ᠬᠤᠩᠱᠠᠨ ᠲᠤᠭᠤᠷᠢᠭ ᠲᠠᠪᠴᠠᠩ ᠪᠠᠶᠢᠭᠤᠯᠤᠨ᠂ ᠴᠢᠳᠠᠪᠤᠷᠢᠲᠠᠨ ᠤ ᠦᠢᠯᠡᠴᠢᠯᠡᠭᠡᠨ ᠤ ᠰᠢᠨ᠎ᠡ ᠰᠠᠭᠤᠷᠢᠨ  ᠢ ᠴᠤᠭᠴᠠᠯᠠᠪᠠ
ᠨᠡᠶᠢᠲᠡᠯᠡᠭᠰᠡᠨ ᠴᠠᠭ᠄
2022/8/19
        ᠨᠢᠭᠡ ᠳᠤ ᠠᠴᠢᠶᠠᠯᠠᠭᠴᠢ ᠶᠢᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠪᠠ᠃ ᠳᠡᠭᠡᠳᠦ ᠲᠦᠪᠰᠢᠨ ᠤ ᠰᠢᠨ᠎ᠡ ᠶᠢ ᠡᠬᠦᠳᠬᠦ ᠦᠢᠯᠡᠰ ᠪᠤᠰᠬᠠᠬᠤ ᠶᠢ ᠲᠦᠪᠯᠡᠷᠡᠭᠦᠯᠦᠨ ᠡᠯ᠎ᠡ ᠲᠦᠷᠦᠯ ᠤᠨ ᠠᠵᠤ ᠠᠬᠤᠶᠢᠯᠠᠯ ᠢ ᠵᠣᠷᠢᠭᠵᠢᠭᠤᠯᠤᠨ ᠳᠡᠮᠵᠢᠵᠦ ᠳ᠋ᠤᠺᠲ᠋ᠤᠷ ᠤᠨ ᠠᠵᠢᠯ ᠤᠨ ᠦᠷᠲᠡᠭᠡ᠂ ᠭᠤᠤᠯᠳᠠᠯᠭ᠎ᠠ ᠲᠠᠢ ᠲᠤᠷᠰᠢᠯᠲᠠ ᠶᠢᠨ ᠲᠠᠰᠤᠭ᠂ ᠮᠡᠷᠭᠡᠵᠢᠯ ᠤᠨ ᠰᠢᠨ᠎ᠡ ᠶᠢ ᠡᠭᠦᠳᠬᠦ ᠲᠥᠪ ᠤᠨ ᠪᠠᠶᠢᠭᠤᠯᠤᠯᠲᠠ ᠶᠢ ᠴᠢᠩᠭᠠᠳᠬᠠᠵᠤ᠂ 2022 ᠣᠨ ᠳᠤ 2 ᠦᠪᠡᠷᠲᠡᠭᠡᠨ ᠵᠠᠰᠠᠬᠤ ᠣᠷᠤᠨ ᠤ ᠳᠡᠰ ᠤᠨ ᠰᠢᠨ᠎ᠡ ᠶᠢ ᠡᠭᠦᠳᠬᠦ ᠲᠠᠪᠴᠠᠩ᠂ 3 ᠬᠤᠲᠠ ᠶᠢᠨ ᠳᠡᠰ ᠤᠨ ᠰᠢᠨ᠎ᠡ ᠶᠢ ᠡᠭᠦᠳᠬᠦ ᠲᠠᠪᠴᠠᠩ ᠢ ᠰᠢᠨ᠎ᠡ ᠪᠠᠷ ᠪᠠᠶᠢᠭᠤᠯᠪᠠ᠃        ᠬᠤᠶᠠᠷ ᠲᠤ ᠦᠢᠯᠡᠰ ᠪᠤᠰᠬᠠᠬᠤ ᠲᠠᠪᠴᠠᠩ ᠬᠠᠩᠭᠠᠪᠠ᠃ ᠸᠠᠨ ᠳ᠋ᠠ ᠦᠢᠯᠡᠰ ᠪᠤᠰᠬᠠᠬᠤ ᠨᠡᠪᠴᠢᠯᠡᠭᠦᠷ ᠤᠨ ᠰᠠᠭᠤᠷᠢᠨ᠂ ᠤᠯᠠᠭᠠᠨᠬᠠᠳᠠ ᠶᠢᠨ ᠠᠨ ᠺᠤᠸᠠᠢ ᠲᠤᠭᠠᠴᠢᠯᠠᠭᠰᠠᠨ ᠪᠦᠲᠦᠭᠡᠯᠴᠢ ᠠᠵᠤ ᠦᠢᠯᠡᠰ ᠤᠨ ᠰᠠᠭᠤᠷᠢᠨ᠂ ᠰᠢᠨᠵᠢᠯᠡᠭᠡ ᠮᠡᠷᠭᠡᠵᠢᠯ ᠤᠨ ᠠᠵᠤ ᠠᠬᠤᠶᠢᠯᠠᠯ ᠤᠨ ᠨᠡᠪᠴᠢᠭᠦᠯᠦᠭᠴᠢ ᠵᠡᠷᠭᠡ 7 ᠨᠡᠪᠴᠢᠯᠡᠭᠦᠷ ᠤᠨ ᠲᠠᠪᠴᠠᠩ ᠪᠠᠶᠢᠭᠤᠯᠵᠤ᠂ ᠤᠳᠤᠬᠠᠨ ᠪᠤᠯᠲᠠᠯ᠎ᠠ 411 ᠨᠡᠪᠴᠢᠯᠡᠭᠦᠷ ᠤᠨ ᠲᠦᠷᠦᠯ ᠵᠦᠢᠯ ᠢ ᠪᠡᠶᠡᠯᠡᠭᠦᠯᠦᠨ᠂ 1014 ᠠᠵᠤ ᠠᠬᠤᠶᠢᠯᠠᠯ ᠢ ᠲᠠᠲᠠᠵᠤ ᠠᠪᠴᠢᠷᠠᠪᠠ᠃        ᠭᠤᠷᠪᠠ ᠳᠤ ᠤᠯᠠᠭᠠᠨᠬᠠᠳᠠ ᠬᠤᠲᠠ ᠶᠢᠨ ᠬᠦᠳᠡᠯᠮᠦᠷᠢ ᠬᠦᠴᠦᠨ ᠤ ᠡᠬᠢ ᠪᠠᠶᠠᠯᠢᠭ ᠤᠨ ᠦᠢᠯᠡᠴᠢᠯᠡᠭᠡᠨ ᠤ ᠠᠵᠤ ᠦᠢᠯᠡᠰ ᠤᠨ ᠬᠦᠷᠢᠶᠡᠯᠡᠩ ᠤᠨ ᠪᠠᠶᠢᠭᠤᠯᠤᠯᠲᠠ ᠶᠢ ᠢᠳᠡᠪᠬᠢᠲᠡᠢ ᠠᠬᠢᠭᠤᠯᠵᠤ᠂ ᠤᠳᠤᠬᠠᠨ ᠳᠤ ᠨᠢᠭᠡᠨᠲᠡ 7 ᠺᠤᠮᠫᠠᠨᠢ ᠠᠵᠤ ᠦᠢᠯᠡᠰ ᠤᠨ ᠬᠦᠷᠢᠶᠡᠯᠡᠩ ᠳᠤ ᠳᠠᠩᠰᠠᠯᠠᠨ ᠪᠠᠶᠢᠭᠤᠯᠤᠭᠳᠠᠵᠤ᠂ ᠵᠢᠯ ᠪᠦᠷᠢ 5 ᠲᠥᠮᠡᠨ ᠴᠢᠳᠠᠪᠤᠷᠢᠲᠠᠨ ᠳᠤ ᠠᠵᠢᠯ ᠣᠯᠭᠤᠬᠤ ᠦᠢᠯᠡᠰ ᠪᠤᠰᠬᠠᠬᠤ ᠦᠢᠯᠡᠴᠢᠯᠡᠭᠡ ᠬᠠᠩᠭᠠᠪᠠ᠃        ᠳᠦᠷᠪᠡ ᠳᠤ ᠴᠢᠳᠠᠪᠤᠷᠢᠲᠠᠨ ᠤ ᠲᠤᠭ᠎ᠠ ᠪᠠᠷᠢᠮᠲᠠ ᠶᠢᠨ ᠬᠦᠮᠦᠷᠭᠡ ᠶᠢ ᠪᠠᠶᠢᠭᠤᠯᠪᠠ᠃ ᠳ᠋ᠠᠶᠢᠲ᠋ᠠ ᠶᠢᠨ ᠮᠡᠷᠭᠡᠵᠢᠯ ᠤᠨ ᠠᠷᠭ᠎ᠠ ᠪᠠᠷᠢᠯ ᠳᠤ ᠲᠦᠰᠢᠭᠯᠡᠨ ᠲᠤᠭᠤᠷᠢᠭ ᠤᠨ 59 ᠪᠠᠶᠢᠭᠤᠯᠭ᠎ᠠ ᠨᠢᠭᠡᠴᠡ ᠶᠢᠨ ᠪᠠᠶᠢᠭᠤᠯᠭ᠎ᠠ ᠨᠢᠭᠡᠴᠡ᠂ ᠨᠡᠶᠢᠭᠡᠮ ᠤᠨ ᠵᠤᠬᠢᠶᠠᠨ ᠪᠠᠶᠢᠭᠤᠯᠤᠯᠲᠠ ᠪᠠ ᠠᠵᠤ ᠠᠬᠤᠶᠢᠯᠠᠯ ᠳᠠᠬᠢ ᠡᠵᠡᠩᠨᠡᠯᠲᠡ ᠬᠠᠮᠢᠶᠠᠷᠤᠯᠲᠠ ᠶᠢᠨ ᠴᠢᠳᠠᠪᠤᠷᠢᠲᠠᠨ᠂ ᠮᠦᠩᠭᠦᠨ ᠭᠦᠢᠯᠭᠡᠭᠡᠨ ᠤ ᠴᠢᠳᠠᠪᠤᠷᠢᠲᠠᠨ᠂ ᠦᠨᠳᠦᠷ ᠴᠢᠨᠳᠠᠭᠠᠨ ᠤ ᠮᠡᠷᠭᠡᠵᠢᠯᠲᠡᠨ ᠵᠡᠷᠭᠡ 20 ᠲᠦᠷᠦᠯ ᠤᠨ ᠴᠢᠳᠠᠪᠤᠷᠢᠲᠠᠨ ᠤ ᠲᠤᠭ᠎ᠠ ᠪᠠᠷᠢᠮᠲᠠ ᠶᠢ ᠴᠤᠭᠯᠠᠭᠤᠯᠵᠤ᠂ ᠨᠠᠰᠤ ᠵᠢᠯ᠂ ᠰᠤᠷᠤᠯᠭ᠎ᠠ ᠶᠢᠨ ᠨᠠᠮᠲᠠᠷ᠂ ᠮᠡᠷᠭᠡᠵᠢᠯ ᠤᠨ ᠴᠣᠯᠠ᠂ ᠱᠠᠩᠨᠠᠯ ᠬᠦᠬᠢᠭᠦᠯᠦᠯ ᠵᠢᠴᠢ ᠲᠤᠰᠬᠠᠢ ᠠᠰᠢᠭ ᠤᠨ ᠪᠠᠶᠢᠳᠠᠯ ᠵᠡᠷᠭᠡ ᠳ᠋ᠠᠶᠢᠲ᠋ᠠ ᠶᠢᠨ ᠡᠬᠢ ᠪᠠᠶᠠᠯᠢᠭ ᠢ ᠲᠦᠪᠯᠡᠷᠡᠭᠦᠯᠦᠨ᠂ ᠴᠢᠳᠠᠪᠤᠷᠢᠲᠠᠨ ᠤ ᠰᠠᠭᠤᠷᠢᠨ ᠤ ᠳ᠋ᠠᠶᠢᠲ᠋ᠠ ᠶᠢᠨ ᠬᠦᠮᠦᠷᠭᠡ ᠶᠢ ᠪᠠᠲᠤᠵᠢᠭᠤᠯᠵᠤ᠂ ᠤᠯᠠᠨ ᠬᠡᠮᠵᠢᠯ᠂ ᠤᠯᠠᠨ ᠪᠠᠶᠢᠷᠢ ᠠᠴᠠ ᠴᠢᠳᠠᠪᠤᠷᠢᠲᠠᠨ ᠢ ᠤᠶᠢᠯᠠᠭᠠᠵᠤ᠂ ᠢᠯᠭᠠᠨ ᠳᠠᠨᠢᠵᠤ᠂ ᠡᠯ᠎ᠡ ᠲᠦᠷᠦᠯ ᠤᠨ ᠴᠢᠳᠠᠪᠤᠷᠢᠲᠠᠨ ᠳᠤ ︽ᠨᠠᠷᠢᠯᠢᠭ ᠳᠦᠷᠢ ᠵᠢᠷᠤᠭ︾ ᠢ ᠵᠢᠷᠤᠵᠤ ᠦᠭᠪᠡ᠃ ᠤᠳᠤᠬᠠᠨ ᠳᠤ ᠨᠢᠭᠡᠨᠲᠡ ᠡᠯ᠎ᠡ ᠲᠦᠷᠦᠯ  ᠤᠨ ᠴᠢᠳᠠᠪᠤᠷᠢᠲᠠᠨ ᠤ ᠲᠤᠭ᠎ᠠ ᠪᠠᠷᠢᠮᠲᠠ ᠨᠡᠶᠢᠲᠡ 8817 ᠬᠦᠮᠦᠨ ᠤ ᠬᠢ ᠶᠢ ᠴᠤᠭᠯᠠᠭᠤᠯᠪᠠ᠃
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号