠬᠠᠢ ᠳᠤᠨᠢ ᠵᠠᠰᠠᠪᠤᠷᠢ ᠤᠷᠤᠭᠤᠯᠬᠤ ᠪᠤᠶᠤ ᠬᠦᠴᠦᠨ | ᠦᠭᠡᠢ ᠪᠤᠯᠭᠠᠬᠤ ᠭᠡᠷᠡᠭᠳᠡᠢ᠃ | | ᠲᠤᠭᠤᠷᠢᠭ ᠲᠠᠢ ᠬᠤᠳᠠ᠂ ᠦᠪᠡᠷᠲᠡᠭᠡᠨ ᠵᠠᠰᠠᠬᠤ ᠵᠸᠦ ᠲᠤᠰ ᠵᠦᠢᠯ ᠤᠨ ᠨᠢᠭᠡᠳᠦᠭᠡᠷ ᠵᠤᠷᠪᠤᠰ᠂ | ᠬᠤᠶᠠᠳᠤᠭᠠᠷ ᠵᠤᠷᠪᠤᠰ ᠢ ᠦᠨᠳᠦᠰᠦᠯᠡᠵᠦ ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠲᠤᠭᠳᠠᠭᠠᠬᠤ ᠳᠤ᠂ | ᠲᠤᠰ ᠬᠠᠤᠯᠢ ᠶᠢᠨ ᠳᠠᠯᠠᠨ ᠬᠤᠶᠠᠳᠤᠭᠠᠷ ᠵᠦᠢᠯ ᠤᠨ ᠬᠤᠶᠠᠳᠤᠭᠠᠷ ᠵᠤᠷᠪᠤᠰ ᠲᠤ ᠲᠤᠭᠳᠠᠭᠠᠭᠰᠠᠨ ᠲᠤᠭᠳᠠᠭᠠᠯ ᠤᠨ | ᠶᠠᠪᠤᠳᠠᠯ ᠤᠳ ᠲᠤ ᠬᠢᠵᠠᠭᠠᠷᠯᠠᠭᠳᠠᠨ᠎ᠠ᠃ | | | ᠤᠷᠤᠨ ᠨᠤᠳᠤᠭ ᠤᠨ ᠴᠢᠨᠠᠷᠳᠠᠢ ᠬᠠᠤᠯᠢ ᠲᠦᠷᠢᠮ ᠢ ᠲᠤᠭᠳᠠᠭᠠᠬᠤ ᠳᠤ᠂ ᠳᠡᠭᠡᠳᠦ ᠲᠡᠰ ᠤᠨ ᠬᠠᠤᠯᠢ ᠳᠤ | ᠨᠢᠭᠡᠨᠳᠠ ᠳᠤᠳᠤᠷᠬᠠᠢ ᠲᠤᠭᠳᠠᠭᠠᠭᠰᠠᠨ ᠠᠭᠤᠯᠭ᠎ᠠ ᠶᠢᠨ ᠲᠤᠬᠠᠢ ᠡᠩ ᠤᠨ ᠪᠠᠶᠢᠳᠠᠯ ᠳᠤᠤᠷ᠎ᠠ ᠲᠠᠪᠬᠤᠴᠬᠠᠰᠠᠨ | ᠲᠤᠭᠳᠠᠭᠠᠯ ᠲᠤᠭᠳᠠᠭᠠᠬᠤ ᠦᠭᠡᠢ᠃ | | ᠲᠠᠯᠠᠨ ᠲᠦᠷᠪᠡᠳᠦᠭᠡᠷ ᠵᠦᠢᠯ ᠠᠵᠤ ᠠᠬᠤᠢ ᠶᠢᠨ ᠤᠨᠴᠠᠭᠠᠢ ᠤᠷᠤᠨ ᠤ ᠪᠠᠶᠢᠭ᠎ᠠ ᠭᠠᠵᠠᠷ ᠤᠨ ᠮᠤᠵᠢ᠂ | ᠬᠤᠳᠠ ᠶᠢᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠵᠢᠴᠢ ᠲᠡᠬᠦᠨ ᠤ ᠪᠠᠶᠢᠩᠭᠤ ᠶᠢᠨ ᠬᠤᠷᠢᠶ᠎ᠠ ᠪᠦᠬᠦ | ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠡᠷᠭᠡ ᠤᠯᠭᠤᠭᠰᠠᠨ ᠲᠤᠭᠳᠠᠭᠠᠯ ᠢ | ᠦᠨᠳᠦᠰᠦᠯᠡᠨ ᠬᠠᠥᠯᠢ ᠲᠤᠭᠳᠠᠭᠠᠯ ᠲᠤᠭᠳᠠᠭᠠᠵᠤ᠂ ᠠᠵᠤ ᠠᠬᠤᠢ ᠶᠢᠨ ᠤᠨᠴᠠᠭᠠᠢ ᠤᠷᠤᠨ ᠤ ᠭᠡᠪᠴᠢᠶᠡᠨ ᠳᠤ | ᠭᠡᠷᠡᠭᠵᠢᠬᠦᠯᠦᠨ᠎ᠡ᠃ | | ᠲᠠᠯᠠᠨ ᠲᠠᠪᠤᠳᠤᠭᠠᠷ ᠵᠦᠢᠯ ᠦᠨᠳᠦᠰᠦᠳᠡᠨ ᠤ ᠦᠪᠡᠷᠳᠡᠭᠡᠨ ᠵᠠᠰᠠᠬᠤ ᠤᠷᠤᠨ ᠤ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠨᠢ ᠲᠤᠬᠠᠢ ᠶᠢᠨ ᠭᠠᠵᠠᠷ ᠤᠨ ᠦᠨᠳᠦᠰᠦᠳᠡᠨ ᠤ ᠪᠠᠨ ᠤᠯᠤᠰ ᠲᠦᠷᠦ᠂ ᠠᠵᠤ | ᠠᠬᠤᠢ ᠪᠠ ᠰᠤᠶᠤᠯ ᠤᠨ ᠤᠨᠴᠠᠯᠢᠭ ᠢ ᠦᠨᠳᠦᠰᠦᠯᠡᠵᠦ᠂ ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ | ᠲᠤᠭᠳᠠᠭᠠᠬᠤ ᠡᠷᠭᠡ ᠲᠠᠢ᠃ ᠦᠪᠡᠷᠳᠡᠭᠡᠨ ᠵᠠᠰᠠᠬᠤ ᠤᠷᠤᠨ ᠤ ᠦᠪᠡᠷᠳᠡᠭᠡᠨ ᠵᠠᠰᠠᠬᠤ ᠲᠦᠷᠢᠮ ᠪᠠ ᠲᠤᠰᠬᠠᠢ | ᠲᠦᠷᠢᠮ ᠨᠢ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠳᠤ | ᠮᠡᠳᠡᠬᠦᠯᠦᠨ ᠵᠦᠪᠰᠢᠶᠡᠷᠡᠬᠦᠯᠦᠭᠰᠡᠨ ᠤ ᠲᠠᠷᠠᠭ᠎ᠠ ᠬᠦᠴᠦᠨ ᠲᠠᠢ ᠪᠤᠯᠤᠨ᠎ᠠ᠃ ᠦᠪᠡᠷᠳᠡᠭᠡᠨ ᠵᠠᠰᠠᠬᠤ ᠵᠸᠤ᠂ | ᠦᠪᠡᠷᠳᠡᠭᠡᠨ ᠵᠠᠰᠠᠬᠤ ᠰᠢᠶᠠᠨ ᠤ ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ ᠨᠢ ᠮᠤᠵᠢ᠂ ᠦᠪᠡᠷᠳᠡᠭᠡᠨ | ᠵᠠᠰᠠᠬᠤ ᠤᠷᠤᠨ᠂ ᠰᠢᠭᠤᠤᠨ ᠬᠠᠷᠢᠶ᠎ᠠ ᠬᠤᠳᠠ ᠶᠢᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠳᠤ ᠮᠡᠳᠡᠬᠦᠯᠵᠦ ᠵᠦᠪᠰᠢᠶᠡᠷᠡᠬᠦᠯᠦᠭᠰᠡᠨ ᠤ ᠲᠠᠷᠠᠭ᠎ᠠ ᠬᠦᠴᠦᠨ ᠲᠠᠢ ᠪᠤᠯᠤᠨ᠎ᠠ᠃ | | ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ ᠳᠤ ᠲᠤᠬᠠᠢ ᠶᠢᠨ ᠭᠠᠵᠠᠷ ᠤᠨ ᠦᠨᠳᠦᠰᠦᠳᠡᠨ ᠤ | ᠤᠨᠴᠠᠯᠢᠭ ᠢᠶᠠᠨ ᠦᠨᠳᠦᠰᠦᠯᠡᠵᠦ᠂ ᠬᠠᠥᠯᠢ ᠴᠠᠭᠠᠵᠠ ᠪᠠ ᠵᠠᠰᠠᠭ ᠵᠠᠬᠢᠷᠭᠠᠨ ᠤ ᠬᠠᠥᠯᠢ ᠲᠤᠭᠳᠠᠭᠠᠯ ᠤᠨ | ᠲᠤᠭᠳᠠᠭᠠᠯ ᠳᠤ ᠵᠤᠬᠢᠴᠠᠭᠤᠯᠤᠨ ᠬᠤᠪᠢᠷᠠᠭᠤᠯᠤᠭᠰᠠᠨ ᠲᠤᠭᠳᠠᠭᠠᠯ ᠭᠠᠷᠭᠠᠵᠤ ᠪᠤᠯᠤᠨ᠎ᠠ᠂ ᠭᠡᠪᠡᠴᠦ ᠬᠠᠥᠯᠢ ᠴᠠᠭᠠᠵᠠ | ᠪᠤᠶᠤ ᠵᠠᠰᠠᠭ ᠵᠠᠬᠢᠷᠭᠠᠨ ᠤ ᠬᠠᠥᠯᠢ ᠲᠤᠭᠳᠠᠭᠠᠯ ᠤᠨ ᠦᠨᠳᠦᠰᠦᠨ ᠵᠠᠷᠴᠢᠮ ᠢ ᠵᠦᠷᠢᠴᠡᠵᠦ ᠪᠤᠯᠬᠤ ᠦᠭᠡᠢ᠂ | ᠦᠨᠳᠦᠰᠦᠨ ᠬᠠᠥᠯᠢ ᠪᠠ ᠦᠨᠳᠦᠰᠦᠳᠡᠨ ᠤ ᠦᠪᠡᠷᠳᠡᠭᠡᠨ ᠵᠠᠰᠠᠬᠤ ᠬᠠᠥᠯᠢ ᠶᠢᠨ ᠲᠤᠭᠳᠠᠭᠠᠯ ᠬᠢᠭᠡᠤᠨ ᠪᠤᠰᠤᠤᠨ | ᠬᠤᠯᠪᠤᠭᠳᠠᠯ ᠪᠦᠬᠦᠢ ᠬᠠᠥᠯᠢ ᠴᠠᠭᠠᠵᠠ᠂ ᠵᠠᠰᠠᠭ ᠵᠠᠬᠢᠷᠭᠠᠨ ᠤ ᠬᠠᠥᠯᠢ ᠲᠤᠭᠳᠠᠭᠠᠯ ᠳᠠᠬᠢ ᠦᠨᠳᠦᠰᠦᠳᠡᠨ ᠤ | ᠦᠪᠡᠷᠳᠡᠭᠡᠨ ᠵᠠᠰᠠᠬᠤ ᠤᠷᠤᠨ ᠨᠤᠳᠤᠭ ᠤᠨ ᠲᠤᠬᠠᠢ ᠲᠤᠰᠬᠠᠢ ᠲᠤᠭᠳᠠᠭᠠᠭᠰᠠᠨ ᠲᠤᠭᠳᠠᠭᠠᠯ ᠳᠤ ᠵᠤᠬᠢᠴᠠᠭᠤᠯᠤᠨ | ᠬᠤᠪᠢᠷᠠᠭᠤᠯᠤᠭᠰᠠᠨ ᠲᠤᠭᠳᠠᠭᠠᠯ ᠭᠠᠷᠭᠠᠵᠤ ᠪᠤᠯᠬᠤ ᠦᠭᠡᠢ᠃ | | ᠳᠠᠯᠠᠨ ᠵᠢᠷᠭᠤᠳᠤᠭᠠᠷ ᠵᠦᠢᠯ ᠲᠤᠰ ᠵᠠᠰᠠᠭ ᠵᠠᠬᠢᠷᠭᠠᠨ ᠤ ᠤᠷᠤᠨ ᠤ ᠤᠨᠴᠠ ᠴᠢᠬᠤᠯᠨ ᠶᠡᠭᠡ | ᠶᠠᠪᠤᠳᠠᠯ ᠤᠳ ᠤᠨ ᠲᠤᠬᠠᠢ ᠲᠤᠭᠳᠠᠭᠠᠭᠰᠠᠨ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ ᠢ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠠᠴᠠ ᠪᠠᠳᠤᠯᠠᠬᠤ ᠭᠡᠷᠡᠭᠳᠡᠢ᠃ | | ᠲᠠᠯᠠᠨ ᠲᠤᠯᠤᠳᠤᠭᠠᠷ ᠵᠦᠢᠯ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ᠂ ᠦᠪᠡᠷᠳᠡᠭᠡᠨ ᠵᠠᠰᠠᠬᠤ | ᠲᠦᠷᠢᠮ ᠪᠠ ᠲᠤᠰᠬᠠᠢ ᠲᠦᠷᠢᠮ ᠤᠨ ᠲᠤᠬᠠᠢ ᠰᠠᠨᠠᠯ ᠵᠦᠪᠯᠡᠯᠭᠡ ᠲᠤᠷᠠᠥᠨᠬᠤ᠂ ᠬᠢᠨᠠᠨ ᠵᠦᠪᠯᠡᠬᠦ ᠪᠠ ᠪᠠᠳᠤᠯᠠᠬᠤ ᠲᠡᠰ | ᠲᠠᠷᠠᠭᠠᠯᠠᠯ ᠢ ᠪᠦᠬᠦᠳᠡ ᠨᠠᠶᠢᠷᠠᠮᠳᠠᠬᠤ ᠲᠤᠮᠳᠠᠳᠤ ᠠᠷᠠᠥᠨ ᠤᠯᠤᠰ ᠤᠨ ᠤᠷᠤᠨ ᠨᠤᠳᠤᠭ ᠤᠨ ᠡᠯ᠎ᠡ ᠱᠠᠳᠤᠨ ᠤ | ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠪᠠ ᠤᠷᠤᠨ ᠨᠤᠳᠤᠭ ᠤᠨ ᠡᠯ᠎ᠡ ᠱᠠᠳᠤᠨ ᠤ ᠠᠷᠠᠥᠨ ᠤᠨ | ᠵᠠᠰᠠᠭ ᠤᠨ ᠤᠷᠳᠤᠨ ᠤ ᠵᠤᠬᠢᠶᠠᠨ ᠪᠠᠶᠢᠭᠤᠯᠬᠤ ᠬᠠᠥᠯᠢ ᠶᠢ ᠦᠨᠳᠦᠰᠦᠯᠡᠵᠦ᠂ ᠲᠤᠰ ᠬᠠᠥᠯᠢ ᠶᠢᠨ ᠬᠤᠶᠠᠳᠤᠭᠠᠷ | ᠪᠦᠯᠦᠭ ᠤᠨ ᠬᠤᠶᠠᠳᠤᠭᠠᠷ ᠭᠡᠰᠡᠭ᠂ ᠭᠤᠷᠪᠠᠳᠤᠭᠠᠷ ᠭᠡᠰᠡᠭ᠂ ᠲᠠᠪᠤᠳᠤᠭᠠᠷ ᠭᠡᠰᠡᠭ ᠤᠨ ᠲᠤᠭᠳᠠᠭᠠᠯ ᠢᠶᠠᠷ ᠯᠠᠪᠯᠠᠯᠳᠠ | ᠪᠤᠯᠭᠠᠵᠤ᠂ ᠲᠤᠰ ᠱᠠᠳᠤᠨ ᠤ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠠᠴᠠ ᠲᠤᠭᠳᠠᠭᠠᠨ᠎ᠠ᠃ | | ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ ᠤᠨ ᠲᠦᠰᠦᠯ ᠤᠨ ᠲᠤᠬᠠᠢ ᠨᠢᠭᠡᠳᠦᠯᠳᠡᠢ ᠬᠢᠨᠠᠨ | ᠵᠦᠪᠯᠡᠬᠦ ᠶᠢ ᠬᠠᠷᠢᠭᠤᠴᠠᠬᠤ ᠪᠠᠶᠢᠭᠤᠯᠤᠮᠵᠢ ᠠᠴᠠ ᠬᠢᠨᠠᠨ ᠵᠦᠪᠯᠡᠭᠰᠡᠨ ᠦᠷ᠎ᠡ ᠳ᠋ᠦᠩ ᠤᠨ ᠲᠤᠬᠠᠢ ᠮᠡᠳᠡᠬᠦᠯᠦᠯᠳᠡ ᠪᠠ | ᠲᠦᠰᠦᠯ ᠳᠤ ᠵᠠᠰᠠᠪᠤᠷᠢ ᠤᠷᠤᠭᠤᠯᠬᠤ ᠡᠬᠡ ᠨᠤᠤᠷᠠᠭ ᠢ ᠲᠤᠷᠠᠳᠤᠨ ᠭᠠᠷᠭᠠᠨ᠎ᠠ᠃ | | ᠲᠠᠯᠠᠨ ᠨᠠᠢᠮᠠᠳᠤᠭᠠᠷ ᠵᠦᠢᠯ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠤᠨ ᠬᠠᠷᠢᠶ᠎ᠠ ᠬᠤᠳᠠ ᠶᠢᠨ | ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠲᠤᠭᠳᠠᠭᠠᠭᠰᠠᠨ ᠤᠷᠤᠨ ᠨᠤᠳᠤᠭ ᠤᠨ ᠴᠢᠨᠠᠷᠳᠠᠢ ᠬᠠᠥᠯᠢ | ᠲᠤᠭᠳᠠᠭᠠᠯ ᠢ ᠶᠡᠭᠡ ᠬᠤᠷᠠᠯ ᠤᠨ ᠲᠡᠷᠢᠬᠦᠯᠡᠭᠴᠢᠥᠨ ᠤᠨ ᠪᠦᠯᠬᠦᠮ ᠠᠴᠠ ᠠᠯᠪᠠᠨ ᠵᠠᠷ ᠭᠠᠷᠭᠠᠵᠤ ᠨᠡᠶᠢᠳᠡᠯᠡᠨ᠎ᠡ᠃ | | ᠮᠤᠵᠢ᠂ ᠦᠪᠡᠷᠳᠡᠭᠡᠨ ᠵᠠᠰᠬᠠᠤ ᠤᠷᠤᠨ᠂ ᠰᠢᠭᠤᠤᠨ ᠬᠠᠷᠢᠶ᠎ᠠ ᠬᠤᠳᠠ ᠶᠢᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠲᠤᠭᠳᠠᠭᠠᠭᠰᠠᠨ ᠤᠷᠤᠨ ᠨᠤᠳᠤᠭ ᠤᠨ | ᠴᠢᠨᠠᠷᠳᠠᠢ ᠬᠠᠥᠯᠢ ᠲᠤᠭᠳᠠᠭᠠᠯ ᠢ ᠪᠠᠶᠢᠩᠭᠤ ᠶᠢᠨ ᠬᠤᠷᠢᠶᠠᠨ ᠠᠴᠠ ᠠᠯᠪᠠᠨ ᠵᠠᠷ ᠭᠠᠷᠭᠠᠵᠤ ᠨᠡᠶᠢᠳᠡᠯᠡᠨ᠎ᠡ᠃ | | ᠲᠤᠭᠤᠷᠢᠭ ᠲᠠᠢ ᠬᠤᠳᠠ᠂ ᠦᠪᠡᠷᠲᠡᠭᠡᠨ ᠵᠠᠰᠠᠬᠤ ᠵᠸᠦ ᠶᠢᠨ ᠠᠷᠠᠥᠨ ᠤᠨ ᠲᠦᠯᠦᠭᠡᠯᠡᠭᠴᠢᠥᠨ ᠤᠨ ᠶᠡᠭᠡ | ᠬᠤᠷᠠᠯ ᠵᠢᠴᠢ ᠲᠡᠬᠦᠨ ᠤ ᠪᠠᠶᠢᠩᠭᠤ ᠶᠢᠨ ᠬᠤᠷᠢᠶ᠎ᠠ ᠶᠢᠨ ᠲᠤᠭᠳᠠᠭᠠᠭᠰᠠᠨ ᠤᠷᠤᠨ ᠨᠤᠳᠤᠭ ᠤᠨ ᠴᠢᠨᠠᠷᠳᠠᠢ ᠬᠠᠥᠯᠢ | ᠲᠤᠭᠳᠠᠭᠠᠯ ᠢ ᠲᠡᠪᠰᠢᠬᠦᠯᠦᠨ ᠮᠡᠳᠡᠬᠦᠯᠵᠦ ᠵᠦᠪᠰᠢᠶᠡᠷᠡᠬᠦᠯᠦᠭᠰᠡᠨ ᠤ ᠲᠠᠷᠠᠭ᠎ᠠ᠂ ᠲᠤᠭᠤᠷᠢᠭ ᠲᠠᠢ ᠬᠤᠳᠠ᠂ | ᠦᠪᠡᠷᠲᠡᠭᠡᠨ ᠵᠠᠰᠠᠬᠤ ᠵᠸᠦ ᠶᠢᠨ ᠠᠷᠠᠥᠨ ᠤᠨ ᠲᠦᠯᠦᠭᠡᠯᠡᠭᠴᠢᠥᠨ ᠶᠡᠭᠡ ᠬᠤᠷᠠᠯ ᠪᠠᠶᠢᠩᠭᠤ ᠶᠢᠨ ᠬᠤᠷᠢᠶ᠎ᠠ ᠠᠴᠠ | ᠠᠯᠪᠠᠨ ᠵᠠᠷ ᠭᠠᠷᠭᠠᠵᠤ ᠨᠡᠶᠢᠳᠡᠯᠡᠨ᠎ᠠ᠃ | | ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ ᠢ ᠲᠡᠪᠰᠢᠬᠦᠯᠦᠨ ᠮᠡᠳᠡᠬᠦᠯᠵᠦ | ᠵᠦᠪᠰᠢᠶᠡᠷᠡᠬᠦᠯᠦᠭᠰᠡᠨ ᠤ ᠲᠠᠷᠠᠭ᠎ᠠ᠂ ᠦᠪᠡᠷᠳᠡᠭᠡᠨ ᠵᠠᠰᠠᠬᠤ ᠤᠷᠤᠨ᠂ ᠦᠪᠡᠷᠳᠡᠭᠡᠨ ᠵᠠᠰᠠᠬᠤ ᠵᠸᠤ᠂ ᠦᠪᠡᠷᠳᠡᠭᠡᠨ | ᠵᠠᠰᠠᠬᠤ ᠰᠢᠶᠠᠨ ᠤ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠠᠴᠠ ᠲᠤᠰ | ᠲᠤᠰ ᠠᠯᠪᠠᠨ ᠵᠠᠷ ᠭᠠᠷᠭᠠᠵᠤ ᠨᠡᠶᠢᠳᠡᠯᠡᠨ᠎ᠠ᠃ | | ᠲᠠᠯ᠎ᠠ ᠶᠢᠰᠦᠳᠦᠭᠡᠷ ᠵᠦᠢᠯ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ᠂ ᠦᠪᠡᠷᠳᠡᠭᠡᠨ ᠵᠠᠰᠠᠬᠤ | ᠤᠷᠤᠨ ᠤ ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ ᠢ ᠨᠡᠶᠢᠳᠡᠯᠡᠭᠰᠡᠨ ᠤ ᠲᠠᠷᠠᠭ᠎ᠠ᠂ ᠲᠤᠰ ᠱᠠᠳᠤᠨ ᠤ | ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠠᠯᠪᠠᠨ ᠮᠡᠳᠡᠭᠡ ᠪᠠ ᠳᠤᠮᠳᠠᠳᠤ | ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠰᠦᠯᠵᠢᠶ᠎ᠠ᠂ ᠲᠤᠰ ᠤᠷᠤᠨ ᠨᠤᠳᠤᠭ ᠤᠨ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠰᠦᠯᠵᠢᠶ᠎ᠡ ᠵᠢᠴᠢ ᠲᠤᠰ ᠵᠠᠰᠠᠭ ᠵᠠᠬᠢᠷᠭᠠᠨ ᠤ ᠤᠷᠤᠨ ᠤ | ᠭᠡᠪᠴᠢᠶᠡᠨ ᠲᠤ ᠲᠠᠷᠬᠠᠭᠠᠵᠤ ᠪᠠᠶᠢᠭ᠎ᠠ ᠰᠤᠨᠢᠨ ᠲᠡᠭᠡᠷ᠎ᠡ ᠴᠠᠭ ᠲᠤᠬᠠᠢ ᠳᠤᠨᠢ ᠨᠡᠶᠢᠳᠡᠯᠡᠨ᠎ᠡ᠃ | | ᠪᠠᠶᠢᠩᠭᠤ ᠶᠢᠨ ᠬᠤᠷᠢᠶᠠᠨ ᠤ ᠠᠯᠪᠠᠨ ᠮᠡᠳᠡᠭᠡ ᠲᠡᠭᠡᠷ᠎ᠡ ᠨᠡᠶᠢᠳᠡᠯᠡᠭᠳᠡᠭᠰᠡᠨ ᠤᠷᠤᠨ ᠨᠤᠳᠤᠭ ᠤᠨ ᠴᠢᠨᠠᠷᠳᠠᠢ | ᠬᠠᠥᠯᠢ ᠲᠤᠭᠳᠠᠭᠠᠯ᠂ ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ ᠤᠨ ᠪᠢᠴᠢᠭ ᠨᠢ ᠪᠠᠷᠢᠮᠵᠢᠶᠠᠳᠤ ᠪᠢᠴᠢᠭ | ᠪᠤᠯᠤᠨ᠎ᠠ᠃ | | ᠬᠤᠶᠠᠳᠤᠭᠠᠷ ᠭᠡᠰᠡᠭ ᠲᠦᠷᠢᠮ ᠲᠤᠭᠳᠠᠭᠠᠯ | | ᠨᠠᠶᠠᠳᠤᠭᠠᠷ ᠵᠦᠢᠯ ᠲᠦᠷᠦ ᠶᠢᠨ ᠶᠠᠪᠤᠳᠠᠯ ᠤᠨ ᠬᠤᠷᠢᠶᠠᠨ ᠤ ᠡᠯ᠎ᠡ ᠶᠠᠮᠤᠨ᠂ ᠵᠦᠪᠯᠡᠯ᠂ ᠲᠤᠮᠳᠠᠳᠤ | ᠤᠯᠤᠰ ᠤᠨ ᠠᠷᠠᠥᠨ ᠤᠨ ᠪᠠᠩᠬᠢ᠂ ᠬᠢᠨᠠᠨ ᠪᠤᠳᠤᠬᠤ ᠵᠠᠬᠢᠷᠭ᠎ᠠ ᠪᠠ ᠵᠠᠰᠠᠭ ᠵᠠᠬᠢᠷᠭᠠᠨ ᠤ ᠬᠠᠮᠢᠶᠠᠷᠤᠯᠳᠠ ᠶᠢᠨ | ᠠᠵᠢᠯ ᠤᠨ ᠴᠢᠳᠠᠮᠵᠢ ᠲᠠᠢ ᠰᠢᠭᠤᠤᠨ ᠬᠠᠷᠢᠶ᠎ᠠ ᠪᠠᠶᠢᠭᠤᠯᠤᠮᠵᠢ ᠨᠤᠭᠤᠳ ᠬᠠᠥᠯᠢ ᠴᠠᠭᠠᠵᠠ ᠪᠠ ᠲᠦᠷᠦ ᠶᠢᠨ | ᠶᠠᠪᠤᠳᠠᠯ ᠤᠨ ᠬᠤᠷᠢᠶᠠᠨ ᠤ ᠵᠠᠰᠠᠭ ᠵᠠᠬᠢᠷᠭᠠᠨ ᠤ ᠬᠠᠥᠯᠢ ᠲᠤᠭᠳᠠᠭᠠᠯ᠂ ᠲᠤᠭᠳᠠᠭᠠᠯ᠂ ᠵᠠᠷᠯᠢᠭ ᠢ ᠦᠨᠳᠦᠰᠦᠯᠡᠵᠦ᠂ | ᠲᠤᠰ ᠰᠠᠯᠠᠭ᠎ᠠ ᠮᠦᠴᠢᠷ ᠤᠨ ᠢᠶᠠᠨ ᠡᠷᠭᠡ ᠶᠢᠨ ᠬᠡᠪᠴᠢᠶᠡᠨ ᠲᠤᠳᠤᠷ᠎ᠠ ᠲᠦᠷᠢᠮ ᠲᠤᠭᠳᠠᠭᠠᠯ ᠲᠤᠭᠳᠠᠭᠠᠵᠤ ᠪᠤᠯᠤᠨ᠎ᠠ᠃ | | | ᠰᠠᠯᠠᠭ᠎ᠠ ᠮᠦᠴᠢᠷ ᠤᠨ ᠲᠦᠷᠢᠮ ᠲᠤᠭᠳᠠᠭᠠᠯ ᠳᠤ ᠲᠤᠭᠳᠠᠭᠠᠭᠰᠠᠨ ᠶᠠᠪᠤᠳᠠᠯ ᠨᠢ ᠬᠠᠥᠯᠢ ᠴᠠᠭᠠᠵᠠ ᠪᠤᠶᠤ | ᠲᠦᠷᠦ ᠶᠢᠨ ᠶᠠᠪᠤᠳᠠᠯ ᠤᠨ ᠬᠤᠷᠢᠶᠠᠨ ᠤ ᠵᠠᠰᠠᠭ ᠵᠠᠬᠢᠷᠭᠠᠨ ᠤ ᠬᠠᠥᠯᠢ ᠲᠤᠭᠳᠠᠭᠠᠯ᠂ ᠲᠤᠭᠳᠠᠭᠠᠯ᠂ ᠵᠠᠷᠯᠢᠭ ᠢ | ᠬᠡᠷᠡᠭᠵᠢᠬᠦᠯᠬᠦ ᠶᠠᠪᠤᠳᠠᠯ ᠳᠤ ᠬᠠᠷᠢᠶᠠᠯᠠᠭᠳᠠᠬᠤ ᠶᠤᠰᠤᠳᠠᠢ᠃ ᠬᠠᠤᠯᠢ ᠴᠠᠭᠠᠵᠠ ᠪᠤᠶᠤ ᠲᠦᠷᠦ ᠶᠢᠨ ᠶᠠᠪᠤᠳᠠᠯ ᠤᠨ | ᠬᠤᠷᠢᠶᠠᠨ ᠤ ᠵᠠᠰᠠᠭ ᠵᠠᠬᠢᠷᠭᠠᠨ ᠤ ᠬᠠᠤᠯᠢ ᠲᠤᠭᠳᠠᠭᠠᠯ᠂ ᠲᠤᠭᠳᠠᠭᠠᠯ᠂ ᠵᠠᠷᠯᠢᠭ ᠤᠨ ᠦᠨᠳᠦᠰᠦᠯᠡᠯ ᠪᠠᠶᠢᠬᠤ ᠦᠭᠡᠢ | ᠪᠤᠯ ᠰᠠᠯᠠᠭ᠎ᠠ ᠮᠦᠴᠢᠷ ᠤᠨ ᠲᠦᠷᠢᠮ ᠲᠤᠭᠳᠠᠭᠠᠯ ᠨᠢ ᠠᠷᠠᠳ ᠢᠷᠭᠡᠨ᠂ ᠬᠠᠤᠯᠢ ᠶᠢᠨ ᠡᠷᠭᠡᠳᠡᠨ ᠪᠠ ᠪᠤᠰᠤᠳ | ᠵᠤᠬᠢᠶᠠᠨ ᠪᠠᠶᠢᠭᠤᠯᠤᠯᠳᠠ ᠶᠢᠨ ᠡᠷᠭᠡ ᠠᠰᠢᠭ ᠪᠤᠶᠤ ᠲᠡᠬᠦᠨ ᠳᠤ ᠨᠡᠮᠡᠭᠰᠡᠨ ᠡᠭᠦᠷᠭᠡ ᠶᠢ ᠬᠠᠰᠤᠨ ᠬᠤᠬᠢᠷᠠᠭᠤᠯᠤᠭᠰᠠᠨ | ᠲᠦᠷᠢᠮ ᠢ ᠲᠤᠭᠳᠠᠭᠠᠵᠦ ᠪᠤᠯᠬᠤ ᠦᠭᠡᠢ᠂ ᠲᠤᠰ ᠰᠠᠯᠠᠭ᠎ᠠ ᠮᠦᠴᠢᠷ ᠤᠨ ᠡᠷᠭᠡ ᠶᠢ ᠨᠡᠮᠡᠬᠦ ᠪᠤᠶᠤ ᠲᠤᠰ ᠰᠠᠯᠠᠭ᠎ᠠ | ᠮᠦᠴᠢᠷ ᠤᠨ ᠬᠠᠤᠯᠢ ᠳᠤ ᠲᠤᠭᠳᠠᠭᠠᠭᠰᠠᠨ ᠲᠤᠰᠢᠶᠠᠯ ᠬᠠᠷᠢᠭᠤᠴᠠᠯᠭ᠎ᠠ ᠶᠢ ᠬᠠᠰᠤᠵᠦ ᠪᠤᠯᠬᠤ ᠦᠭᠡᠢ᠃ | | | ᠨᠠᠶᠠᠨ ᠨᠢᠭᠡᠳᠦᠭᠡᠷ ᠵᠦᠢᠯ ᠲᠦᠷᠦ ᠶᠢᠨ ᠶᠠᠪᠤᠳᠠᠯ ᠤᠨ ᠬᠤᠷᠢᠶᠠᠨ ᠤ ᠬᠤᠶᠠᠷ ᠠᠴᠠ ᠲᠡᠭᠡᠭᠰᠢᠬᠢ ᠰᠠᠯᠠᠭ᠎ᠠ | ᠮᠦᠴᠢᠷ ᠤᠨ ᠡᠷᠭᠡ ᠲᠤᠰᠢᠶᠠᠯ ᠤᠨ ᠭᠡᠪᠴᠢᠶᠡᠨ ᠳᠤ ᠬᠤᠯᠪᠤᠭᠳᠠᠬᠤ ᠶᠠᠪᠤᠳᠠᠯ ᠤᠨ ᠲᠤᠬᠠᠢ ᠲᠦᠷᠦ ᠶᠢᠨ ᠶᠠᠪᠤᠳᠠᠯ ᠤᠨ | ᠬᠤᠷᠢᠶᠠᠨ ᠳᠤ ᠲᠡᠪᠰᠢᠬᠦᠯᠦᠨ ᠮᠡᠳᠡᠬᠦᠯᠵᠦ ᠵᠠᠰᠠᠭ ᠵᠠᠬᠢᠷᠭᠠᠨ ᠤ ᠬᠠᠥᠯᠢ ᠲᠤᠭᠳᠠᠭᠠᠯ ᠲᠤᠭᠳᠠᠭᠠᠯᠭᠠᠬᠤ ᠪᠤᠶᠤ | ᠲᠦᠷᠦ ᠶᠢᠨ ᠶᠠᠪᠤᠳᠠᠯ ᠤᠨ ᠬᠤᠷᠢᠶᠠᠨ ᠤ ᠬᠤᠯᠪᠤᠭᠳᠠᠯ ᠪᠦᠬᠦᠢ ᠰᠠᠯᠠᠭ᠎ᠠ ᠮᠦᠴᠢᠷ ᠬᠠᠮᠳᠤᠷᠠᠵᠤ ᠲᠦᠷᠢᠮ ᠲᠤᠭᠳᠠᠭᠠᠯ | ᠲᠤᠭᠳᠠᠭᠠᠬᠤ ᠭᠡᠷᠡᠭᠳᠡᠢ᠃ | | ᠨᠠᠶᠠᠨ ᠬᠤᠶᠠᠳᠤᠭᠠᠷ ᠵᠦᠢᠯ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠤᠨ ᠬᠠᠷᠢᠶ᠎ᠠ ᠬᠤᠳᠠ ᠪᠠ | ᠲᠤᠭᠤᠷᠢᠭ ᠲᠠᠢ ᠬᠤᠳᠠ᠂ ᠦᠪᠡᠷᠲᠡᠭᠡᠨ ᠵᠠᠰᠠᠬᠤ ᠵᠸᠦ ᠶᠢᠨ ᠠᠷᠠᠥᠨ ᠤᠨ ᠵᠠᠰᠠᠭ ᠤᠨ ᠤᠷᠳᠤᠨ ᠬᠠᠥᠯᠢ ᠴᠠᠭᠠᠵᠠ᠂ | ᠵᠠᠰᠠᠭ ᠵᠠᠬᠢᠷᠭᠠᠨ ᠤ ᠬᠠᠥᠯᠢ ᠲᠤᠭᠳᠠᠭᠠᠯ ᠪᠠ ᠲᠤᠰ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠤᠨ ᠬᠠᠷᠢᠶ᠎ᠠ | ᠬᠤᠳᠠ ᠶᠢᠨ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ ᠢᠦᠨᠳᠦᠰᠦᠯᠡᠵᠦ ᠲᠦᠷᠢᠮ ᠲᠤᠭᠳᠠᠭᠠᠯ | ᠲᠤᠭᠳᠠᠭᠠᠵᠤ ᠪᠤᠯᠤᠨ᠎ᠠ᠃ | | ᠤᠷᠤᠨ ᠨᠤᠳᠤᠭ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠳᠤ ᠲᠤᠤᠷ᠎ᠠ ᠵᠢᠠᠠᠰᠠᠭᠠᠭᠰᠠᠨ | ᠶᠠᠪᠤᠳᠠᠯ ᠤᠳ ᠤᠨ ᠲᠤᠬᠠᠢ ᠲᠤᠭᠳᠠᠭᠠᠯ ᠭᠠᠷᠭᠠᠵᠤ ᠪᠤᠯᠤᠨ᠎ᠠ᠄ | | ︵ᠨᠢᠭᠡ︶ ᠬᠠᠥᠯᠢ ᠴᠠᠭᠠᠵᠠ᠂ ᠵᠠᠰᠠᠭ ᠵᠠᠬᠢᠷᠭᠠᠨ ᠤ ᠬᠠᠥᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ ᠬᠠᠥᠯᠢ | ᠲᠤᠭᠳᠠᠭᠠᠯ ᠤᠨ ᠲᠤᠭᠳᠠᠭᠠᠯ ᠢ ᠭᠡᠷᠡᠭᠵᠢᠬᠦᠯᠬᠦ ᠶᠢᠨ ᠲᠤᠰᠠᠳᠠ ᠲᠦᠷᠢᠮ ᠲᠤᠭᠳᠠᠭᠠᠯ ᠲᠤᠭᠳᠠᠭᠠᠬᠤ ᠴᠢᠬᠤᠯᠨᠲᠠᠢ | ᠶᠠᠪᠤᠳᠠᠯ︔ | | ︵ᠬᠤᠶᠠᠷ︶ ᠲᠤᠰ ᠵᠠᠰᠠᠭ ᠵᠠᠬᠢᠷᠭᠠᠨ ᠤ ᠤᠷᠤᠨ ᠪᠦᠰᠡ ᠶᠢᠨ ᠪᠤᠳᠠᠳᠠᠢ ᠵᠠᠰᠠᠭ ᠵᠠᠬᠢᠷᠭᠠᠨ ᠤ ᠬᠠᠮᠢᠶᠠᠷᠤᠯᠳᠠ ᠳᠤ | ᠬᠠᠷᠢᠶᠠᠯᠠᠭᠳᠠᠬᠤ ᠶᠠᠪᠤᠳᠠᠯ᠃ | | ᠲᠤᠭᠤᠷᠢᠭ ᠲᠠᠢ ᠬᠤᠳᠠ᠂ ᠦᠪᠡᠷᠲᠡᠭᠡᠨ ᠵᠠᠰᠠᠬᠤ ᠵᠸᠦ ᠶᠢᠨ ᠠᠷᠠᠳ ᠤᠨ ᠵᠠᠰᠠᠭ ᠤᠨ ᠤᠷᠳᠤᠨ ᠲᠤᠰ | ᠵᠦᠢᠯ ᠤᠨ ᠨᠢᠭᠡᠳᠦᠭᠡᠷ ᠵᠤᠷᠪᠤᠰ᠂ ᠬᠤᠶᠠᠳᠤᠭᠠᠷ ᠵᠤᠷᠪᠤᠰ ᠢ ᠦᠨᠳᠦᠰᠦᠯᠡᠵᠦ ᠤᠷᠤᠨ ᠨᠤᠳᠤᠭ ᠤᠨ ᠵᠠᠰᠠᠭ ᠤᠨ | ᠤᠷᠳᠤᠨ ᠤ ᠲᠦᠷᠢᠮ ᠲᠤᠭᠳᠠᠭᠠᠯ ᠢ ᠲᠤᠭᠳᠠᠭᠠᠵᠦ᠂ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠪᠤᠯᠤᠨ | ᠬᠠᠮᠢᠶᠠᠷᠤᠯᠳᠠ᠂ ᠤᠷᠴᠢᠨ ᠲᠤᠭᠤᠷᠢᠨ ᠤ ᠬᠠᠮᠠᠭᠠᠯᠠᠯᠳᠠ᠂ ᠲᠡᠦᠭᠡ ᠰᠤᠶᠤᠯ ᠤᠨ ᠬᠠᠮᠠᠭᠠᠯᠠᠯᠳᠠ ᠵᠡᠷᠭᠡ ᠲᠠᠯ᠎ᠠ ᠶᠢᠨ | ᠶᠠᠪᠤᠳᠠᠯ ᠳᠤ ᠬᠢᠵᠠᠭᠠᠷᠯᠠᠨ᠎ᠠ᠃ ᠨᠢᠭᠡᠨᠳᠠ ᠲᠤᠭᠳᠠᠭᠠᠭᠰᠠᠨ ᠤᠷᠤᠨ ᠨᠤᠳᠤᠭ ᠤᠨ ᠵᠠᠰᠠᠭ ᠤᠨ ᠤᠷᠳᠤᠨ ᠤ ᠲᠦᠷᠢᠮ | ᠲᠤᠭᠳᠠᠭᠠᠯ ᠨᠢ ᠳᠡᠭᠡᠷᠡᠭᠢ ᠶᠠᠪᠤᠳᠠᠯ ᠤᠳ ᠤᠨ ᠬᠡᠪᠴᠢᠶᠠᠨ ᠠᠴᠠ ᠭᠠᠳᠠᠨᠠᠬᠢ ᠲᠠᠢ ᠬᠤᠯᠪᠤᠭᠳᠠᠭᠰᠠᠨ ᠪᠠᠶᠢᠪᠠᠯ | ᠦᠷᠭᠦᠯᠵᠢᠯᠠᠨ ᠬᠦᠴᠦᠨ ᠲᠠᠢ᠃ | | ᠮᠤᠵᠢ᠂ ᠦᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠪᠠᠶᠢᠭ᠎ᠠ ᠭᠠᠵᠠᠷ ᠤᠨ | ᠬᠤᠳᠠ᠂ ᠠᠵᠤ ᠠᠬᠤᠢ ᠶᠢᠨ ᠤᠨᠴᠠᠭᠠᠢ ᠤᠷᠤᠨ ᠤ ᠪᠠᠶᠢᠭ᠎ᠠ ᠭᠠᠵᠠᠷ ᠤᠨ ᠬᠤᠳᠠ ᠪᠠ ᠲᠦᠷᠦ ᠶᠢᠨ ᠶᠠᠪᠤᠳᠠᠯ ᠤᠨ | ᠬᠤᠷᠢᠶ᠎ᠠ ᠠᠴᠠ ᠵᠦᠪᠰᠢᠶᠡᠷᠡᠭᠰᠡᠨ ᠲᠤᠮᠤ ᠰᠢᠬ ᠬᠤᠳᠠ ᠠᠴᠠ ᠭᠠᠳᠠᠨ᠎ᠠ᠂ ᠪᠤᠰᠤᠳ ᠲᠤᠭᠤᠷᠢᠭ ᠲᠠᠢ ᠬᠤᠳᠠ᠂ | ᠦᠪᠡᠷᠲᠡᠭᠡᠨ ᠵᠠᠰᠠᠬᠤ ᠵᠸᠦ ᠶᠢᠨ ᠠᠷᠠᠳ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠢ ᠡᠬᠢᠯᠡᠨ ᠲᠤᠭᠳᠠᠭᠠᠬᠤ | ᠴᠠᠭ ᠨᠢ ᠲᠤᠰ ᠮᠤᠵᠢ᠂ ᠦᠪᠡᠷᠲᠡᠭᠡᠨ ᠵᠠᠰᠠᠬᠤ ᠤᠷᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠠᠴᠠ ᠲᠤᠭᠳᠠᠭᠠᠭᠰᠠᠨ ᠲᠤᠰ ᠬᠤᠳᠠ᠂ ᠦᠪᠡᠷᠲᠡᠭᠡᠨ ᠵᠠᠰᠠᠬᠤ ᠵᠸᠦ ᠶᠢᠨ ᠤᠷᠤᠨ | ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠢ ᠡᠬᠢᠯᠡᠨ ᠲᠤᠭᠳᠠᠭᠠᠬᠤ ᠴᠠᠭ ᠲᠠᠢ ᠵᠡᠷᠭᠡᠪᠡᠷ ᠶᠠᠪᠤᠭᠳᠠᠬᠤ ᠭᠡᠷᠡᠭᠲᠡᠢ᠃ | | ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠢ ᠲᠤᠭᠳᠠᠭᠠᠬᠤ ᠴᠢᠬᠤᠯᠠᠲᠠᠢ ᠪᠤᠯᠪᠠᠴᠦ ᠨᠦᠬᠦᠴᠡᠯ | ᠬᠠᠷᠠᠬᠠᠨ ᠪᠦᠷᠢᠯᠳᠦᠬᠡᠳᠦᠢ᠂ ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠲᠤᠯᠭᠠᠮ᠎ᠠ ᠱᠠᠭᠠᠷᠳᠠᠯᠭ᠎ᠠ ᠠᠴᠠ ᠪᠤᠯᠵᠦ᠂ | ᠤᠷᠢᠳᠠᠪᠡᠷ ᠤᠷᠤᠨ ᠨᠤᠳᠤᠭ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠢ ᠲᠤᠭᠳᠠᠭᠠᠵᠦ ᠪᠤᠯᠤᠨ᠎ᠠ᠃ | ᠲᠦᠷᠢᠮ ᠲᠤᠭᠳᠠᠭᠠᠯ ᠢ ᠭᠡᠷᠡᠭᠵᠢᠬᠦᠯᠦᠭᠡᠳ ᠬᠤᠶᠠᠷ ᠵᠢᠯ ᠤᠨ ᠬᠤᠭᠤᠴᠠᠭ᠎ᠠ ᠲᠦᠬᠦᠷᠴᠦ ᠲᠦᠷᠢᠮ ᠲᠤᠭᠳᠠᠭᠠᠯ ᠳᠤ | ᠲᠤᠭᠳᠠᠭᠠᠭᠰᠠᠨ ᠵᠠᠰᠠᠭ ᠵᠠᠬᠢᠷᠭᠠᠨ ᠤ ᠠᠷᠭ᠎ᠠ ᠠᠪᠴᠠᠯ ᠢ ᠦᠷᠬᠦᠯᠵᠢᠯᠡᠨ ᠭᠡᠷᠡᠭᠵᠢᠬᠦᠯᠬᠦ ᠴᠢᠬᠤᠯᠠᠲᠠᠢ ᠪᠠᠶᠢᠪᠡᠯ᠂ ᠲᠤᠰ | ᠱᠠᠳᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠪᠤᠶᠤ ᠲᠡᠬᠦᠨ ᠤ ᠪᠠᠶᠢᠩᠭᠤ ᠶᠢᠨ ᠬᠤᠷᠢᠶ᠎ᠠ ᠳᠤ | ᠲᠡᠪᠰᠢᠬᠦᠯᠦᠨ ᠮᠡᠳᠡᠬᠦᠯᠵᠦ ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠲᠤᠭᠳᠠᠭᠠᠯᠭᠠᠨ᠎ᠠ᠃ | | ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ ᠬᠠᠤᠯᠢ | ᠲᠤᠭᠳᠠᠭᠠᠯ᠂ ᠤᠷᠤᠨ ᠨᠤᠳᠤᠭ ᠤᠨ ᠴᠢᠨᠠᠷᠳᠠᠢ ᠲᠦᠷᠢᠮ ᠲᠤᠭᠳᠠᠭᠠᠯ ᠤᠨ ᠦᠨᠳᠦᠰᠦᠯᠡᠯ ᠦᠭᠡᠢ ᠪᠤᠯ ᠤᠷᠤᠨ | ᠨᠤᠳᠤᠭ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠨᠢ ᠠᠷᠠᠳ ᠢᠷᠭᠡᠨ᠂ ᠬᠠᠤᠯᠢ ᠶᠢᠨ ᠡᠷᠭᠡᠳᠡᠨ ᠪᠠ | ᠪᠤᠰᠤᠳ ᠵᠤᠬᠢᠶᠠᠨ ᠪᠠᠶᠢᠭᠤᠯᠤᠯᠳᠠ ᠶᠢᠨ ᠡᠷᠭᠡ ᠠᠰᠢᠭ ᠪᠤᠶᠤ ᠲᠡᠬᠦᠨ ᠳᠤ ᠨᠡᠮᠡᠭᠰᠡᠨ ᠡᠬᠦᠷᠭᠡ ᠶᠢ ᠬᠠᠰᠤᠨ | ᠬᠤᠬᠢᠷᠠᠭᠤᠯᠬᠤ ᠲᠦᠷᠢᠮ ᠪᠠᠶᠢᠭᠤᠯᠵᠦ ᠪᠤᠯᠬᠤ ᠦᠭᠡᠢ᠃ | | ᠨᠠᠶᠠᠨ ᠭᠤᠷᠪᠠᠳᠤᠭᠠᠷ ᠵᠦᠢᠯ ᠲᠦᠷᠦ ᠶᠢᠨ ᠶᠠᠪᠤᠳᠠᠯ ᠤᠨ ᠬᠤᠷᠢᠶᠠᠨ ᠤ ᠰᠠᠯᠠᠭ᠎ᠠ ᠮᠦᠴᠢᠷ ᠤᠨ ᠲᠦᠷᠢᠮ | ᠲᠤᠭᠳᠠᠭᠠᠯ ᠪᠠ ᠤᠷᠤᠨ ᠨᠤᠳᠤᠭ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠢ ᠲᠤᠭᠳᠠᠭᠠᠬᠤ ᠲᠠᠰ | ᠲᠠᠷᠠᠭᠠᠯᠠᠯ ᠢ ᠲᠤᠰ ᠬᠠᠥᠯᠢ ᠶᠢᠨ ᠭᠤᠷᠪᠠᠳᠤᠭᠠᠷ ᠪᠦᠯᠦᠭ ᠤᠨ ᠲᠤᠭᠳᠠᠭᠠᠯ ᠢᠶᠠᠷ ᠯᠠᠪᠯᠠᠯᠳᠠ ᠪᠤᠯᠭᠠᠵᠤ ᠲᠦᠷᠦ ᠶᠢᠨ | ᠶᠠᠪᠤᠳᠠᠯ ᠤᠨ ᠬᠤᠷᠢᠶᠠᠨ ᠠᠴᠠ ᠲᠤᠭᠳᠠᠭᠠᠨ᠎ᠠ᠃ | | ᠨᠠᠶᠠᠨ ᠲᠦᠷᠪᠡᠳᠦᠭᠡᠷ ᠵᠦᠢᠯ ᠰᠠᠯᠠᠭ᠎ᠠ ᠮᠦᠴᠢᠷ ᠤᠨ ᠲᠦᠷᠢᠮ ᠲᠤᠭᠳᠠᠭᠠᠯ ᠢ ᠰᠠᠯᠠᠭ᠎ᠠ ᠮᠦᠴᠢᠷ ᠤᠨ | ᠠᠵᠢᠯ ᠤᠨ ᠬᠤᠷᠠᠯ ᠪᠤᠶᠤ ᠵᠦᠪᠯᠡᠯ ᠤᠨ ᠬᠤᠷᠠᠯ ᠠᠴᠠ ᠲᠤᠭᠳᠠᠭᠠᠬᠤ ᠭᠡᠷᠡᠭᠳᠡᠢ᠃ | | ᠤᠷᠤᠨ ᠨᠤᠳᠤᠭ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠢ ᠵᠠᠰᠠᠭ ᠤᠨ ᠤᠷᠳᠤᠨ ᠤ | ᠪᠠᠶᠢᠩᠭᠤ ᠶᠢᠨ ᠬᠤᠷᠠᠯ ᠪᠤᠶᠤ ᠪᠦᠬᠦᠳᠡ ᠬᠤᠷᠠᠯ ᠠᠴᠠ ᠲᠤᠭᠳᠠᠭᠠᠬᠤ ᠭᠡᠷᠡᠭᠳᠡᠢ᠃ | | ᠨᠠᠶᠠᠨ ᠲᠠᠪᠤᠳᠤᠭᠠᠷ ᠵᠦᠢᠯ ᠰᠠᠯᠠᠭ᠎ᠠ ᠮᠦᠴᠢᠷ ᠤᠨ ᠲᠦᠷᠢᠮ ᠲᠤᠭᠳᠠᠭᠠᠯ ᠢ ᠰᠠᠯᠠᠭ᠎ᠠ ᠮᠦᠴᠢᠷ ᠤᠨ | ᠲᠠᠷᠤᠭ᠎ᠠ ᠭᠠᠷ ᠤᠨ ᠦᠰᠦᠭ ᠵᠢᠷᠦᠵᠤ ᠵᠠᠷᠯᠢᠭ ᠢᠶᠠᠷ ᠨᠡᠶᠢᠳᠡᠯᠡᠨ᠎ᠡ᠃ | | ᠤᠷᠤᠨ ᠨᠤᠳᠤᠭ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠢ ᠮᠤᠵᠢ ᠶᠢᠨ ᠲᠠᠷᠤᠭ᠎ᠠ ᠪᠤᠶᠤ | ᠦᠪᠡᠷᠳᠡᠭᠡᠨ ᠵᠠᠰᠠᠬᠤ ᠤᠷᠤᠨ ᠤ ᠲᠡᠷᠢᠬᠦᠯᠡᠭᠴᠢ᠂ ᠬᠤᠳᠠ ᠶᠢᠨ ᠲᠠᠷᠤᠭ᠎ᠠ ᠪᠤᠶᠤ ᠦᠪᠡᠷᠲᠡᠭᠡᠨ ᠵᠠᠰᠠᠬᠤ ᠵᠸᠦ ᠶᠢᠨ | ᠲᠠᠷᠤᠭ᠎ᠠ ᠭᠠᠷ ᠤᠨ ᠦᠰᠦᠭ ᠵᠢᠷᠤᠵᠤ ᠵᠠᠷᠯᠢᠭ ᠢᠶᠠᠷ ᠨᠡᠶᠢᠳᠡᠯᠡᠨ᠎ᠡ᠃ | | ᠨᠠᠶᠠᠨ ᠵᠢᠷᠭᠤᠳᠤᠭᠠᠷ ᠵᠦᠢᠯ ᠰᠠᠯᠠᠭ᠎ᠠ ᠮᠦᠴᠢᠷ ᠤᠨ ᠲᠦᠷᠢᠮ ᠲᠤᠭᠳᠠᠭᠠᠯ ᠢ ᠭᠠᠷ ᠤᠨ ᠦᠰᠦᠭ ᠵᠢᠷᠦᠵᠦ | ᠨᠡᠶᠢᠳᠡᠯᠡᠭᠰᠡᠨ ᠤ ᠲᠠᠷᠠᠭ᠎ᠠ᠂ ᠲᠦᠷᠦ ᠶᠢᠨ ᠶᠠᠪᠤᠳᠠᠯ ᠤᠨ ᠬᠤᠷᠢᠶᠠᠨ ᠤ ᠠᠯᠪᠠᠨ ᠮᠡᠳᠡᠭᠡ ᠪᠤᠶᠤ ᠰᠠᠯᠠᠭ᠎ᠠ ᠮᠦᠴᠢᠷ ᠤᠨ | ᠠᠯᠪᠠᠨ ᠮᠡᠳᠡᠭᠡ ᠪᠠ ᠳᠤᠮᠳᠠᠳᠤ ᠤᠯᠤᠰ ᠤᠨ ᠵᠠᠰᠠᠭ ᠤᠨ ᠤᠷᠳᠤᠨ ᠤ ᠬᠠᠤᠯᠢ ᠲᠦᠷᠢᠮ ᠤᠨ ᠮᠡᠳᠡᠭᠡ ᠵᠠᠩᠬᠢ ᠶᠢᠨ | ᠰᠦᠯᠵᠢᠶ᠎ᠠ ᠵᠢᠴᠢ ᠪᠦᠬᠦ ᠤᠯᠤᠰ ᠤᠨ ᠭᠡᠪᠴᠢᠶᠡᠨ ᠳᠤ ᠲᠠᠷᠬᠠᠭᠠᠵᠤ ᠪᠠᠶᠢᠭ᠎ᠠ ᠰᠤᠨᠢᠨ ᠲᠡᠭᠡᠷ᠎ᠡ ᠴᠠᠭ ᠲᠤᠬᠠᠢ ᠳᠤᠨᠢ | ᠨᠡᠶᠢᠳᠡᠯᠡᠬᠦ ᠭᠡᠷᠡᠭᠳᠡᠢ᠃ | | ᠤᠷᠤᠨ ᠨᠤᠳᠤᠭ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠢ ᠭᠠᠷ ᠤᠨ ᠦᠰᠦᠭ ᠵᠢᠷᠤᠵᠤ | ᠨᠡᠶᠢᠳᠡᠯᠡᠭᠰᠡᠨ ᠤ ᠲᠠᠷᠠᠭ᠎ᠠ᠂ ᠲᠤᠰ ᠱᠠᠳᠤᠨ ᠤ ᠠᠷᠠᠥᠨ ᠤᠨ ᠵᠠᠰᠠᠭ ᠤᠨ ᠤᠷᠳᠤᠨ ᠤ ᠠᠯᠪᠠᠨ ᠮᠡᠳᠡᠭᠡ ᠪᠠ ᠳᠤᠮᠳᠠᠳᠤ | ᠤᠯᠤᠰ ᠤᠨ ᠵᠠᠰᠠᠭ ᠤᠨ ᠤᠷᠳᠤᠨ ᠤ ᠬᠠᠤᠯᠢ ᠲᠦᠷᠢᠮ ᠤᠨ ᠮᠡᠳᠡᠭᠡ ᠵᠠᠩᠬᠢ ᠶᠢᠨ ᠰᠦᠯᠵᠢᠶ᠎ᠠ ᠵᠢᠴᠢ ᠲᠤᠰ ᠵᠠᠰᠠᠭ | ᠵᠠᠬᠢᠷᠭᠠᠨ ᠤ ᠤᠷᠤᠨ ᠤ ᠭᠡᠪᠴᠢᠶᠡᠨ ᠳᠤ ᠲᠠᠷᠬᠠᠭᠠᠵᠤ ᠪᠠᠶᠢᠭ᠎ᠠ ᠰᠤᠨᠢᠨ ᠲᠡᠭᠡᠷ᠎ᠡ ᠴᠠᠭ ᠲᠤᠬᠠᠢ ᠳᠤᠨᠢ ᠨᠡᠶᠢᠳᠡᠯᠡᠬᠦ | ᠭᠡᠷᠡᠭᠳᠡᠢ᠃ | | ᠲᠦᠷᠦ ᠶᠢᠨ ᠶᠠᠪᠤᠳᠠᠯ ᠤᠨ ᠬᠤᠷᠢᠶᠠᠨ ᠤ ᠠᠯᠪᠠᠨ ᠮᠡᠳᠡᠭᠡ ᠪᠤᠶᠤ ᠰᠠᠯᠠᠭ᠎ᠠ ᠮᠦᠴᠢᠷ ᠤᠨ ᠠᠯᠪᠠᠨ ᠮᠡᠳᠡᠭᠡ | ᠪᠠ ᠤᠷᠤᠨ ᠨᠤᠳᠤᠭ ᠤᠨ ᠵᠠᠰᠠᠭ ᠤᠨ ᠤᠷᠳᠤᠨ ᠤ ᠠᠯᠪᠠᠨ ᠮᠡᠳᠡᠭᠡ ᠲᠡᠭᠡᠷ᠎ᠡ ᠨᠡᠶᠢᠳᠡᠯᠡᠭᠰᠡᠨ ᠲᠦᠷᠢᠮ ᠲᠤᠭᠳᠠᠭᠠᠯ ᠤᠨ | ᠪᠢᠴᠢᠭ ᠨᠢ ᠪᠠᠷᠢᠮᠵᠢᠶᠠᠳᠤ ᠪᠢᠴᠢᠭ ᠪᠤᠯᠤᠨ᠎ᠠ᠃ | | ᠲᠠᠪᠤᠳᠤᠭᠠᠷ ᠪᠦᠯᠥᠭ ᠬᠡᠷᠡᠭᠯᠡᠬᠦ ᠳᠤ ᠲᠤᠬᠢᠷᠠᠬᠤ ᠪᠠ ᠲᠠᠩᠰᠠᠯᠠᠭᠤᠯᠵᠥ ᠬᠢᠨᠠᠨ ᠪᠠᠶᠢᠴᠠᠭᠠᠬᠤ | | ᠨᠠᠶᠠᠨ ᠲᠤᠯᠤᠳᠤᠭᠠᠷ ᠵᠦᠢᠯ ᠦᠨᠳᠦᠰᠦᠨ ᠬᠠᠤᠯᠢ ᠨᠢ ᠬᠠᠮᠤᠭ ᠲᠡᠭᠡᠳᠤ ᠬᠠᠤᠯᠢ ᠴᠠᠭᠠᠵᠠ ᠶᠢᠨ | ᠬᠦᠴᠦᠨ ᠲᠠᠢ᠂ ᠠᠯᠢᠪᠠ ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠤᠭᠳᠠᠭᠠᠯ᠂ ᠤᠷᠤᠨ ᠨᠤᠳᠤᠭ ᠤᠨ | ᠴᠢᠨᠠᠷᠳᠠᠢ ᠬᠠᠤᠯᠢ ᠲᠤᠭᠳᠠᠭᠠᠯ᠂ ᠦᠪᠡᠷᠳᠡᠭᠡᠨ ᠵᠠᠰᠠᠬᠤ ᠲᠦᠷᠢᠮ ᠪᠤᠯᠤᠨ ᠲᠤᠰᠬᠠᠢ ᠲᠦᠷᠢᠮ᠂ ᠲᠦᠷᠢᠮ ᠲᠤᠭᠳᠠᠭᠠᠯ | ᠪᠦᠷ ᠦᠨᠳᠦᠰᠦᠨ ᠬᠠᠤᠯᠢ ᠲᠠᠢ ᠬᠠᠷᠰᠢᠯᠳᠤᠵᠥ ᠪᠤᠯᠬᠤ ᠦᠭᠡᠢ᠃ | | ᠨᠠᠶᠠᠨ ᠨᠠᠢᠮᠠᠳᠤᠭᠠᠷ ᠵᠦᠢᠯ ᠬᠠᠤᠯᠢ ᠴᠠᠭᠠᠵᠠ ᠶᠢᠨ ᠬᠦᠴᠦᠨ ᠨᠢ ᠵᠠᠰᠠᠭ ᠵᠠᠬᠢᠷᠭᠠᠨ ᠤ ᠬᠠᠤᠯᠢ ᠲᠤᠭᠳᠠᠭᠠᠯ᠂ | ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ᠂ ᠲᠦᠷᠢᠮ ᠲᠤᠭᠳᠠᠭᠠᠯ ᠠᠴᠠ ᠶᠡᠭᠡ᠃ | | ᠵᠠᠰᠠᠭ ᠵᠠᠬᠢᠷᠭᠠᠨ ᠤ ᠬᠠᠤᠯᠢ ᠲᠤᠭᠳᠠᠭᠠᠯ ᠤᠨ ᠬᠦᠴᠦᠨ ᠨᠢ ᠤᠷᠤᠨ ᠨᠤᠳᠤᠭ ᠤᠨ ᠴᠢᠨᠠᠷᠳᠠᠢ ᠬᠠᠤᠯᠢ | ᠲᠤᠭᠳᠠᠭᠠᠯ᠂ ᠲᠦᠷᠢᠮ ᠲᠤᠭᠳᠠᠭᠠᠯ ᠠᠴᠠ ᠶᠡᠭᠡ᠃ | | ᠨᠠᠶᠠ ᠶᠢᠰᠦᠳᠦᠭᠡᠷ ᠵᠦᠢᠯ ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠤᠨ ᠬᠦᠴᠦᠨ ᠨᠢ ᠲᠤᠰ | ᠱᠠᠳᠤᠨ ᠤ ᠪᠠ ᠲᠤᠤᠷᠠᠳᠤ ᠱᠠᠳᠤᠨ ᠤ ᠤᠷᠤᠨ ᠨᠤᠳᠤᠭ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠠᠴᠠ | ᠦᠨᠳᠦᠷ᠃ | | ᠮᠤᠵᠢ᠂ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠲᠤᠭᠳᠠᠭᠠᠭᠰᠠᠠ ᠲᠦᠷᠢᠮ | ᠲᠤᠭᠳᠠᠭᠠᠯ ᠤᠨ ᠬᠦᠴᠦᠨ ᠨᠢ ᠲᠤᠰ ᠵᠠᠰᠠᠭ ᠵᠠᠬᠢᠷᠭᠠᠨ ᠤ ᠤᠷᠤᠨ ᠤ ᠲᠤᠭᠤᠷᠢᠭ ᠲᠠᠢ ᠬᠤᠳᠠ᠂ ᠦᠪᠡᠷᠳᠡᠭᠡᠨ | ᠵᠠᠰᠠᠬᠤ ᠵᠸᠥ ᠶᠢᠨ ᠠᠷᠠᠳ ᠤᠨ ᠵᠠᠰᠠᠭ ᠤᠨ ᠤᠷᠳᠤᠨ ᠤ ᠲᠤᠭᠳᠠᠭᠠᠭᠰᠠᠠ ᠲᠦᠷᠢᠮ ᠲᠤᠭᠳᠠᠭᠠᠯ ᠠᠴᠠ ᠶᠡᠭᠡ᠃ | | ᠶᠡᠷᠡᠳᠤᠬᠡᠷ ᠵᠦᠢᠯ ᠦᠪᠡᠷᠳᠡᠭᠡᠨ ᠵᠠᠰᠠᠬᠤ ᠲᠦᠷᠢᠮ ᠪᠤᠯᠤᠨ ᠲᠤᠰᠬᠠᠢ ᠲᠦᠷᠢᠮ ᠨᠢ ᠬᠠᠤᠯᠢ ᠶᠤᠰᠤᠭᠠᠷ | ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ ᠬᠠᠤᠯᠢ | ᠲᠤᠭᠳᠠᠭᠠᠯ ᠳᠤ ᠵᠤᠬᠢᠴᠠᠭᠤᠯᠤᠨ ᠬᠤᠪᠢᠷᠠᠭᠤᠯᠬᠤ ᠲᠤᠭᠳᠠᠭᠠᠯ ᠭᠠᠷᠭᠠᠪᠠᠯ᠂ ᠲᠤᠰ ᠦᠪᠡᠷᠳᠡᠭᠡᠨ ᠵᠠᠰᠠᠬᠤ ᠭᠠᠵᠠᠷ | ᠤᠷᠤᠨ ᠳᠤ ᠦᠪᠡᠷᠳᠡᠭᠡᠨ ᠵᠠᠰᠠᠬᠤ ᠲᠦᠷᠢᠮ ᠪᠤᠯᠤᠨ ᠲᠤᠰᠬᠠᠢ ᠲᠦᠷᠢᠮ ᠤᠨ ᠲᠤᠭᠳᠠᠭᠠᠯ ᠢ ᠬᠡᠷᠡᠭᠯᠡᠨ᠎ᠡ᠃ | | | ᠠᠵᠥ ᠠᠬᠤᠢ ᠶᠢᠨ ᠤᠨᠴᠠᠭᠠᠢ ᠤᠷᠤᠨ ᠤ ᠬᠠᠤᠯᠢ ᠲᠦᠷᠢᠮ ᠨᠢ ᠤᠯᠭᠤᠭᠰᠠᠨ ᠡᠷᠬᠡ ᠪᠠᠨ ᠦᠨᠳᠦᠰᠦᠯᠠᠨ | ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ ᠬᠠᠤᠯᠢ | ᠲᠤᠭᠳᠠᠭᠠᠯ ᠳᠤ ᠵᠤᠬᠢᠴᠠᠭᠤᠯᠤᠨ ᠬᠤᠪᠢᠷᠠᠭᠤᠯᠬᠤ ᠲᠤᠭᠳᠠᠭᠠᠯ ᠭᠠᠷᠭᠠᠪᠠᠯ᠂ ᠲᠤᠰ ᠠᠵᠥ ᠠᠬᠤᠢ ᠶᠢᠨ ᠤᠨᠴᠠᠭᠠᠢ | ᠤᠷᠤᠨ ᠳᠤ ᠠᠵᠥ ᠠᠬᠤᠢ ᠶᠢᠨ ᠤᠨᠴᠠᠭᠠᠢ ᠤᠷᠤᠨ ᠤ ᠬᠠᠤᠯᠢ ᠲᠦᠷᠢᠮ ᠤᠨ ᠲᠤᠭᠳᠠᠭᠠᠯ ᠢ ᠬᠡᠷᠡᠭᠯᠡᠨ᠎ᠡ᠃ | | ᠶᠡᠷᠡᠨ ᠨᠢᠬᠡᠳᠤᠭᠡᠷ ᠵᠦᠢᠯ ᠰᠠᠯᠠᠭ᠎ᠠ ᠮᠦᠴᠢᠷ ᠤᠨ ᠲᠦᠷᠢᠮ ᠲᠤᠭᠳᠠᠭᠠᠯ ᠤᠨ ᠬᠤᠭᠤᠷᠤᠨᠳᠤ᠂ ᠰᠠᠯᠠᠭ᠎ᠠ | ᠮᠦᠴᠢᠷ ᠤᠨ ᠲᠦᠷᠢᠮ ᠲᠤᠭᠳᠠᠭᠠᠯ ᠪᠤᠯᠤᠨ ᠤᠷᠤᠨ ᠨᠤᠳᠤᠭ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠤᠨ | ᠬᠤᠭᠤᠷᠤᠨᠳᠤ ᠠᠳᠠᠯᠢ ᠬᠦᠴᠦᠨ ᠲᠠᠢ᠂ ᠦᠪᠡᠷ ᠦᠪᠡᠷ ᠤᠨ ᠡᠷᠬᠡ ᠶᠢᠨ ᠬᠡᠪᠴᠢᠶᠠᠨ ᠲᠤᠳᠤᠷ᠎ᠡ ᠪᠠᠨ ᠬᠡᠷᠡᠭᠵᠢᠬᠦᠯᠥᠨ᠎ᠡ | ᠃ | | ᠶᠡᠷᠡᠨ ᠬᠤᠶᠠᠳᠤᠭᠠᠷ ᠵᠦᠢᠯ ᠠᠳᠠᠯᠢ ᠨᠢᠬᠡ ᠪᠠᠶᠢᠭᠤᠯᠤᠯᠭ᠎ᠠ ᠶᠢᠨ ᠲᠤᠭᠳᠠᠭᠠᠭᠰᠠᠠ ᠬᠠᠤᠯᠢ ᠴᠠᠭᠠᠵᠠ᠂ | ᠵᠠᠰᠠᠭ ᠵᠠᠬᠢᠷᠭᠠᠨ ᠤ ᠬᠠᠤᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ᠂ ᠦᠪᠡᠷᠳᠡᠭᠡᠨ | ᠵᠠᠰᠠᠬᠤ ᠲᠦᠷᠢᠮ ᠪᠤᠯᠤᠨ ᠲᠤᠰᠬᠠᠢ ᠲᠦᠷᠢᠮ᠂ ᠲᠦᠷᠢᠮ ᠲᠤᠭᠳᠠᠭᠠᠯ᠂ ᠤᠨᠴᠠᠭᠠᠢ ᠲᠤᠭᠳᠠᠭᠠᠯ ᠨᠢ ᠡᠩ ᠤᠨ | ᠲᠤᠭᠳᠠᠭᠠᠯ ᠲᠠᠢ ᠨᠢᠬᠡᠳᠤᠯ ᠦᠭᠡᠢ ᠪᠤᠯ ᠤᠨᠴᠠᠭᠠᠢ ᠲᠤᠭᠳᠠᠭᠠᠯ ᠢ ᠬᠡᠷᠡᠭᠯᠡᠨ᠎ᠡ︔ ᠰᠢᠨ᠎ᠡ ᠲᠤᠭᠳᠠᠭᠠᠯ ᠨᠢ ᠬᠠᠭᠤᠴᠢᠨ | ᠲᠤᠭᠳᠠᠭᠠᠯ ᠲᠠᠢ ᠨᠢᠬᠡᠳᠤᠯ ᠦᠭᠡᠢ ᠪᠤᠯ ᠰᠢᠨ᠎ᠡ ᠲᠤᠭᠳᠠᠭᠠᠯ ᠢ ᠬᠡᠷᠡᠭᠯᠡᠨ᠎ᠡ᠃ | | ᠶᠡᠷᠡᠨ ᠭᠤᠷᠪᠠᠳᠤᠭᠠᠷ ᠵᠦᠢᠯ ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠤᠭᠳᠠᠭᠠᠯ᠂ ᠤᠷᠤᠨ | ᠨᠤᠳᠤᠭ ᠤᠨ ᠴᠢᠨᠠᠷᠳᠠᠢ ᠬᠠᠤᠯᠢ ᠲᠤᠭᠳᠠᠭᠠᠯ᠂ ᠦᠪᠡᠷᠳᠡᠭᠡᠨ ᠵᠠᠰᠠᠬᠤ ᠲᠦᠷᠢᠮ ᠪᠤᠯᠤᠨ ᠲᠤᠰᠬᠠᠢ ᠲᠦᠷᠢᠮ᠂ | ᠲᠦᠷᠢᠮ ᠲᠤᠭᠳᠠᠭᠠᠯ ᠤᠨ ᠦᠩᠭᠡᠷᠡᠭᠰᠡᠡ ᠢ ᠨᠡᠬᠡᠮᠵᠢᠯᠡᠬᠦ ᠦᠭᠡᠢ᠂ ᠬᠡᠪᠡᠴᠦ ᠠᠷᠠᠳ ᠢᠷᠭᠡᠨ᠂ ᠬᠠᠤᠯᠢ ᠶᠢᠨ ᠡᠷᠭᠡᠳᠡᠨ | ᠪᠤᠯᠤᠨ ᠪᠤᠰᠤᠳ ᠵᠤᠬᠢᠶᠠᠨ ᠪᠠᠶᠢᠭᠤᠯᠤᠯᠳᠠ ᠶᠢᠨ ᠡᠷᠬᠡ ᠪᠤᠯᠤᠨ ᠠᠰᠢᠬ ᠲᠤᠰᠠ ᠶᠢ ᠨᠡᠩ ᠰᠠᠶᠢᠳᠤᠷ ᠬᠠᠮᠠᠭᠠᠯᠠᠬᠤ ᠶᠢᠨ | ᠲᠥᠯᠥᠬᠡ ᠲᠤᠭᠳᠠᠭᠠᠭᠰᠠᠠ ᠤᠨᠴᠠᠭᠠᠢ ᠲᠤᠭᠳᠠᠭᠠᠯ ᠡᠬᠦᠨ ᠳᠤ ᠪᠠᠭᠲᠠᠬᠤ ᠦᠭᠡᠢ᠃ | | ᠶᠡᠷᠡᠨ ᠲᠦᠷᠪᠡᠳᠤᠭᠡᠷ ᠵᠦᠢᠯ ᠬᠠᠤᠯᠢ ᠴᠠᠭᠠᠵᠠ ᠶᠢᠨ ᠬᠤᠭᠤᠷᠤᠨᠳᠤ ᠠᠳᠠᠯᠢ ᠨᠢᠬᠡ ᠶᠠᠪᠤᠳᠠᠯ ᠤᠳ ᠤᠨ | ᠲᠤᠬᠠᠢ ᠰᠢᠨ᠎ᠡ ᠡᠩ ᠤᠨ ᠲᠤᠭᠳᠠᠭᠠᠯ ᠪᠤᠯᠤᠨ ᠬᠠᠭᠤᠴᠢᠨ ᠤᠨᠴᠠᠭᠠᠢ ᠲᠤᠭᠳᠠᠭᠠᠯ ᠨᠢᠬᠡᠳᠤᠯ ᠦᠭᠡᠢ ᠪᠤᠯᠵᠥ᠂ | ᠶᠠᠭᠠᠬᠢᠵᠥ ᠬᠡᠷᠡᠭᠯᠡᠬᠦ ᠪᠠᠨ ᠲᠤᠭᠳᠠᠭᠠᠵᠥ ᠲᠡᠶᠢᠯᠬᠦ ᠦᠭᠡᠢ ᠪᠤᠯ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ | ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠡ ᠠᠴᠠ ᠲᠠᠰᠤᠯᠤᠯᠳᠠ ᠭᠠᠷᠭᠠᠨ᠎ᠠ᠃ | | ᠵᠠᠰᠠᠭ ᠵᠠᠬᠢᠷᠭᠠᠨ ᠤ ᠬᠠᠤᠯᠢ ᠲᠤᠭᠳᠠᠭᠠᠯ ᠤᠨ ᠬᠤᠭᠤᠷᠤᠨᠳᠤ ᠠᠳᠠᠯᠢ ᠨᠢᠬᠡ ᠶᠠᠪᠤᠳᠠᠯ ᠤᠨ ᠲᠤᠬᠠᠢ ᠰᠢᠨ᠎ᠡ | ᠡᠩ ᠤᠨ ᠲᠤᠭᠳᠠᠭᠠᠯ ᠪᠤᠯᠤᠨ ᠬᠠᠭᠤᠴᠢᠨ ᠤᠨᠴᠠᠭᠠᠢ ᠲᠤᠭᠳᠠᠭᠠᠯ ᠨᠢᠬᠡᠳᠤᠯ ᠦᠭᠡᠢ ᠪᠤᠯᠵᠥ᠂ ᠶᠠᠭᠠᠬᠢᠵᠥ | ᠬᠡᠷᠡᠭᠯᠡᠬᠦ ᠪᠠᠨ ᠲᠤᠭᠳᠠᠭᠠᠵᠥ ᠳᠡᠶᠢᠯᠬᠦ ᠦᠭᠡᠢ ᠪᠤᠯ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠲᠠᠰᠤᠯᠤᠯᠳᠠ | ᠭᠠᠷᠭᠠᠨ᠎ᠠ᠃ | | ᠶᠡᠷᠡᠨ ᠲᠠᠪᠤᠳᠤᠭᠠᠷ ᠵᠦᠢᠯ ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ᠂ ᠲᠦᠷᠢᠮ | ᠲᠤᠭᠳᠠᠭᠠᠯ ᠤᠨ ᠬᠤᠭᠤᠷᠤᠨᠳᠤ ᠨᠢᠬᠡᠳᠤᠯ ᠦᠭᠡᠢ ᠪᠤᠯ ᠬᠠᠮᠢᠶ᠎ᠠ ᠪᠦᠬᠦᠢ ᠪᠠᠶᠢᠭᠤᠯᠤᠯᠭ᠎ᠠ ᠲᠤᠤᠷᠠᠬᠢ ᠲᠤᠭᠳᠠᠭᠠᠯ ᠤᠨ | ᠡᠷᠬᠡ ᠶᠢᠨ ᠬᠢᠵᠠᠭᠠᠷ ᠢ ᠦᠨᠳᠦᠰᠦᠯᠡᠵᠥ ᠲᠠᠰᠤᠯᠤᠯᠳᠠ ᠭᠠᠷᠭᠠᠨ᠎ᠠ᠄ | | ︵ᠨᠢᠬᠡ︶ ᠠᠳᠠᠯᠢ ᠨᠢᠬᠡ ᠪᠠᠶᠢᠭᠤᠯᠤᠯᠭ᠎ᠠ ᠶᠢᠨ ᠲᠤᠭᠳᠠᠭᠠᠭᠰᠠᠠ ᠰᠢᠨ᠎ᠡ ᠡᠩ ᠤᠨ ᠲᠤᠭᠳᠠᠭᠠᠯ ᠪᠤᠯᠤᠨ ᠬᠠᠭᠤᠴᠢᠨ | ᠤᠨᠴᠠᠭᠠᠢ ᠲᠤᠭᠳᠠᠭᠠᠯ ᠨᠢᠭᠡᠳᠦᠯ ᠦᠭᠡᠢ ᠪᠤᠯ ᠲᠤᠭᠳᠠᠭᠠᠭᠰᠠᠠ ᠪᠠᠶᠢᠭᠤᠯᠤᠯᠭ᠎ᠠ ᠲᠠᠰᠤᠯᠤᠯᠳᠠ ᠭᠠᠷᠭᠠᠨ᠎ᠠ︔ | | ︵ᠬᠤᠶᠠᠷ︶ ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠪᠠ ᠰᠠᠯᠠᠭ᠎ᠠ ᠮᠦᠴᠢᠷ ᠤᠨ ᠲᠦᠷᠢᠮ | ᠲᠤᠭᠳᠠᠭᠠᠯ ᠤᠨ ᠬᠤᠭᠤᠷᠤᠨᠳᠤ ᠠᠳᠠᠯᠢ ᠨᠢᠬᠡ ᠶᠠᠪᠤᠳᠠᠯ ᠤᠨ ᠲᠤᠬᠠᠢ ᠲᠤᠭᠳᠠᠭᠠᠯ ᠨᠢᠬᠡᠳᠤᠯ ᠦᠭᠡᠢ ᠪᠤᠯᠵᠥ᠂ | ᠶᠠᠭᠠᠬᠢᠵᠥ ᠬᠡᠷᠡᠭᠯᠡᠬᠦ ᠪᠠᠨ ᠲᠤᠭᠳᠠᠭᠠᠵᠥ ᠲᠡᠶᠢᠯᠬᠦ ᠦᠭᠡᠢ ᠪᠤᠯ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠰᠠᠨᠠᠯ | ᠲᠤᠷᠠᠳᠴᠦ᠂ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠢ | ᠬᠡᠷᠡᠭᠯᠡᠪᠡᠯ ᠵᠤᠬᠢᠰᠳᠠᠢ ᠬᠡᠵᠥ ᠦᠵᠡᠪᠡᠯ᠂ ᠲᠤᠰ ᠭᠠᠵᠠᠷ ᠤᠷᠤᠨ ᠳᠤ ᠤᠷᠤᠨ ᠨᠤᠳᠤᠭ ᠤᠨ ᠴᠢᠨᠠᠷᠳᠠᠢ ᠬᠠᠤᠯᠢ | ᠲᠤᠭᠳᠠᠭᠠᠯ ᠢ ᠬᠡᠷᠡᠭᠯᠡᠬᠦ ᠲᠤᠭᠳᠠᠭᠠᠯ ᠭᠠᠷᠭᠠᠪᠠᠯ ᠵᠤᠬᠢᠨ᠎ᠠ︔ | | ᠰᠠᠯᠠᠭ᠎ᠠ ᠮᠦᠴᠢᠷ ᠤᠨ ᠲᠦᠷᠢᠮ ᠲᠤᠭᠳᠠᠭᠠᠯ ᠢ ᠬᠡᠷᠡᠭᠯᠡᠪᠡᠯ ᠵᠤᠬᠢᠰᠳᠠᠢ ᠬᠡᠵᠥ ᠦᠵᠡᠪᠡᠯ᠂ ᠪᠦᠬᠦ | ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠳᠤ ᠲᠡᠪᠰᠢᠬᠦᠯᠵᠥ | ᠲᠠᠰᠤᠯᠤᠯᠳᠠ ᠭᠠᠷᠭᠠᠯᠭᠠᠬᠤ ᠬᠡᠷᠡᠭᠳᠡᠢ᠃ | | ︵ᠭᠤᠷᠪᠠ︶ ᠰᠠᠯᠠᠭ᠎ᠠ ᠮᠦᠴᠢᠷ ᠤᠨ ᠲᠦᠷᠢᠮ ᠲᠤᠭᠳᠠᠭᠠᠯ ᠤᠨ ᠬᠤᠭᠤᠷᠤᠨᠳᠤ᠂ ᠰᠠᠯᠠᠭ᠎ᠠ ᠮᠦᠴᠢᠷ ᠤᠨ ᠲᠦᠷᠢᠮ | ᠲᠤᠭᠳᠠᠭᠠᠯ ᠪᠠ ᠵᠠᠰᠠᠭ ᠤᠨ ᠤᠷᠳᠤᠨ ᠤ ᠲᠦᠷᠢᠮ ᠲᠤᠭᠳᠠᠭᠠᠯ ᠤᠨ ᠬᠤᠭᠤᠷᠤᠨᠳᠤ ᠠᠳᠠᠯᠢ ᠨᠢᠬᠡ ᠶᠠᠪᠤᠳᠠᠯ ᠤᠨ | ᠲᠤᠬᠠᠢ ᠲᠤᠭᠳᠠᠭᠠᠯ ᠨᠢᠭᠡᠳᠦᠯ ᠦᠭᠡᠢ ᠪᠤᠯ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠲᠠᠰᠤᠯᠤᠯᠳᠠ ᠭᠠᠷᠭᠠᠨ᠎ᠠ᠃ | | ᠤᠯᠭᠤᠭᠰᠠᠨ ᠡᠷᠬᠡ ᠶᠢ ᠦᠨᠳᠦᠰᠦᠯᠡᠨ ᠲᠤᠭᠳᠠᠭᠠᠭᠰᠠᠠ ᠬᠠᠤᠯᠢ ᠲᠦᠷᠢᠮ ᠪᠠ ᠬᠠᠤᠯᠢ ᠲᠤᠭᠳᠠᠭᠠᠯ | ᠨᠢᠬᠡᠳᠤᠯ ᠦᠭᠡᠢ ᠪᠤᠯᠵᠥ᠂ ᠶᠠᠭᠠᠬᠢᠵᠥ ᠬᠡᠷᠡᠭᠯᠡᠬᠦ ᠪᠠᠨ ᠲᠤᠭᠳᠠᠭᠠᠵᠥ ᠲᠡᠶᠢᠯᠬᠦ ᠦᠭᠡᠢ ᠪᠤᠯ ᠪᠦᠬᠦ ᠤᠯᠤᠰ ᠤᠨ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠠᠴᠠ ᠲᠠᠰᠤᠯᠤᠯᠳᠠ ᠭᠠᠷᠭᠠᠨ᠎ᠠ᠃ | | ᠶᠡᠷᠡᠨ ᠵᠢᠷᠭᠤᠳᠤᠭᠠᠷ ᠵᠦᠢᠯ ᠬᠠᠥᠯᠢ ᠴᠠᠭᠠᠵᠠ᠂ ᠵᠠᠰᠠᠭ ᠵᠠᠬᠢᠷᠭᠠᠨ ᠤ ᠬᠠᠥᠯᠢ ᠲᠤᠭᠳᠠᠭᠠᠯ᠂ ᠤᠷᠤᠨ | ᠨᠤᠳᠤᠭ ᠤᠨ ᠴᠢᠨᠠᠷᠳᠠᠢ ᠬᠠᠥᠯᠢ ᠲᠤᠭᠳᠠᠭᠠᠯ᠂ ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ᠂ ᠲᠦᠷᠢᠮ | ᠲᠤᠭᠳᠠᠭᠠᠯ ᠳᠤ ᠲᠤᠤᠷ᠎ᠠ ᠵᠢᠠᠠᠰᠠᠭᠠᠭᠰᠠᠨ ᠪᠠᠶᠢᠳᠠᠯ ᠤᠳ ᠤᠨ ᠨᠢᠭᠡ ᠨᠢ ᠪᠠᠶᠢᠪᠠᠯ᠂ ᠬᠤᠯᠪᠤᠭᠳᠠᠯ ᠪᠦᠬᠦᠢ | ᠪᠠᠶᠢᠭᠤᠯᠤᠯᠭ᠎ᠠ ᠨᠤᠭᠤᠳ ᠲᠤᠰ ᠬᠠᠥᠯᠢ ᠶᠢᠨ ᠶᠡᠷᠡᠨ ᠲᠤᠯᠤᠳᠤᠭᠠᠷ ᠵᠦᠢᠯ ᠳᠤ ᠲᠤᠭᠳᠠᠭᠠᠭᠰᠠᠨ ᠡᠷᠭᠡ ᠶᠢᠨ ᠬᠢᠵᠠᠭᠠᠷ | ᠶᠤᠰᠤᠭᠠᠷ ᠬᠤᠪᠢᠷᠠᠭᠤᠯᠬᠤ ᠪᠤᠶᠤ ᠬᠦᠴᠦᠨ ᠦᠭᠡᠢ ᠪᠤᠯᠭᠠᠨ᠎ᠠ᠄ | | ︵ᠨᠢᠭᠡ︶ ᠡᠷᠭᠡ ᠶᠢᠨ ᠬᠡᠪᠴᠢᠶ᠎ᠡ ᠠᠴᠠ ᠲᠠᠪᠠᠭᠰᠠᠨ︔ | | ︵ᠬᠤᠶᠠᠷ︶ ᠲᠤᠤᠷᠠᠳᠤ ᠲᠡᠰ ᠤᠨ ᠬᠠᠥᠯᠢ ᠨᠢ ᠲᠡᠭᠡᠳᠦ ᠲᠡᠰ ᠤᠨ ᠬᠠᠥᠯᠢ ᠶᠢᠨ ᠲᠤᠭᠳᠠᠭᠠᠯ ᠢ ᠵᠦᠷᠢᠴᠡᠭᠰᠡᠨ︔ | | ︵ᠭᠤᠷᠪᠠ︶ ᠲᠦᠷᠢᠮ ᠲᠤᠭᠳᠠᠭᠠᠯ ᠤᠨ ᠬᠤᠭᠤᠷᠤᠨᠳᠤ ᠪᠠᠨ ᠠᠳᠠᠯᠢ ᠨᠢᠭᠡᠨ ᠶᠠᠪᠤᠳᠠᠯ ᠤᠨ ᠲᠤᠬᠠᠢ ᠲᠤᠭᠳᠠᠭᠠᠯ ᠨᠢ | ᠨᠢᠭᠡᠳᠦᠯ ᠦᠭᠡᠢ ᠪᠠᠶᠢᠵᠤ᠂ ᠲᠠᠰᠤᠯᠤᠨ ᠲᠤᠭᠳᠠᠭᠠᠬᠤ ᠪᠠᠷ ᠲᠠᠮᠵᠢᠭᠠᠥᠨ ᠨᠢᠭᠡ ᠲᠠᠯ᠎ᠠ ᠶᠢᠨ ᠲᠤᠭᠳᠠᠭᠠᠯ ᠢ | ᠬᠤᠪᠢᠷᠠᠭᠤᠯᠬᠤ ᠪᠤᠶᠤ ᠬᠦᠴᠦᠨ ᠦᠭᠡᠢ ᠪᠤᠯᠭᠠᠬᠤ ᠭᠡᠷᠡᠭᠳᠡᠢ ᠪᠠᠶᠢᠬᠤ︔ | | ︵ᠲᠦᠷᠪᠡ︶ ᠲᠦᠷᠢᠮ ᠲᠤᠭᠳᠠᠭᠠᠯ ᠤᠨ ᠲᠤᠭᠳᠠᠭᠠᠯ ᠢ ᠵᠤᠬᠢᠰ ᠦᠭᠡᠢ ᠭᠡᠵᠦ ᠦᠵᠡᠬᠡᠥᠨ᠂ ᠬᠤᠪᠢᠷᠠᠭᠤᠯᠬᠤ ᠪᠤᠶᠤ | ᠬᠦᠴᠦᠨ ᠦᠭᠡᠢ ᠪᠤᠯᠭᠠᠬᠤ ᠴᠢᠬᠤᠯᠠᠲᠠᠢ ᠪᠠᠶᠢᠬᠤ︔ | | ︵ᠲᠠᠪᠤ︶ ᠬᠠᠥᠯᠢ ᠳᠤ ᠲᠤᠭᠳᠠᠭᠠᠭᠰᠠᠨ ᠲᠡᠰ ᠲᠠᠷᠠᠭᠠᠯᠠᠯ ᠢ ᠵᠦᠷᠢᠴᠡᠭᠰᠡᠨ᠃ | | ᠶᠡᠷᠡᠨ ᠲᠤᠯᠤᠳᠤᠭᠠᠷ ᠵᠦᠢᠯ ᠬᠠᠥᠯᠢ ᠴᠠᠭᠠᠵᠠ᠂ ᠵᠠᠰᠠᠭ ᠵᠠᠬᠢᠷᠭᠠᠨ ᠤ ᠬᠠᠥᠯᠢ ᠲᠤᠭᠳᠠᠭᠠᠯ᠂ ᠤᠷᠤᠨ | ᠨᠤᠳᠤᠭ ᠤᠨ ᠴᠢᠨᠠᠷᠳᠠᠢ ᠬᠠᠥᠯᠢ ᠲᠤᠭᠳᠠᠭᠠᠯ᠂ ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ᠂ ᠲᠦᠷᠢᠮ | ᠲᠤᠭᠳᠠᠭᠠᠯ ᠢ ᠬᠤᠪᠢᠷᠠᠭᠤᠯᠬᠤ ᠪᠤᠶᠤ ᠬᠦᠴᠦᠨ ᠦᠭᠡᠢ ᠪᠤᠯᠭᠠᠬᠤ ᠡᠷᠭᠡ ᠶᠢᠨ ᠭᠡᠪᠴᠢᠶ᠎ᠡ᠄ | | ︵ᠨᠢᠭᠡ︶ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠨᠢ ᠲᠡᠬᠦᠨ ᠤ ᠪᠠᠶᠢᠩᠭᠤ ᠶᠢᠨ | ᠬᠤᠷᠢᠶᠠᠨ ᠤ ᠲᠤᠭᠳᠠᠭᠠᠭᠰᠠᠨ ᠵᠦᠢ ᠵᠤᠬᠢᠰ ᠦᠭᠡᠢ ᠬᠠᠥᠯᠢ ᠴᠠᠭᠠᠵᠠ ᠶᠢ ᠬᠤᠪᠢᠷᠠᠭᠤᠯᠬᠤ ᠪᠤᠶᠤ ᠬᠦᠴᠦᠨ ᠦᠭᠡᠢ | ᠪᠤᠯᠭᠠᠬᠤ ᠡᠷᠭᠡ ᠲᠠᠢ᠂ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ | ᠬᠤᠷᠢᠶᠠᠨ ᠤ ᠵᠦᠪᠰᠢᠶᠡᠷᠡᠭᠰᠡᠨ ᠦᠨᠳᠦᠰᠦᠨ ᠬᠠᠥᠯᠢ ᠪᠠ ᠲᠤᠰ ᠬᠠᠥᠯᠢ ᠶᠢᠨ ᠲᠠᠯᠠᠨ ᠲᠠᠪᠤᠳᠤᠭᠠᠷ ᠵᠦᠢᠯ ᠤᠨ | ᠬᠤᠶᠠᠳᠤᠭᠠᠷ ᠵᠤᠷᠪᠤᠰ ᠤᠨ ᠲᠤᠭᠳᠠᠭᠠᠯ ᠢ ᠵᠦᠷᠢᠴᠡᠭᠰᠡᠨ ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ ᠢ | ᠬᠦᠴᠦᠨ ᠦᠭᠡᠢ ᠪᠤᠯᠭᠠᠬᠤ ᠡᠷᠭᠡ ᠲᠠᠢ︔ | | ︵ᠬᠤᠶᠠᠷ︶ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠨᠢ | ᠦᠨᠳᠦᠰᠦᠨ ᠬᠠᠥᠯᠢ ᠪᠠ ᠬᠠᠥᠯᠢ ᠴᠠᠭᠠᠵᠠ ᠲᠠᠢ ᠬᠠᠷᠰᠢᠯᠳᠦᠬᠤ ᠵᠠᠰᠠᠭ ᠵᠠᠬᠢᠷᠭᠠᠨ ᠤ ᠬᠠᠥᠯᠢ ᠲᠤᠭᠳᠠᠭᠠᠯ ᠢ ᠬᠦᠴᠦᠨ | ᠦᠭᠡᠢ ᠪᠤᠯᠭᠠᠬᠤ ᠡᠷᠭᠡ ᠲᠠᠢ᠂ ᠦᠨᠳᠦᠰᠦᠨ ᠬᠠᠥᠯᠢ᠂ ᠬᠠᠥᠯᠢ ᠴᠠᠭᠠᠵᠠ ᠪᠠ ᠵᠠᠰᠠᠭ ᠵᠠᠬᠢᠷᠭᠠᠨ ᠤ ᠬᠠᠥᠯᠢ | ᠲᠤᠭᠳᠠᠭᠠᠯ ᠲᠠᠢ ᠬᠠᠷᠰᠢᠯᠳᠤᠬᠤ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ ᠢ ᠬᠦᠴᠦᠨ ᠦᠭᠡᠢ ᠪᠤᠯᠭᠠᠬᠤ | ᠡᠷᠭᠡ ᠲᠠᠢ᠂ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠤᠨ ᠬᠠᠷᠢᠶ᠎ᠠ ᠬᠤᠳᠠ ᠶᠢᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠵᠦᠪᠰᠢᠶᠡᠷᠡᠭᠰᠡᠨ ᠦᠨᠳᠦᠰᠦᠨ ᠬᠠᠥᠯᠢ ᠪᠠ | ᠲᠤᠰ ᠬᠠᠥᠯᠢ ᠶᠢᠨ ᠲᠠᠯᠠᠨ ᠲᠠᠪᠤᠳᠤᠭᠠᠷ ᠵᠦᠢᠯ ᠤᠨ ᠬᠤᠶᠠᠳᠤᠭᠠᠷ ᠵᠤᠷᠪᠤᠰ ᠤᠨ ᠲᠤᠭᠳᠠᠭᠠᠯ ᠢ ᠵᠦᠷᠢᠴᠡᠭᠰᠡᠨ | ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ ᠢ ᠬᠦᠴᠦᠨ ᠦᠭᠡᠢ ᠪᠤᠯᠭᠠᠬᠤ ᠡᠷᠭᠡ ᠲᠠᠢ︔ | | ︵ᠭᠤᠷᠪᠠ︶ ᠲᠦᠷᠦ ᠶᠢᠨ ᠶᠠᠪᠤᠳᠠᠯ ᠤᠨ ᠬᠤᠷᠢᠶ᠎ᠠ ᠨᠢ ᠵᠦᠢ ᠵᠤᠬᠢᠰ ᠦᠭᠡᠢ ᠰᠠᠯᠠᠭ᠎ᠠ ᠮᠦᠴᠢᠷ ᠤᠨ ᠲᠦᠷᠢᠮ | ᠲᠤᠭᠳᠠᠭᠠᠯ ᠪᠠ ᠤᠷᠤᠨ ᠨᠤᠳᠤᠭ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠢ ᠬᠤᠪᠢᠷᠠᠭᠤᠯᠬᠤ ᠪᠤᠶᠤ | ᠬᠦᠴᠦᠨ ᠦᠭᠡᠢ ᠪᠤᠯᠭᠠᠬᠤ ᠡᠷᠭᠡ ᠲᠠᠢ︔ | | ︵ᠲᠦᠷᠪᠡ︶ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠤᠨ ᠬᠠᠷᠢᠶ᠎ᠠ ᠬᠤᠳᠠ ᠶᠢᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠨᠢ ᠲᠡᠬᠦᠨ ᠤ ᠪᠠᠶᠢᠩᠭᠤ ᠶᠢᠨ ᠬᠤᠷᠢᠶᠠᠨ ᠤ ᠲᠤᠭᠳᠠᠭᠠᠭᠰᠠᠨ ᠪᠠ | ᠵᠦᠪᠰᠢᠶᠡᠷᠡᠭᠰᠡᠨ ᠵᠦᠢ ᠵᠤᠬᠢᠰ ᠦᠭᠡᠢ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ ᠢ ᠬᠤᠪᠢᠷᠠᠭᠤᠯᠬᠤ ᠪᠤᠶᠤ | ᠬᠦᠴᠦᠨ ᠦᠭᠡᠢ ᠪᠤᠯᠭᠠᠬᠤ ᠡᠷᠭᠡ ᠲᠠᠢ︔ | | ︵ᠲᠠᠪᠤ︶ ᠤᠷᠤᠨ ᠨᠤᠳᠤᠭ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠨᠢ | ᠲᠤᠰ ᠱᠠᠳᠤᠨ ᠤ ᠠᠷᠠᠥᠨ ᠤᠨ ᠵᠠᠰᠠᠭ ᠤᠨ ᠤᠷᠳᠤᠨ ᠤ ᠲᠤᠭᠳᠠᠭᠠᠭᠰᠠᠨ ᠵᠦᠢ ᠵᠤᠬᠢᠰ ᠦᠭᠡᠢ ᠲᠦᠷᠢᠮ | ᠲᠤᠭᠳᠠᠭᠠᠯ ᠢ ᠬᠦᠴᠦᠨ ᠦᠭᠡᠢ ᠪᠤᠯᠭᠠᠬᠤ ᠡᠷᠭᠡ ᠲᠠᠢ︔ | | ︵ᠵᠢᠷᠭᠤᠭ᠎ᠠ︶ ᠮᠤᠵᠢ᠂ ᠦᠪᠡᠷᠳᠡᠭᠡᠨ ᠵᠠᠰᠠᠬᠤ ᠤᠷᠤᠨ ᠤ ᠠᠷᠠᠥᠨ ᠤᠨ ᠵᠠᠰᠠᠭ ᠤᠨ ᠤᠷᠳᠤᠨ ᠨᠢ ᠲᠤᠤᠷ᠎ᠠ ᠨᠢᠭᠡ | ᠱᠠᠳᠤᠨ ᠤ ᠠᠷᠠᠥᠨ ᠤᠨ ᠵᠠᠰᠠᠭ ᠤᠨ ᠤᠷᠳᠤᠨ ᠤ ᠲᠤᠭᠳᠠᠭᠠᠭᠰᠠᠨ ᠵᠦᠢ ᠵᠤᠬᠢᠰ ᠦᠭᠡᠢ ᠲᠦᠷᠢᠮ ᠲᠤᠭᠳᠠᠭᠠᠯ ᠢ | ᠬᠤᠪᠢᠷᠠᠭᠤᠯᠬᠤ ᠪᠤᠶᠤ ᠬᠦᠴᠦᠨ ᠦᠭᠡᠢ ᠪᠤᠯᠭᠠᠬᠤ ᠡᠷᠭᠡ ᠲᠠᠢ︔ | | ︵ᠲᠤᠯᠤᠭ᠎ᠠ︶ ᠡᠷᠭᠡ ᠤᠯᠭᠤᠭᠰᠠᠨ ᠪᠠᠶᠢᠭᠤᠯᠤᠯᠭ᠎ᠠ ᠨᠢ ᠡᠷᠭᠡ ᠤᠯᠤᠭᠰᠠᠨ ᠪᠠᠶᠢᠭᠤᠯᠤᠯᠭ᠎ᠠ ᠶᠢᠨ ᠲᠤᠭᠳᠠᠭᠠᠭᠰᠠᠨ | ᠡᠷᠭᠡ ᠤᠯᠭᠤᠭᠰᠠᠨ ᠪᠠᠶᠢᠳᠠᠯ ᠪᠤᠶᠤ ᠡᠷᠭᠡ ᠤᠯᠭᠤᠭᠰᠠᠨ ᠵᠤᠷᠢᠯᠭ᠎ᠠ ᠠᠴᠠ ᠵᠦᠷᠢᠴᠡᠭᠰᠡᠨ ᠬᠠᠥᠯᠢ ᠲᠤᠭᠳᠠᠭᠠᠯ ᠢ | ᠬᠦᠴᠦᠨ ᠦᠭᠡᠢ ᠪᠤᠯᠭᠠᠬᠤ ᠡᠷᠭᠡ ᠲᠠᠢ᠂ ᠴᠢᠬᠤᠯᠠᠲᠠᠢ ᠦᠶᠡᠰ ᠤᠯᠭᠤᠭᠰᠠᠨ ᠡᠷᠭᠡ ᠪᠠᠨ ᠬᠦᠴᠦᠨ ᠦᠭᠡᠢ ᠪᠤᠯᠭᠠᠵᠤ | ᠪᠤᠯᠤᠨ᠎ᠠ᠃ | | ᠶᠡᠷᠡᠨ ᠨᠠᠢᠮᠠᠳᠤᠭᠠᠷ ᠵᠦᠢᠯ ᠵᠠᠰᠠᠭ ᠵᠠᠬᠢᠷᠭᠠᠨ ᠤ ᠬᠠᠥᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ | ᠬᠠᠥᠯᠢ ᠲᠤᠭᠳᠠᠭᠠᠯ᠂ ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ᠂ ᠲᠦᠷᠢᠮ ᠲᠤᠭᠳᠠᠭᠠᠯ ᠢ | ᠨᠡᠶᠢᠳᠡᠯᠡᠭᠰᠡᠨ ᠤ ᠲᠠᠷᠠᠭ᠎ᠠ ᠭᠤᠴᠢᠨ ᠡᠳᠦᠷ ᠤᠨ ᠲᠤᠳᠤᠷ᠎ᠠ ᠲᠤᠤᠷ᠎ᠠ ᠵᠢᠠᠠᠰᠠᠭᠠᠭᠰᠠᠨ ᠲᠤᠭᠳᠠᠭᠠᠯ ᠤᠨ ᠶᠤᠰᠤᠭᠠᠷ | ᠬᠤᠯᠪᠤᠭᠳᠠᠯ ᠪᠦᠬᠦᠢ ᠪᠠᠶᠢᠭᠤᠯᠤᠯᠭ᠎ᠠ ᠳᠤ ᠮᠡᠳᠡᠬᠦᠯᠵᠦ ᠲᠠᠩᠰᠠᠯᠠᠭᠤᠯᠬᠤ ᠭᠡᠷᠡᠭᠳᠡᠢ᠄ | | ︵ᠨᠢᠭᠡ︶ ᠵᠠᠰᠠᠭ ᠵᠠᠬᠢᠷᠭᠠᠨ ᠤ ᠬᠠᠥᠯᠢ ᠲᠤᠭᠳᠠᠭᠠᠯ ᠢ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶᠠᠨ ᠳᠤ ᠮᠡᠳᠡᠬᠦᠯᠵᠦ ᠲᠠᠩᠰᠠᠯᠠᠭᠤᠯᠤᠨ᠎ᠠ︔ | | ︵ᠬᠤᠶᠠᠷ︶ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠤᠨ ᠬᠠᠷᠢᠶ᠎ᠠ ᠬᠤᠳᠠ ᠶᠢᠨ ᠠᠷᠠᠥᠨ ᠤᠨ | ᠲᠦᠯᠦᠭᠡᠯᠡᠭᠴᠢᠥᠨ ᠤᠨ ᠶᠡᠭᠡ ᠬᠤᠷᠠᠯ ᠵᠢᠴᠢ ᠲᠡᠬᠦᠨ ᠤ ᠪᠠᠶᠢᠩᠭᠤ ᠶᠢᠨ ᠬᠤᠷᠢᠶᠠᠨ ᠤ ᠲᠤᠭᠳᠠᠭᠠᠭᠰᠠᠨ ᠤᠷᠤᠨ | ᠨᠤᠳᠤᠭ ᠤᠨ ᠴᠢᠨᠠᠷᠳᠠᠢ ᠬᠠᠥᠯᠢ ᠲᠤᠭᠳᠠᠭᠠᠯ ᠢ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶ᠎ᠠ ᠪᠠ ᠲᠦᠷᠦ ᠶᠢᠨ ᠶᠠᠪᠤᠳᠠᠯ ᠤᠨ ᠬᠤᠷᠢᠶᠠᠨ ᠳᠤ ᠮᠡᠳᠡᠬᠦᠯᠵᠦ ᠲᠠᠩᠰᠠᠯᠠᠭᠤᠯᠤᠨ᠎ᠠ︔ | ᠲᠤᠭᠤᠷᠢᠭ ᠪᠠᠶᠢᠭᠤᠯᠤᠬᠰᠠᠨ ᠬᠤᠳᠠ᠂ ᠦᠪᠡᠷᠳᠡᠭᠡᠨ ᠵᠠᠰᠠᠬᠤ ᠵᠸᠥ ᠶᠢᠨ ᠠᠷᠠᠥᠨ ᠤᠨ ᠲᠦᠯᠦᠭᠡᠯᠡᠭᠴᠢᠥᠨ ᠤᠨ ᠶᠡᠭᠡ | ᠬᠤᠷᠠᠯ ᠵᠢᠴᠢ ᠲᠡᠬᠦᠨ ᠤ ᠪᠠᠶᠢᠩᠭᠤ ᠶᠢᠨ ᠬᠤᠷᠢᠶᠠᠨ ᠤ ᠲᠤᠭᠳᠠᠭᠠᠭᠰᠠᠨ ᠤᠷᠤᠨ ᠨᠤᠳᠤᠭ ᠤᠨ ᠴᠢᠨᠠᠷᠳᠠᠢ ᠬᠠᠥᠯᠢ | ᠲᠤᠭᠳᠠᠭᠠᠯ ᠢ ᠮᠤᠵᠢ᠂ ᠦᠪᠡᠷᠳᠡᠭᠡᠨ ᠵᠠᠰᠠᠬᠤ ᠤᠷᠤᠨ ᠤ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠠᠴᠠ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠪᠠ ᠲᠦᠷᠦ ᠶᠢᠨ ᠶᠠᠪᠤᠳᠠᠯ ᠤᠨ ᠬᠤᠷᠢᠶᠠᠨ ᠳᠤ ᠮᠡᠳᠡᠬᠦᠯᠵᠦ ᠲᠠᠩᠰᠠᠯᠠᠭᠤᠯᠤᠨ᠎ᠠ︔ | | ︵ᠭᠤᠷᠪᠠ︶ ᠦᠪᠡᠷᠳᠡᠭᠡᠨ ᠵᠠᠰᠠᠬᠤ ᠵᠸᠥ᠂ ᠦᠪᠡᠷᠳᠡᠭᠡᠨ ᠵᠠᠰᠠᠬᠤ ᠰᠢᠶᠠᠨ ᠤ ᠠᠷᠠᠥᠨ ᠤᠨ ᠲᠦᠯᠦᠭᠡᠯᠡᠭᠴᠢᠥᠨ ᠤᠨ | ᠶᠡᠭᠡ ᠬᠤᠷᠠᠯ ᠠᠴᠠ ᠲᠤᠭᠳᠠᠭᠠᠭᠰᠠᠨ ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ ᠢ ᠮᠤᠵᠢ᠂ ᠦᠪᠡᠷᠳᠡᠭᠡᠨ | ᠵᠠᠰᠠᠬᠤ ᠤᠷᠤᠨ᠂ ᠰᠢᠭᠤᠤᠨ ᠬᠠᠷᠢᠶ᠎ᠠ ᠬᠤᠳᠠ ᠶᠢᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠠᠴᠠ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠪᠠ ᠲᠦᠷᠦ ᠶᠢᠨ ᠶᠠᠪᠤᠳᠠᠯ ᠤᠨ ᠬᠤᠷᠢᠶᠠᠨ ᠳᠤ ᠮᠡᠳᠡᠬᠦᠯᠵᠦ ᠲᠠᠩᠰᠠᠯᠠᠭᠤᠯᠤᠨ᠎ᠠ︔ | ᠦᠪᠡᠷᠳᠡᠭᠡᠨ ᠵᠠᠰᠠᠬᠤ ᠲᠦᠷᠢᠮ᠂ ᠲᠤᠰᠬᠠᠢ ᠲᠦᠷᠢᠮ ᠢ ᠮᠡᠳᠡᠬᠦᠯᠵᠥ ᠲᠠᠩᠰᠠᠯᠠᠭᠤᠯᠬᠤ ᠳᠠᠭᠠᠨ ᠬᠠᠤᠯᠢ ᠴᠠᠭᠠᠵᠠ᠂ | ᠵᠠᠰᠠᠭ ᠵᠠᠬᠢᠷᠭᠠᠨ ᠤ ᠬᠠᠤᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠳᠤ | ᠦᠭᠡᠷᠡᠴᠢᠯᠡᠯᠲᠡ ᠬᠢᠭᠰᠡᠡ ᠪᠠᠶᠢᠳᠠᠯ ᠢᠶᠠᠨ ᠲᠤᠳᠤᠷᠬᠠᠢᠢᠯᠠᠬᠤ ᠬᠡᠷᠡᠭᠲᠡᠢ᠃ | | ︵ᠲᠦᠷᠪᠡ︶ ᠰᠠᠯᠠᠭ᠎ᠠ ᠮᠦᠴᠢᠷ ᠤᠨ ᠲᠦᠷᠢᠮ ᠲᠤᠭᠳᠠᠭᠠᠯ ᠪᠠ ᠤᠷᠤᠨ ᠨᠤᠳᠤᠭ ᠤᠨ ᠵᠠᠰᠠᠭ ᠤᠨ ᠤᠷᠳᠤᠨ ᠤ | ᠲᠦᠷᠢᠮ ᠲᠤᠭᠳᠠᠭᠠᠯ ᠢ ᠲᠦᠷᠦ ᠶᠢᠨ ᠶᠠᠪᠤᠳᠠᠯ ᠤᠨ ᠬᠤᠷᠢᠶᠠᠨ ᠳᠤ ᠮᠡᠳᠡᠬᠦᠯᠵᠦ ᠲᠠᠩᠰᠠᠯᠠᠭᠤᠯᠤᠨ᠎ᠠ︔ ᠤᠷᠤᠨ | ᠨᠤᠳᠤᠭ ᠤᠨ ᠵᠠᠰᠠᠭ ᠤᠨ ᠤᠷᠳᠤᠨ ᠤ ᠲᠦᠷᠢᠮ ᠲᠤᠭᠳᠠᠭᠠᠯ ᠢ ᠲᠤᠰ ᠱᠠᠳᠤᠨ ᠤ ᠠᠷᠠᠥᠨ ᠤᠨ ᠲᠦᠯᠦᠭᠡᠯᠡᠭᠴᠢᠥᠨ ᠤᠨ | ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠳᠤ ᠬᠠᠮᠳᠤ ᠳᠤᠨᠢ ᠮᠡᠳᠡᠬᠦᠯᠵᠦ ᠲᠠᠩᠰᠠᠯᠠᠭᠤᠯᠤᠨ᠎ᠠ︔ ᠲᠤᠭᠤᠷᠢᠭ ᠲᠠᠢ | ᠬᠤᠳᠠ᠂ ᠦᠪᠡᠷᠳᠡᠭᠡᠨ ᠵᠠᠰᠠᠬᠤ ᠵᠸᠥ ᠶᠢᠨ ᠠᠷᠠᠥᠨ ᠤᠨ ᠵᠠᠰᠠᠭ ᠤᠨ ᠤᠷᠳᠤᠨ ᠤ ᠲᠤᠭᠳᠠᠭᠠᠭᠰᠠᠨ ᠲᠦᠷᠢᠮ | ᠲᠤᠭᠳᠠᠭᠠᠯ ᠢ ᠮᠤᠵᠢ᠂ ᠦᠪᠡᠷᠳᠡᠭᠡᠨ ᠵᠠᠰᠠᠬᠤ ᠤᠷᠤᠨ ᠤ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠪᠤᠯᠤᠨ ᠠᠷᠠᠥᠨ ᠤᠨ ᠵᠠᠰᠠᠭ ᠤᠨ ᠤᠷᠳᠤᠨ ᠳᠤ ᠬᠠᠮᠳᠤ ᠳᠤᠨᠢ ᠮᠡᠳᠡᠬᠦᠯᠵᠦ | ᠲᠠᠩᠰᠠᠯᠠᠭᠤᠯᠤᠨ᠎ᠠ︔ | | ︵ᠲᠠᠪᠤ︶ ᠡᠷᠭᠡ ᠤᠯᠭᠤᠭᠰᠠᠨ ᠪᠠᠶᠢᠳᠠᠯ ᠢ ᠦᠨᠳᠦᠰᠦᠯᠡᠵᠦ ᠲᠤᠭᠳᠠᠭᠠᠭᠰᠠᠨ ᠬᠠᠥᠯᠢ ᠲᠤᠭᠳᠠᠭᠠᠯ ᠢ ᠪᠤᠯ ᠡᠷᠭᠡ | ᠤᠯᠭᠤᠭᠰᠠᠨ ᠲᠤᠭᠳᠠᠭᠠᠯ ᠳᠤ ᠲᠤᠭᠳᠠᠭᠠᠭᠰᠠᠨ ᠪᠠᠶᠢᠭᠤᠯᠤᠯᠭ᠎ᠠ ᠳᠤ ᠮᠡᠳᠡᠬᠦᠯᠵᠦ ᠲᠠᠩᠰᠠᠯᠠᠭᠤᠯᠤᠨ᠎ᠠ᠃ ᠠᠵᠥ | ᠠᠬᠤᠢ ᠶᠢᠨ ᠤᠨᠴᠠᠭᠠᠢ ᠤᠷᠤᠨ ᠤ ᠬᠠᠤᠯᠢ ᠲᠤᠭᠳᠠᠭᠠᠯ ᠢ ᠮᠡᠳᠡᠬᠦᠯᠵᠥ ᠲᠠᠩᠰᠠᠯᠠᠭᠤᠯᠬᠤ ᠳᠠᠭᠠᠨ ᠬᠠᠤᠯᠢ ᠴᠠᠭᠠᠵᠠ᠂ | ᠵᠠᠰᠠᠭ ᠵᠠᠬᠢᠷᠭᠠᠨ ᠤ ᠬᠠᠤᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ ᠬᠠᠤᠯᠢ ᠲᠤᠭᠳᠠᠭᠠᠯ ᠳᠤ | ᠦᠭᠡᠷᠡᠴᠢᠯᠡᠯᠳᠡ ᠬᠢᠭᠰᠡᠡ ᠪᠠᠶᠢᠳᠠᠯ ᠢᠶᠠᠨ ᠲᠤᠳᠤᠷᠬᠠᠢᠢᠯᠠᠬᠤ ᠬᠡᠷᠡᠭᠲᠡᠢ᠃ | | ᠶᠡᠷᠡ ᠶᠢᠰᠦᠳᠦᠭᠡᠷ ᠵᠦᠢᠯ ᠲᠦᠷᠦ ᠶᠢᠨ ᠶᠠᠪᠤᠳᠠᠯ ᠤᠨ ᠬᠤᠷᠢᠶ᠎ᠠ᠂ ᠲᠦᠪ ᠤᠨ ᠴᠡᠷᠢᠭ ᠤᠨ ᠶᠠᠪᠤᠳᠠᠯ ᠤᠨ | ᠬᠤᠷᠢᠶ᠎ᠠ᠂ ᠠᠷᠠᠥᠨ ᠤᠨ ᠲᠡᠭᠡᠳᠦ ᠰᠢᠬᠦᠬᠦ ᠬᠤᠷᠢᠶ᠎ᠠ᠂ ᠠᠷᠠᠥᠨ ᠤᠨ ᠲᠡᠭᠡᠳᠦ ᠪᠠᠶᠢᠴᠠᠭᠠᠬᠤ ᠬᠤᠷᠢᠶ᠎ᠠ ᠪᠠ ᠡᠯ᠎ᠡ ᠮᠤᠵᠢ | ᠂ ᠦᠪᠡᠷᠳᠡᠭᠡᠨ ᠵᠠᠰᠠᠬᠤ ᠤᠷᠤᠨ᠂ ᠰᠢᠭᠤᠤᠨ ᠬᠠᠷᠢᠶ᠎ᠠ ᠬᠤᠳᠠ ᠶᠢᠨ ᠠᠷᠠᠥᠨ ᠤᠨ ᠲᠦᠯᠦᠭᠡᠯᠡᠭᠴᠢᠥᠨ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶ᠎ᠠ ᠨᠢ ᠵᠠᠰᠠᠭ ᠵᠠᠬᠢᠷᠭᠠᠨ ᠤ ᠬᠠᠥᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ | ᠬᠠᠥᠯᠢ ᠲᠤᠭᠳᠠᠭᠠᠯ᠂ ᠦᠪᠡᠷᠳᠡᠭᠡᠨ ᠵᠠᠰᠠᠬᠤ ᠲᠦᠷᠢᠮ ᠪᠠ ᠲᠤᠰᠬᠠᠢ ᠲᠦᠷᠢᠮ ᠢ ᠦᠨᠳᠦᠰᠦᠨ ᠬᠠᠥᠯᠢ ᠪᠤᠶᠤ ᠬᠠᠥᠯᠢ | ᠴᠠᠭᠠᠵᠠ ᠲᠠᠢ ᠬᠠᠷᠰᠢᠯᠳᠦᠵᠦ ᠪᠠᠶᠢᠨ᠎ᠠ ᠭᠡᠵᠦ ᠦᠵᠡᠪᠡᠯ᠂ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ | ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠳᠤ ᠬᠢᠨᠠᠨ ᠪᠠᠶᠢᠴᠠᠭᠠᠯᠭᠠᠬᠤ ᠱᠠᠭᠠᠷᠳᠠᠯᠭ᠎ᠠ ᠶᠢ ᠪᠢᠴᠢᠭ ᠢᠶᠠᠷ ᠲᠤᠷᠠᠳᠤᠨ | ᠭᠠᠷᠭᠠᠵᠤ ᠪᠤᠯᠤᠨ᠎ᠠ᠂ ᠪᠠᠶᠢᠩᠭᠤ ᠶᠢᠨ ᠬᠤᠷᠢᠶᠠᠨ ᠤ ᠠᠵᠢᠯ ᠤᠨ ᠪᠠᠶᠢᠭᠤᠯᠤᠮᠵᠢ ᠬᠤᠯᠪᠤᠭᠳᠠᠯ ᠪᠦᠬᠦᠢ ᠲᠤᠰᠬᠠᠢ | ᠵᠦᠪᠯᠡᠯ ᠳᠤ ᠲᠤᠰ ᠲᠤᠰ ᠬᠦᠷᠭᠡᠨ ᠦᠭᠴᠦ ᠬᠢᠨᠠᠨ ᠪᠠᠶᠢᠴᠠᠭᠠᠯᠭᠠᠵᠤ᠂ ᠰᠠᠨᠠᠯ ᠲᠤᠷᠡᠳᠤᠭᠤᠯᠤᠨᠠ᠃ | | ᠡᠮᠦᠨᠡᠬᠢ ᠵᠤᠷᠪᠤᠰ ᠲᠤ ᠲᠤᠭᠳᠠᠭᠠᠭᠰᠠᠨ ᠠᠴᠠ ᠭᠠᠳᠠᠨᠠᠬᠢ ᠪᠤᠰᠤᠤᠨ ᠲᠦᠷᠦ ᠶᠢᠨ ᠪᠠᠶᠢᠭᠤᠯᠤᠯᠭ᠎ᠠ ᠪᠠ | ᠨᠡᠶᠢᠭᠡᠮ ᠤᠨ ᠪᠦᠯᠬᠦᠮ᠂ ᠠᠵᠤ ᠠᠬᠤᠢᠢᠯᠠᠯ ᠠᠵᠢᠯ ᠦᠢᠯᠡᠰ ᠤᠨ ᠵᠤᠬᠢᠶᠠᠨ ᠪᠠᠶᠢᠭᠤᠯᠤᠯᠳᠠ ᠵᠢᠴᠢ ᠠᠷᠠᠥᠨ ᠢᠷᠭᠡᠨ | ᠵᠠᠰᠠᠭ ᠵᠠᠬᠢᠷᠭᠠᠨ ᠤ ᠬᠠᠥᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ᠂ ᠦᠪᠡᠷᠳᠡᠭᠡᠨ | ᠵᠠᠰᠠᠬᠤ ᠲᠦᠷᠢᠮ ᠪᠠ ᠲᠤᠰᠬᠠᠢ ᠲᠦᠷᠢᠮ ᠢ ᠦᠨᠳᠦᠰᠦᠨ ᠬᠠᠥᠯᠢ ᠪᠤᠶᠤ ᠬᠠᠥᠯᠢ ᠴᠠᠭᠠᠵᠠ ᠲᠠᠢ ᠬᠠᠷᠰᠢᠯᠳᠤᠵᠤ | ᠪᠠᠶᠢᠨ᠎ᠠ ᠭᠡᠵᠦ ᠦᠵᠡᠪᠡᠯ᠂ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶᠠᠨ ᠳᠤ ᠬᠢᠨᠠᠨ ᠪᠠᠶᠢᠴᠠᠭᠠᠯᠭᠠᠬᠤ ᠰᠠᠨᠠᠭᠤᠯᠭ᠎ᠠ ᠶᠢ ᠪᠢᠴᠢᠭ ᠢᠶᠠᠷ ᠲᠤᠷᠠᠳᠴᠤ ᠪᠤᠯᠤᠨ᠎ᠠ᠂ | ᠪᠠᠶᠢᠩᠭᠤ ᠶᠢᠨ ᠬᠤᠷᠢᠶᠠᠨ ᠤ ᠠᠵᠢᠯ ᠤᠨ ᠪᠠᠶᠢᠭᠤᠯᠤᠮᠵᠢ ᠠᠴᠠ ᠶᠠᠷᠢᠯᠴᠠᠨ ᠰᠤᠳᠤᠯᠤᠨ᠎ᠠ᠂ ᠴᠢᠬᠤᠯᠠᠲᠠᠢ ᠦᠶᠡᠰ | ᠬᠤᠯᠪᠤᠭᠳᠠᠯ ᠪᠦᠬᠦᠢ ᠲᠤᠰᠬᠠᠢ ᠵᠦᠪᠯᠡᠯ ᠳᠤ ᠬᠦᠷᠭᠡᠨ ᠦᠭᠴᠦ ᠬᠢᠨᠠᠨ ᠪᠠᠶᠢᠴᠠᠭᠠᠯᠭᠠᠵᠤ᠂ ᠰᠠᠨᠠᠯ ᠲᠤᠷᠡᠳᠤᠭᠤᠯᠤᠨᠠ᠃ | ᠬᠤᠯᠪᠤᠬᠳᠡᠯ ᠪᠦᠬᠦᠢ ᠲᠤᠰᠬᠠᠢ ᠵᠦᠪᠯᠡᠯ ᠪᠤᠯᠤᠨ ᠪᠠᠶᠢᠩᠭᠤ ᠶᠢᠨ ᠬᠤᠷᠢᠶ᠎ᠠ ᠶᠢᠨ ᠠᠵᠢᠯ ᠤᠨ ᠪᠠᠶᠢᠭᠤᠯᠤᠮᠵᠢ | ᠲᠠᠩᠰᠠᠯᠠᠭᠤᠯᠬᠤ ᠪᠠᠷ ᠮᠡᠳᠡᠬᠦᠯᠥᠭᠰᠡᠡ ᠵᠢᠷᠤᠮᠵᠢᠭᠰᠠᠠ ᠪᠢᠴᠢᠭ ᠮᠠᠲ᠋ᠧᠷᠢᠶᠠᠯ ᠢ ᠰᠠᠨᠠᠭᠠᠴᠢᠯᠠᠭ᠎ᠠ ᠠᠴᠠ ᠪᠠᠨ ᠬᠢᠨᠠᠨ | ᠪᠠᠶᠢᠴᠠᠭᠠᠵᠥ ᠪᠤᠯᠤᠨ᠎ᠠ᠃ | | ᠵᠠᠭᠤᠳᠤᠭᠠᠷ ᠵᠦᠢᠯ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠲᠤᠰᠬᠠᠢ | ᠵᠦᠪᠯᠡᠯ᠂ ᠪᠠᠶᠢᠩᠭᠤ ᠶᠢᠨ ᠬᠤᠷᠢᠶᠠᠨ ᠤ ᠠᠵᠢᠯ ᠤᠨ ᠪᠠᠶᠢᠭᠤᠯᠤᠮᠵᠢ ᠬᠢᠨᠠᠨ ᠪᠠᠶᠢᠴᠠᠭᠠᠬᠤ᠂ ᠰᠤᠳᠤᠯᠬᠤ ᠲᠤᠮᠳᠠ ᠪᠠᠨ | ᠵᠠᠰᠠᠭ ᠵᠠᠬᠢᠷᠭᠠᠨ ᠤ ᠬᠠᠥᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ᠂ ᠦᠪᠡᠷᠳᠡᠭᠡᠨ | ᠵᠠᠰᠠᠬᠤ ᠲᠦᠷᠢᠮ ᠪᠠ ᠲᠤᠰᠬᠠᠢ ᠲᠦᠷᠢᠮ ᠢ ᠦᠨᠳᠦᠰᠦᠨ ᠬᠠᠥᠯᠢ ᠪᠤᠶᠤ ᠬᠠᠥᠯᠢ ᠴᠠᠭᠠᠵᠠ ᠲᠠᠢ ᠬᠠᠷᠰᠢᠯᠳᠤᠵᠤ | ᠪᠠᠶᠢᠨ᠎ᠠ ᠭᠡᠵᠦ ᠦᠵᠡᠪᠡᠯ᠂ ᠲᠤᠭᠳᠠᠭᠠᠭᠰᠠᠨ ᠪᠠᠶᠢᠭᠤᠯᠤᠯᠭ᠎ᠠ ᠳᠤ ᠬᠢᠨᠠᠨ ᠪᠠᠶᠢᠴᠠᠭᠠᠭᠰᠠᠨ᠂ ᠰᠤᠳᠤᠯᠤᠭᠰᠠᠠ | ᠰᠠᠨᠠᠯ ᠢᠶᠠᠨ ᠪᠢᠴᠢᠭ ᠢᠶᠠᠷ ᠲᠤᠷᠠᠳᠴᠤ ᠪᠤᠯᠤᠨ᠎ᠠ︔ ᠪᠠᠰᠠ ᠬᠠᠥᠯᠢ ᠴᠠᠭᠠᠵᠠ ᠶᠢᠨ ᠵᠦᠪᠯᠡᠯ ᠪᠤᠯᠤᠨ ᠬᠤᠯᠪᠤᠭᠳᠠᠯ | ᠪᠦᠬᠦᠢ ᠲᠤᠰᠬᠠᠢ ᠵᠦᠪᠯᠡᠯ᠂ ᠪᠠᠶᠢᠩᠭᠤ ᠶᠢᠨ ᠬᠤᠷᠢᠶᠠᠨ ᠤ ᠠᠵᠢᠯ ᠤᠨ ᠪᠠᠶᠢᠭᠤᠯᠤᠮᠵᠢ ᠬᠠᠮᠳᠤᠷᠠᠨ ᠬᠢᠨᠠᠨ ᠪᠠᠶᠢᠴᠠᠭᠠᠬᠤ | ᠬᠤᠷᠠᠯ ᠬᠤᠷᠠᠯᠳᠤᠭᠤᠯᠵᠤ᠂ ᠲᠤᠭᠳᠠᠭᠠᠭᠰᠠᠨ ᠪᠠᠶᠢᠭᠤᠯᠤᠯᠭ᠎ᠠ ᠶᠢ ᠱᠠᠭᠠᠷᠳᠠᠨ ᠬᠤᠷᠠᠯ ᠳᠤ ᠤᠷᠤᠯᠴᠠᠭᠤᠯᠤᠨ | ᠪᠠᠶᠢᠳᠠᠯ ᠢ ᠲᠤᠳᠤᠷᠬᠠᠢᠢᠯᠠᠭᠤᠯᠤᠭᠰᠠᠨ ᠤ ᠲᠠᠷᠠᠭ᠎ᠠ᠂ ᠲᠤᠭᠳᠠᠭᠠᠭᠰᠠᠨ ᠪᠠᠶᠢᠭᠤᠯᠤᠯᠭ᠎ᠠ ᠳᠤ ᠬᠢᠨᠠᠨ ᠪᠠᠶᠢᠴᠠᠭᠠᠭᠰᠠᠨ | ᠰᠠᠨᠠᠯ ᠢᠶᠠᠨ ᠪᠢᠴᠢᠭ ᠢᠶᠠᠷ ᠲᠤᠷᠠᠳᠴᠤ ᠪᠤᠯᠤᠨ᠎ᠠ᠃ ᠲᠤᠭᠳᠠᠭᠠᠭᠰᠠᠨ ᠪᠠᠶᠢᠭᠤᠯᠤᠯᠭ᠎ᠠ ᠨᠢ ᠬᠤᠶᠠᠷ ᠰᠠᠷ᠎ᠠ ᠶᠢᠨ | ᠲᠤᠳᠤᠷ᠎ᠠ ᠵᠠᠰᠠᠪᠤᠷᠢ ᠤᠷᠤᠭᠤᠯᠬᠤ ᠡᠰᠡᠬᠦ ᠲᠤᠬᠠᠢ ᠰᠤᠳᠤᠯᠵᠤ ᠰᠠᠨᠠᠯ ᠢᠶᠠᠨ ᠲᠤᠷᠠᠳᠬᠤ ᠭᠡᠷᠡᠭᠳᠡᠢ ᠮᠦᠷᠳᠡᠭᠡᠨ ᠪᠦᠬᠦ | ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠬᠠᠥᠯᠢ ᠴᠠᠭᠠᠵᠠ ᠶᠢᠨ ᠵᠦᠪᠯᠡᠯ ᠪᠠ | ᠬᠤᠯᠪᠤᠭᠳᠠᠯ ᠪᠦᠬᠦᠢ ᠲᠤᠰᠬᠠᠢ ᠵᠦᠪᠯᠡᠯ ᠪᠤᠶᠤ ᠪᠠᠶᠢᠡᠭᠭᠤ ᠶᠢᠨ ᠬᠤᠷᠢᠶ᠎ᠠ ᠶᠢᠨ ᠠᠵᠢᠯ ᠤᠨ ᠪᠠᠶᠢᠭᠤᠯᠤᠮᠵᠢ ᠳᠤ | ᠬᠠᠷᠢᠭᠤ ᠰᠠᠨᠠᠯ ᠢᠶᠠᠨ ᠲᠤᠰᠬᠠᠬᠤ ᠭᠡᠷᠡᠭᠳᠡᠢ᠃ | | | ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠬᠠᠥᠯᠢ ᠴᠠᠭᠠᠵᠠ ᠶᠢᠨ ᠵᠦᠪᠯᠡᠯ | ᠂ ᠬᠤᠯᠪᠤᠭᠳᠠᠯ ᠪᠦᠬᠦᠢ ᠲᠤᠰᠬᠠᠢ ᠵᠦᠪᠯᠡᠯ᠂ ᠪᠠᠶᠢᠩᠭᠤ ᠶᠢᠨ ᠬᠤᠷᠢᠶᠠᠨ ᠤ ᠠᠵᠢᠯ ᠤᠨ ᠪᠠᠶᠢᠭᠤᠯᠤᠮᠵᠢ ᠡᠮᠤᠨᠡᠬᠢ | ᠵᠤᠷᠪᠤᠰ ᠤᠨ ᠲᠤᠭᠳᠠᠭᠠᠯ ᠢ ᠦᠨᠳᠦᠰᠦᠯᠡᠨ᠂ ᠲᠤᠭᠳᠠᠭᠠᠭᠰᠠᠠ ᠪᠠᠶᠢᠭᠤᠯᠤᠯᠭ᠎ᠠ ᠳᠤ ᠬᠢᠨᠠᠨ ᠪᠠᠶᠢᠴᠠᠭᠠᠬᠤ ᠰᠠᠨᠠᠯ᠂ | ᠰᠤᠳᠤᠯᠬᠤ ᠰᠠᠨᠠᠯ ᠲᠤᠷᠠᠳᠤᠨ᠎ᠠ᠂ ᠲᠤᠭᠳᠠᠭᠠᠭᠰᠠᠠ ᠪᠠᠶᠢᠭᠤᠯᠤᠯᠭ᠎ᠠ ᠨᠢ ᠲᠤᠷᠠᠳᠤᠭᠰᠠᠠ ᠰᠠᠨᠠᠯ ᠶᠤᠰᠤᠭᠠᠷ ᠵᠠᠰᠠᠭ | ᠵᠠᠬᠢᠷᠭᠠᠨ ᠤ ᠬᠠᠥᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ᠂ ᠦᠪᠡᠷᠳᠡᠭᠡᠨ ᠵᠠᠰᠠᠬᠤ | ᠲᠦᠷᠢᠮ ᠪᠠ ᠲᠤᠰᠬᠠᠢ ᠲᠦᠷᠢᠮ ᠳᠤ ᠵᠠᠰᠠᠪᠤᠷᠢ ᠤᠷᠤᠭᠤᠯᠬᠤ ᠪᠤᠶᠤ ᠬᠦᠴᠦᠨ ᠦᠭᠡᠢ ᠪᠤᠯᠭᠠᠵᠥ᠂ ᠬᠢᠨᠠᠨ | ᠪᠠᠶᠢᠴᠠᠭᠠᠬᠤ ᠠᠵᠢᠯ ᠢ ᠵᠤᠬᠰᠤᠭᠠᠨᠡ᠃ | | ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠬᠠᠤᠯᠢ ᠴᠠᠭᠠᠵᠠ ᠶᠢᠨ ᠵᠦᠪᠯᠡᠯ᠂ | ᠬᠤᠯᠪᠤᠬᠳᠡᠯ ᠪᠦᠬᠦᠢ ᠲᠤᠰᠬᠠᠢ ᠵᠦᠪᠯᠡᠯ᠂ ᠪᠠᠶᠢᠩᠭᠤ ᠶᠢᠨ ᠬᠤᠷᠢᠶᠠᠨ ᠤ ᠠᠵᠢᠯ ᠤᠨ ᠪᠠᠶᠢᠭᠤᠯᠤᠮᠵᠢ ᠬᠢᠨᠠᠨ | ᠪᠠᠶᠢᠴᠠᠭᠠᠵᠥ ᠰᠤᠳᠤᠯᠤᠭᠠᠳ ᠵᠠᠰᠠᠭ ᠵᠠᠬᠢᠷᠭᠠᠨ ᠤ ᠬᠠᠤᠯᠢ ᠲᠤᠭᠳᠠᠭᠠᠯ᠂ ᠤᠷᠤᠨ ᠨᠤᠳᠤᠭ ᠤᠨ ᠴᠢᠨᠠᠷᠳᠠᠢ ᠬᠠᠤᠯᠢ | ᠲᠤᠭᠳᠠᠭᠠᠯ᠂ ᠦᠪᠡᠷᠳᠡᠭᠡᠨ ᠵᠠᠰᠠᠬᠤ ᠲᠦᠷᠢᠮ ᠪᠤᠯᠤᠨ ᠲᠤᠰᠬᠠᠢ ᠲᠦᠷᠢᠮ ᠢ ᠦᠨᠳᠦᠰᠦᠨ ᠬᠠᠥᠯᠢ ᠪᠤᠶᠤ ᠬᠠᠥᠯᠢ | ᠴᠠᠭᠠᠵᠠ ᠲᠠᠢ ᠬᠠᠷᠰᠢᠯᠳᠤᠵᠤ ᠪᠠᠶᠢᠨ᠎ᠠ ᠭᠡᠵᠦ ᠦᠵᠡᠭᠰᠡᠨ ᠪᠠᠶᠢᠳᠠᠯ᠎ᠠ ᠲᠤᠭᠳᠠᠭᠠᠭᠰᠠᠨ ᠪᠠᠶᠢᠭᠤᠯᠤᠯᠭ᠎ᠠ ᠨᠢ ᠵᠠᠰᠠᠪᠤᠷᠢ | ᠤᠷᠤᠭᠤᠯᠬᠤ ᠦᠭᠡᠢ ᠪᠠᠶᠢᠪᠠᠯ᠂ ᠬᠤᠷᠢᠶᠠᠨ ᠲᠠᠷᠤᠭ᠎ᠠ ᠨᠠᠷ ᠤᠨ ᠬᠤᠷᠠᠯ ᠳᠤ ᠬᠦᠴᠦᠨ ᠦᠭᠡᠢ ᠪᠤᠯᠭᠠᠬᠤ ᠰᠠᠨᠠᠯ | ᠵᠦᠪᠯᠡᠯᠬᠡ᠂ ᠰᠠᠨᠠᠭᠤᠯᠭ᠎ᠠ ᠪᠠᠨ ᠲᠤᠷᠠᠳᠴᠦ᠂ ᠬᠤᠷᠢᠶᠠᠨ ᠲᠠᠷᠤᠭ᠎ᠠ ᠨᠠᠷ ᠤᠨ ᠬᠤᠷᠠᠯ ᠠᠴᠠ ᠪᠠᠶᠢᠩᠭᠤ ᠶᠢᠨ | ᠬᠤᠷᠢᠶᠠᠨ ᠤ ᠬᠤᠷᠠᠯ ᠳᠤ ᠲᠡᠪᠰᠢᠬᠦᠯᠦᠨ ᠬᠢᠨᠠᠨ ᠵᠦᠪᠯᠡᠬᠦᠯᠬᠦ ᠲᠤᠭᠳᠠᠭᠠᠯ ᠭᠠᠷᠭᠠᠨ᠎ᠠ᠃ | | ᠵᠠᠭᠤ ᠪᠦᠭᠡᠳ ᠨᠢᠬᠡᠳᠤᠬᠡᠷ ᠵᠦᠢᠯ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ | ᠬᠤᠷᠠᠯ ᠤᠨ ᠬᠤᠯᠪᠤᠬᠳᠡᠯ ᠪᠦᠬᠦᠢ ᠲᠤᠰᠬᠠᠢ ᠵᠦᠪᠯᠡᠯ ᠪᠤᠯᠤᠨ ᠪᠠᠶᠢᠩᠭᠤ ᠶᠢᠨ ᠬᠤᠷᠢᠶᠠᠨ ᠤ ᠠᠵᠢᠯ ᠤᠨ ᠪᠠᠶᠢᠭᠤᠯᠤᠮᠵᠢ | ᠲᠤᠭᠳᠠᠭᠠᠯ ᠤᠨ ᠱᠠᠭᠠᠷᠳᠠᠯᠭ᠎ᠠ ᠶᠤᠰᠤᠭᠠᠷ᠂ ᠬᠢᠨᠠᠨ ᠪᠠᠶᠢᠴᠠᠭᠠᠭᠰᠠᠠ᠂ ᠰᠤᠳᠤᠯᠤᠭᠰᠠᠠ ᠪᠠᠶᠢᠳᠠᠯ ᠢᠶᠠᠨ ᠬᠢᠨᠠᠨ | ᠪᠠᠶᠢᠴᠠᠭᠠᠬᠤ ᠰᠠᠨᠠᠭᠤᠯᠭ᠎ᠠ ᠲᠤᠷᠠᠳᠤᠭᠰᠠᠠ ᠲᠦᠷᠦ ᠶᠢᠨ ᠪᠠᠶᠢᠭᠤᠯᠤᠯᠭ᠎ᠠ᠂ ᠨᠡᠶᠢᠭᠡᠮ ᠤᠨ ᠪᠦᠯᠬᠦᠮ᠂ ᠠᠵᠥ ᠠᠬᠤᠢᠢᠯᠠᠯ | ᠠᠵᠢᠯ ᠦᠢᠯᠡᠰ ᠤᠨ ᠵᠤᠬᠢᠶᠠᠨ ᠪᠠᠶᠢᠭᠤᠯᠤᠯᠳᠠ ᠵᠢᠴᠢ ᠠᠷᠠᠳ ᠢᠷᠭᠡᠳ ᠲᠤ ᠬᠠᠷᠢᠭᠤ ᠲᠤᠰᠬᠠᠬᠤ ᠪᠦᠭᠡᠳ | ᠨᠡᠶᠢᠭᠡᠮ ᠳᠤ ᠢᠯᠡ ᠪᠠᠷ ᠨᠡᠶᠢᠳᠡᠯᠡᠨ᠎ᠡ᠃ | | ᠵᠠᠭᠤ ᠪᠦᠭᠡᠳ ᠬᠤᠶᠠᠳᠤᠭᠠᠷ ᠵᠦᠢᠯ ᠲᠠᠩᠰᠠᠯᠠᠭᠤᠯᠬᠤ ᠶᠢ ᠬᠦᠯᠢᠶᠡᠨ ᠠᠪᠬᠤ ᠪᠤᠰᠤᠤᠨ ᠪᠠᠶᠢᠭᠤᠯᠤᠯᠭ᠎ᠠ ᠶᠢᠨ | ᠮᠡᠳᠡᠬᠦᠯᠦᠨ ᠬᠦᠷᠭᠡᠵᠦ ᠲᠠᠩᠰᠠᠯᠠᠭᠤᠯᠤᠭᠰᠠᠨ ᠤᠷᠤᠨ ᠨᠤᠳᠤᠭ ᠤᠨ ᠴᠢᠨᠠᠷᠳᠠᠢ ᠬᠠᠥᠯᠢ ᠲᠤᠭᠳᠠᠭᠠᠯ᠂ ᠦᠪᠡᠷᠳᠡᠭᠡᠨ | ᠵᠠᠰᠠᠬᠤ ᠲᠦᠷᠢᠮ ᠪᠠ ᠲᠤᠰᠬᠠᠢ ᠲᠦᠷᠢᠮ᠂ ᠲᠦᠷᠢᠮ ᠲᠤᠭᠳᠠᠭᠠᠯ ᠤᠨ ᠬᠢᠨᠠᠨ ᠪᠠᠶᠢᠴᠠᠭᠠᠬᠤ ᠲᠡᠰ ᠲᠠᠷᠠᠭᠠᠯᠠᠯ ᠢ ᠪᠤᠯ | ᠬᠠᠥᠯᠢ ᠲᠦᠷᠢᠮ ᠤᠨ ᠨᠢᠭᠡᠳᠦᠯᠳᠡᠢ ᠪᠠᠶᠢᠬᠤ ᠶᠢ ᠬᠠᠮᠠᠭᠠᠯᠠᠬᠤ ᠵᠠᠷᠴᠢᠮ ᠶᠤᠰᠤᠭᠠᠷ ᠲᠠᠩᠰᠠᠯᠠᠭᠤᠯᠬᠤ ᠶᠢ ᠬᠦᠯᠢᠶᠡᠨ | ᠠᠪᠬᠤ ᠪᠠᠶᠢᠭᠤᠯᠤᠯᠭ᠎ᠠ ᠠᠴᠠ ᠲᠤᠭᠳᠠᠭᠠᠨ᠎ᠠ᠃ | | ᠵᠢᠷᠭᠤᠳᠤᠭᠠᠷ ᠪᠦᠯᠦᠭ ᠲᠠᠭᠠᠯᠳᠤᠭᠤᠯᠤᠭᠰᠠᠨ ᠲᠦᠷᠢᠮ | | ᠵᠠᠭᠤ ᠪᠦᠭᠡᠳ ᠭᠤᠷᠪᠠᠳᠤᠭᠠᠷ ᠵᠦᠢᠯ ᠲᠦᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠦᠨᠳᠦᠰᠦᠨ ᠬᠠᠥᠯᠢ | ᠪᠠ ᠬᠠᠥᠯᠢ ᠴᠠᠭᠠᠵᠠ ᠶᠢ ᠦᠨᠳᠦᠰᠦᠯᠡᠵᠤ᠂ ᠴᠡᠷᠢᠭ ᠤᠨ ᠶᠠᠪᠤᠳᠠᠯ ᠤᠨ ᠬᠠᠥᠯᠢ ᠲᠤᠭᠳᠠᠭᠠᠯ ᠢ ᠲᠤᠭᠳᠠᠭᠠᠨ᠎ᠠ᠃ | | ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠡᠯ᠎ᠡ ᠶᠡᠷᠦᠩᠭᠡᠢ ᠭᠡᠯᠳᠡᠰ᠂ ᠴᠡᠷᠢᠭ ᠤᠨ ᠲᠦᠷᠦᠯ᠂ | ᠴᠡᠷᠢᠭ ᠤᠨ ᠲᠤᠭᠤᠷᠢᠭ᠂ ᠲᠤᠮᠳᠠᠳᠤ ᠤᠯᠤᠰ ᠤᠨ ᠠᠷᠠᠳ ᠤᠨ ᠵᠡᠪᠰᠡᠭᠳᠤ ᠴᠠᠭᠳᠠᠭ᠎ᠠ ᠶᠢᠨ ᠴᠡᠷᠢᠭ ᠠᠩᠬᠢ ᠨᠢ ᠬᠠᠥᠯᠢ | ᠴᠠᠭᠠᠵᠠ ᠪᠠ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠴᠡᠷᠢᠭ ᠤᠨ ᠶᠠᠪᠤᠳᠠᠯ ᠤᠨ ᠬᠠᠥᠯᠢ ᠲᠤᠭᠳᠠᠭᠠᠯ᠂ | ᠲᠤᠭᠳᠠᠭᠠᠯ᠂ ᠵᠠᠷᠯᠢᠭ ᠢ ᠦᠨᠳᠦᠰᠦᠯᠡᠵᠦ᠂ ᠡᠷᠭᠡ ᠶᠢᠨ ᠬᠡᠪᠴᠢᠶᠡᠨ ᠲᠤᠳᠤᠷ᠎ᠠ ᠪᠠᠨ ᠴᠡᠷᠢᠭ ᠤᠨ ᠶᠠᠪᠤᠳᠠᠯ ᠤᠨ | ᠲᠦᠷᠢᠮ ᠲᠤᠭᠳᠠᠭᠠᠯ ᠢ ᠲᠤᠭᠳᠠᠭᠠᠵᠤ ᠪᠤᠯᠤᠨ᠎ᠠ᠃ | | ᠴᠡᠷᠢᠭ ᠤᠨ ᠶᠠᠪᠤᠳᠠᠯ ᠤᠨ ᠬᠠᠥᠯᠢ ᠲᠤᠭᠳᠠᠭᠠᠯ᠂ ᠴᠡᠷᠢᠭ ᠤᠨ ᠶᠠᠪᠤᠳᠠᠯ ᠤᠨ ᠲᠦᠷᠢᠮ ᠲᠤᠭᠳᠠᠭᠠᠯ ᠢ | ᠵᠡᠪᠰᠡᠭᠳᠦ ᠬᠦᠴᠦᠨ ᠤ ᠲᠤᠳᠤᠭᠠᠳᠤ ᠳᠤ ᠭᠡᠷᠡᠭᠵᠢᠬᠦᠯᠦᠨ᠎ᠡ᠃ | | ᠴᠡᠷᠢᠭ ᠤᠨ ᠶᠠᠪᠤᠳᠠᠯ ᠤᠨ ᠬᠠᠥᠯᠢ ᠲᠤᠭᠳᠠᠭᠠᠯ᠂ ᠴᠡᠷᠢᠭ ᠤᠨ ᠶᠠᠪᠤᠳᠠᠯ ᠤᠨ ᠲᠦᠷᠢᠮ ᠲᠤᠭᠳᠠᠭᠠᠯ ᠢ | ᠲᠤᠭᠳᠠᠭᠠᠬᠤ᠂ ᠲᠡᠬᠦᠨ ᠳᠤ ᠵᠠᠰᠠᠪᠤᠷᠢ ᠤᠷᠤᠭᠤᠯᠬᠤ ᠪᠠ ᠲᠡᠬᠦᠨ ᠢ ᠬᠦᠴᠦᠨ ᠦᠭᠡᠢ ᠪᠤᠯᠭᠠᠬᠤ ᠠᠷᠭ᠎ᠠ ᠶᠢ | ᠲᠦᠪ ᠤᠨ ᠴᠡᠷᠢᠭ ᠤᠨ ᠶᠠᠪᠤᠳᠠᠯ ᠤᠨ ᠬᠤᠷᠢᠶ᠎ᠡ ᠠᠴᠠ ᠲᠤᠰ ᠬᠠᠥᠯᠢ ᠳᠤ ᠲᠤᠭᠳᠠᠭᠠᠭᠰᠠᠨ ᠵᠠᠷᠴᠢᠮ ᠶᠤᠰᠤᠭᠠᠷ | ᠲᠤᠭᠳᠠᠭᠠᠨ᠎ᠠ᠃ | | ᠵᠠᠭᠤ ᠪᠦᠭᠡᠳ ᠲᠦᠷᠪᠡᠳᠦᠭᠡᠷ ᠵᠦᠢᠯ ᠠᠷᠠᠳ ᠤᠨ ᠲᠡᠬᠡᠳᠤ ᠰᠢᠬᠦᠬᠦ ᠬᠤᠷᠢᠶ᠎ᠠ᠂ ᠠᠷᠠᠳ ᠤᠨ ᠲᠡᠭᠡᠳᠤ | ᠪᠠᠶᠢᠴᠠᠭᠠᠬᠤ ᠬᠤᠷᠢᠶᠠᠨ ᠤ ᠭᠠᠷᠭᠠᠭᠰᠠᠠ ᠰᠢᠬᠦᠨ ᠲᠠᠰᠤᠯᠤᠯᠳᠠ᠂ ᠪᠠᠶᠢᠴᠠᠭᠠᠬᠤ ᠠᠵᠢᠯ ᠤᠨ ᠲᠤᠮᠳᠠ ᠪᠤᠳᠠᠳᠠᠢ | ᠬᠡᠷᠡᠭᠯᠡᠬᠦ ᠬᠠᠤᠯᠢ ᠴᠠᠭᠠᠵᠠ ᠳᠤ ᠬᠠᠷᠢᠶᠠᠯᠠᠬᠳᠠᠬᠤ ᠲᠠᠶᠢᠯᠪᠤᠷᠢᠯᠠᠯ ᠨᠢ ᠭᠤᠤᠯᠳᠠᠭᠤ ᠪᠤᠳᠠᠳᠠᠢ ᠬᠠᠤᠯᠢ ᠴᠠᠭᠠᠵᠠ ᠶᠢᠨ | ᠵᠦᠢᠯ ᠵᠤᠷᠪᠤᠰ ᠲᠤ ᠴᠢᠭᠯᠡᠬᠦᠯᠥᠭᠰᠡᠡ ᠪᠠᠶᠢᠬᠤ ᠬᠡᠷᠡᠭᠳᠡᠢ ᠪᠦᠭᠡᠳ ᠬᠠᠤᠯᠢ ᠲᠤᠭᠳᠠᠭᠠᠬᠤ ᠵᠤᠷᠢᠯᠭ᠎ᠠ᠂ ᠵᠠᠷᠴᠢᠮ ᠪᠤᠯᠤᠨ | ᠵᠤᠷᠢᠯᠳᠡ ᠳᠤ ᠨᠡᠶᠢᠴᠡᠭᠰᠡᠡ ᠪᠠᠶᠢᠬᠤ ᠬᠡᠷᠡᠭᠳᠡᠢ᠃ ᠲᠤᠰ ᠬᠠᠤᠯᠢ ᠶᠢᠨ ᠲᠦᠴᠢᠨ ᠲᠠᠪᠤᠳᠤᠭᠠᠷ ᠵᠦᠢᠯ ᠤᠨ | ᠬᠤᠶᠠᠳᠤᠭᠠᠷ ᠵᠤᠷᠪᠤᠰ ᠲᠤ ᠲᠤᠭᠳᠠᠭᠠᠭᠰᠠᠠ ᠪᠠᠶᠢᠳᠠᠯ ᠲᠤᠬᠢᠶᠠᠯᠳᠤᠪᠠᠯ᠂ ᠪᠦᠬᠦ ᠤᠯᠤᠰ ᠤᠨ ᠠᠷᠠᠳ ᠤᠨ | ᠲᠥᠯᠥᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠳᠤ ᠬᠠᠤᠯᠢ ᠴᠠᠭᠠᠵᠠ ᠶᠢᠨ ᠲᠠᠶᠢᠯᠪᠤᠷᠢᠯᠡᠯ ᠬᠢᠬᠦ | ᠱᠠᠭᠠᠷᠳᠠᠯᠭ᠎ᠠ ᠲᠤᠷᠠᠳᠬᠤ ᠪᠤᠶᠤ ᠬᠠᠮᠢᠶ᠎ᠠ ᠪᠦᠬᠦᠢ ᠬᠠᠤᠯᠢ ᠴᠠᠭᠠᠵᠠ ᠶᠢ ᠲᠤᠭᠳᠠᠭᠠᠬᠤ᠂ ᠵᠠᠰᠠᠪᠤᠷᠢ ᠤᠷᠤᠭᠤᠯᠬᠤ | ᠰᠠᠨᠠᠯ ᠵᠦᠪᠯᠡᠯᠬᠡ ᠲᠤᠷᠠᠳᠴᠦ ᠪᠤᠯᠤᠨ᠎ᠠ᠃ | | ᠠᠷᠠᠳ ᠤᠨ ᠲᠡᠬᠡᠳᠤ ᠰᠢᠬᠦᠬᠦ ᠬᠤᠷᠢᠶ᠎ᠠ᠂ ᠠᠷᠠᠳ ᠤᠨ ᠲᠡᠭᠡᠳᠤ ᠪᠠᠶᠢᠴᠠᠭᠠᠬᠤ ᠬᠤᠷᠢᠶᠠᠨ ᠤ ᠭᠠᠷᠭᠠᠭᠰᠠᠠ | ᠰᠢᠬᠦᠨ ᠲᠠᠰᠤᠯᠤᠯᠳᠠ᠂ ᠪᠠᠶᠢᠴᠠᠭᠠᠬᠤ ᠠᠵᠢᠯ ᠤᠨ ᠲᠤᠮᠳᠠ ᠪᠤᠳᠠᠳᠠᠢ ᠬᠡᠷᠡᠭᠯᠡᠬᠦ ᠬᠠᠤᠯᠢ ᠴᠠᠭᠠᠵᠠ ᠳᠤ | ᠬᠠᠷᠢᠶᠠᠯᠠᠭᠳᠠᠬᠤ ᠲᠠᠶᠢᠯᠪᠤᠷᠢᠯᠠᠯ ᠢ ᠨᠡᠶᠢᠳᠡᠯᠡᠭᠰᠡᠡ ᠡᠳᠤᠷ ᠠᠴᠠ ᠡᠬᠢᠯᠡᠨ ᠭᠤᠴᠢᠨ ᠡᠳᠤᠷ ᠤᠨ ᠲᠤᠳᠤᠷ᠎ᠠ ᠪᠦᠬᠦ | ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠳᠤ ᠮᠡᠳᠡᠬᠦᠯᠵᠥ | ᠲᠠᠩᠰᠠᠯᠠᠭᠤᠯᠬᠤ ᠬᠡᠷᠡᠭᠲᠡᠢ᠃ | | ᠠᠷᠠᠳ ᠤᠨ ᠲᠡᠬᠡᠳᠤ ᠰᠢᠬᠦᠬᠦ ᠬᠤᠷᠢᠶ᠎ᠠ᠂ ᠠᠷᠠᠳ ᠤᠨ ᠲᠡᠭᠡᠳᠤ ᠪᠠᠶᠢᠴᠠᠭᠠᠬᠤ ᠬᠤᠷᠢᠶ᠎ᠡ ᠠᠴᠠ ᠪᠤᠰᠤᠳ | ᠰᠢᠬᠦᠨ ᠲᠠᠰᠤᠯᠬᠤ ᠪᠠᠶᠢᠭᠤᠯᠤᠯᠭ᠎ᠠ ᠪᠤᠯᠤᠨ ᠪᠠᠶᠢᠴᠠᠭᠠᠬᠤ ᠪᠠᠶᠢᠭᠤᠯᠤᠯᠭ᠎ᠠ ᠪᠤᠳᠠᠳᠠᠢ ᠬᠡᠷᠡᠭᠯᠡᠬᠦ ᠬᠠᠤᠯᠢ ᠴᠠᠭᠠᠵᠠ ᠶᠢᠨ | ᠲᠠᠶᠢᠯᠪᠤᠷᠢᠯᠠᠯ ᠬᠢᠵᠥ ᠪᠤᠯᠬᠤ ᠦᠭᠡᠢ᠃ | | ᠵᠠᠭᠤ ᠪᠦᠭᠡᠳ ᠲᠠᠪᠤᠳᠤᠭᠠᠷ ᠵᠦᠢᠯ ᠲᠤᠰ ᠬᠠᠥᠯᠢ ᠶᠢ 2000 ᠤᠨ ᠤ 7 ᠰᠠᠷ᠎ᠡ ᠶᠢᠨ 1 ᠤ ᠡᠳᠦᠷ ᠠᠴᠠ | ᠡᠭᠢᠯᠡᠵᠦ ᠭᠡᠷᠡᠭᠵᠢᠬᠦᠯᠪᠠ᠃ | | | | | | | | | | | | | | | | | | | | | | ᠁ |