ᠬᠤᠩᠱᠠᠨ ᠲᠣᠭᠤᠷᠢᠭ ᠤᠨ ᠡᠮᠡᠭᠲᠡᠶᠢᠴᠦᠳ ᠤᠨ ᠬᠤᠯᠪᠤᠭ᠎ᠠ ︽ᠰᠦᠯᠵᠢᠶᠡᠨ ᠬᠢᠴᠢᠶᠡᠯ ᠤᠨ ᠲᠢᠩᠬᠢᠮ︾  ᠢ ᠡᠷᠴᠢᠮᠲᠡᠢ ᠠᠬᠢᠭᠤᠯᠪᠠ
ᠨᠡᠶᠢᠲᠡᠯᠡᠭᠰᠡᠨ ᠴᠠᠭ᠄
2022/4/2
        ︽ᠦᠵᠡᠰᠬᠦᠯᠡᠩᠲᠦ ᠭᠡᠷ ᠪᠦᠯᠢ︾ ᠭᠤᠤᠯ ᠰᠡᠳᠦᠪᠲᠦ ᠦᠢᠯᠡᠳᠦᠯᠭᠡ ᠶᠢᠨ ᠠᠵᠢᠯᠯᠠᠭᠠᠨ ᠢ ᠦᠷᠭᠦᠯᠵᠢᠯᠡᠨ ᠠᠬᠢᠭᠤᠯᠬᠤ ᠶᠢᠨ ᠲᠥᠯᠦᠭᠡ᠂ ᠲᠤᠭᠤᠷᠢᠭ ᠤᠨ ᠡᠮᠡᠭᠲᠡᠶᠢᠴᠦᠳ ᠤᠨ ᠬᠤᠯᠪᠤᠭ᠎ᠠ ᠰᠦᠯᠵᠢᠶᠡᠨ ᠳᠠᠬᠢ ᠪᠠ ᠪᠤᠳᠠᠲᠠᠢ ᠬᠤᠶᠠᠷ ᠠᠷᠭ᠎ᠠ ᠵᠠᠮ ᠢᠶᠠᠷ ᠡᠯᠪᠡᠭ ᠪᠠᠶᠠᠯᠢᠭ ᠠᠭᠤᠯᠭ᠎ᠠ ᠪᠦᠬᠦᠢ ᠭᠡᠷ ᠪᠦᠯᠢ ᠶᠢᠨ ᠪᠤᠯᠪᠠᠰᠤᠨ ᠤ ᠪᠠᠶᠢᠭᠤᠯᠤᠯᠲᠠ ᠶᠢᠨ ᠠᠵᠢᠯᠯᠠᠭᠠᠨ ᠢ ᠰᠢᠨ᠎ᠡ ᠶᠢ ᠡᠭᠦᠳᠦᠨ ᠦᠷᠨᠢᠭᠦᠯᠪᠡ᠃ ᠤᠳᠤᠬᠠᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠱᠠᠭᠠᠷᠳᠠᠯᠭ᠎ᠠ ᠲᠠᠢ ᠤᠶᠠᠯᠳᠤᠭᠤᠯᠤᠨ᠂ ᠠᠵᠢᠯᠯᠠᠭᠠᠨ ᠢ ᠭᠤᠤᠯᠳᠠᠭᠤ ᠰᠦᠯᠵᠢᠶᠡᠨ ᠳᠤ ᠦᠷᠨᠢᠭᠦᠯᠵᠦ᠂ ᠭᠤᠷᠪᠠᠳᠤᠭᠠᠷ ᠰᠠᠷ᠎ᠠ ᠠᠴᠠ ᠨᠠᠰᠢ ᠡᠮᠡᠭᠲᠡᠶᠢᠴᠦᠳ ᠤᠨ ᠬᠠᠤᠯᠢ ᠪᠠᠷ ᠵᠠᠰᠠᠬᠤ ᠬᠢᠴᠢᠶᠡᠯ ᠤᠨ ᠲᠢᠩᠬᠢᠮ᠂ ᠭᠡᠷ ᠪᠦᠯᠢ ᠶᠢᠨ ᠬᠦᠮᠦᠵᠢᠯ  ᠤᠨ ᠬᠢᠴᠢᠶᠡᠯ ᠵᠡᠷᠭᠡ ᠪᠠᠷ ᠳᠠᠮᠵᠢᠨ᠂ ︽ᠰᠦᠯᠵᠢᠶᠡᠨ ᠬᠢᠴᠢᠶᠡᠯ ᠤᠨ ᠲᠢᠩᠬᠢᠮ︾ ᠢ ᠦᠷᠨᠢᠭᠦᠯᠬᠦ ᠶᠢ ᠡᠷᠴᠢᠮᠲᠡᠢ ᠠᠬᠢᠭᠤᠯᠪᠠ᠃ ᠤᠳᠤ ᠪᠤᠯᠲᠠᠯ᠎ᠠ ᠭᠡᠷ ᠪᠦᠯᠢ ᠶᠢᠨ ᠬᠦᠴᠢᠷᠬᠡᠭᠯᠡᠯ ᠢ ᠡᠰᠡᠷᠭᠦᠴᠡᠬᠦ᠂ ᠨᠠᠰᠤᠨ ᠳᠤ ᠦᠯᠦ ᠬᠦᠷᠦᠭᠰᠡᠳ ᠢ ᠬᠠᠮᠠᠭᠠᠯᠠᠬᠤ᠂ ᠬᠦᠢᠰᠦ ᠢᠯᠭᠠᠯ ᠤᠨ ᠭᠠᠳᠠᠭᠤᠷᠴᠢᠯᠠᠯ ᠢ ᠡᠰᠡᠷᠭᠦᠴᠡᠬᠦ᠂ ᠢᠷᠭᠡᠨ ᠤ ᠬᠠᠤᠯᠢ ᠵᠡᠷᠭᠡ ᠲᠤᠰᠬᠠᠢ ᠰᠡᠳᠦᠪᠲᠦ ᠤᠬᠠᠭᠤᠯᠭ᠎ᠠ ᠶᠢᠨ ᠸᠢᠳᠢᠤ᠋ ᠪᠢᠴᠢᠯᠭᠡ 10 ᠬᠤᠭᠤᠴᠠᠭ᠎ᠠ ᠭᠠᠷᠭᠠᠪᠠ︔ ︽ᠬᠤᠶᠠᠷ ᠢ ᠪᠠᠭᠠᠰᠬᠠᠭᠰᠠᠨ︾  ᠤ ᠳᠠᠷᠠᠭ᠎ᠠ ᠬᠡᠷᠬᠢᠨ ᠬᠢᠬᠦ᠂ ᠬᠡᠦᠬᠡᠳ ᠤᠨ ᠰᠡᠳᠬᠢᠴᠡ ᠶᠢ ᠡᠷᠡᠭᠦᠯ ᠪᠤᠶᠢᠵᠢᠭᠤᠯᠬᠤ᠂ ᠠᠪᠤ ᠡᠵᠢ ᠶᠢᠨ ᠭᠡᠷ ᠪᠦᠯᠢ  ᠶᠢᠨ ᠬᠦᠮᠦᠵᠢᠯ ᠳᠠᠬᠢ ᠬᠠᠤᠯᠢ ᠴᠠᠭᠠᠵᠠ ᠶᠢᠨ ᠬᠠᠷᠢᠭᠤᠴᠠᠯᠭ᠎ᠠ ᠵᠡᠷᠭᠡ ᠠᠭᠤᠯᠭ᠎ᠠ ᠶᠢ 10 ᠬᠤᠭᠤᠴᠠᠭ᠎ᠠ ᠬᠢᠪᠡ᠃
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号