ᠬᠤᠩᠱᠠᠨ ᠲᠣᠭᠤᠷᠢᠭ 2021 ᠤᠨ ᠤ ᠰᠤᠷᠭᠠᠨ ᠬᠦᠮᠦᠵᠢᠯ ᠤᠨ ᠠᠵᠢᠯ ᠦᠢᠯᠡᠰ ᠤᠨ ᠡᠯ᠎ᠡ ᠲᠦᠷᠦᠯ | ᠤᠨ ᠠᠵᠢᠯ ᠢ ᠤᠷᠤᠭᠰᠢᠲᠠᠢ ᠠᠬᠢᠭᠤᠯᠪᠠ᠃ | ᠨᠢᠭᠡ ᠳᠤ᠂ ᠰᠤᠷᠭᠠᠨ ᠬᠦᠮᠦᠵᠢᠯ ᠢᠶᠠᠷ ᠶᠠᠳᠠᠭᠤ ᠶᠢ ᠳᠡᠳᠬᠦᠬᠦ ᠰᠢᠪᠲᠤᠯᠤᠯᠲᠠ ᠶᠢᠨ ᠳᠠᠶᠢᠯᠠᠯᠳᠤᠭᠠᠨ ᠢ | ᠠᠮᠵᠢᠯᠲᠠᠲᠠᠢ ᠲᠡᠭᠦᠰᠬᠡᠵᠦ᠂ ᠳᠠᠩᠰᠠᠯᠠᠨ ᠨᠠᠮᠲᠠᠷᠯᠠᠭᠰᠠᠨ ᠰᠤᠷᠤᠭᠴᠢ ᠶᠢᠨ ᠰᠣᠷᠭᠠᠭᠤᠯᠢ ᠪᠠᠨ ᠲᠣᠷᠭᠤᠨ ᠵᠤᠭᠰᠤᠯᠲᠠ | ᠦᠭᠡᠢ ᠪᠣᠯᠪᠠ᠃ ᠡᠯ᠎ᠡ ᠲᠦᠷᠦᠯ ᠤᠨ ᠲᠦᠷᠦ ᠶᠢᠨ ᠪᠤᠳᠤᠯᠭ᠎ᠠ ᠶᠢᠨ ᠴᠢᠨᠠᠷᠲᠠᠢ ᠳᠡᠳᠬᠦᠮᠵᠢ ᠶᠢᠨ ᠮᠦᠩᠭᠦ 7655 | ᠲᠦᠮᠡᠨ ᠲᠦᠭᠦᠷᠢᠭ ᠨᠠᠶᠢᠳᠠᠪᠤᠷᠢᠵᠢᠭᠤᠯᠵᠤ᠂ ᠳᠡᠳᠬᠦᠮᠵᠢ ᠬᠦᠷᠲᠡᠭᠰᠡᠨ ᠰᠤᠷᠤᠭᠴᠢ 188435 ᠬᠦᠮᠦᠨ ᠤᠳᠠᠭ᠎ᠠ | ᠬᠦᠷᠴᠦ᠂ ᠡᠭᠦᠨ ᠳᠤ ᠳᠠᠩᠰᠠᠯᠠᠨ ᠨᠠᠮᠲᠠᠷᠯᠠᠭᠰᠠᠨ ᠰᠤᠷᠤᠭᠴᠢ 16646 ᠬᠦᠮᠦᠨ ᠤᠳᠠᠭ᠎ᠠ᠂ ᠳᠡᠳᠬᠦᠮᠵᠢ ᠶᠢᠨ | ᠮᠦᠩᠭᠦ 1100 ᠲᠦᠮᠡᠨ ᠲᠦᠭᠦᠷᠢᠭ᠃ | ᠬᠤᠶᠠᠷ ᠲᠤ᠂ 30 ᠡᠯ᠎ᠡ ᠲᠦᠷᠦᠯ ᠤᠨ ᠰᠤᠷᠭᠠᠨ ᠬᠦᠮᠦᠵᠢᠯ ᠤᠨ ᠲᠦᠷᠦᠯ ᠵᠦᠢᠯ ᠢ | ᠨᠠᠶᠢᠳᠠᠪᠤᠷᠢᠵᠢᠭᠤᠯᠵᠤ᠂ ᠪᠡᠯᠡ ᠤᠷᠤᠭᠤᠯᠤᠯᠲᠠ ᠶᠢᠨ ᠬᠡᠪᠴᠢᠶ᠎ᠡ 23.69 ᠳ᠋ᠦᠩᠰᠢᠭᠤᠷ ᠲᠦᠭᠦᠷᠢᠭ᠂ ᠪᠦᠲᠦᠭᠡᠨ | ᠪᠠᠶᠢᠭᠤᠯᠤᠯᠲᠠ ᠶᠢᠨ ᠬᠡᠪᠴᠢᠶ᠎ᠡ 56.17 ᠲᠦᠮᠡᠨ ᠲᠡᠭᠰᠢ ᠳᠦᠷᠪᠡᠯᠵᠢᠨ ᠮᠧᠲᠷ᠃ ᠡᠭᠦᠨ ᠳᠤ᠂ 25 ᠵᠠᠯᠭᠠᠨ | ᠪᠠᠶᠢᠭᠤᠯᠤᠭᠰᠠᠨ ᠲᠦᠷᠦᠯ ᠵᠦᠢᠯ᠂ 3 ᠰᠢᠨ᠎ᠡ ᠪᠠᠷ ᠪᠠᠶᠢᠭᠤᠯᠤᠭᠰᠠᠨ ᠲᠦᠷᠦᠯ ᠵᠦᠢᠯ᠂ 2 ᠠᠷᠠᠯᠵᠢᠶᠠᠴᠢᠨ ᠤᠷᠢᠵᠤ | ᠪᠡᠯᠡ ᠲᠠᠲᠠᠭᠰᠠᠨ ᠲᠦᠷᠦᠯ ᠵᠦᠢᠯ᠂ ᠪᠦᠬᠦ ᠲᠦᠷᠦᠯ ᠵᠦᠢᠯ ᠶᠠᠭ ᠢᠳᠡᠪᠬᠢᠲᠡᠢ ᠠᠬᠢᠭᠤᠯᠤᠭᠳᠠᠵᠤ ᠪᠤᠢ᠃ | ᠭᠤᠷᠪᠠ ᠳᠤ᠂ ᠪᠠᠭᠰᠢ ᠶᠢᠨ ᠡᠩᠨᠡᠭᠡ ᠲᠠᠰᠤᠷᠠᠯᠲᠠ ᠦᠭᠡᠢ ᠪᠤᠵᠠᠭᠠᠶᠢᠷᠠᠵᠤ᠂ 218 ᠳᠤᠮᠳᠠ ᠪᠠᠭ᠎ᠠ | ᠰᠤᠷᠭᠠᠭᠤᠯᠢ᠂ ᠴᠡᠴᠡᠷᠯᠢᠭ ᠤᠨ ᠪᠠᠭᠰᠢ ᠰᠢᠨ᠎ᠡ ᠪᠠᠷ ᠡᠯᠰᠡᠪᠡ᠃ ᠲᠤᠭᠤᠷᠢᠭ ᠤᠨ ᠭᠠᠳᠠᠨ᠎ᠠ ᠠᠴᠠ ᠴᠢᠳᠠᠪᠤᠷᠢᠲᠠᠨ | ᠢᠯᠭᠤᠮ ᠤᠷᠢᠬᠤ ᠰᠤᠪᠠᠭ ᠢ ᠨᠠᠪᠲᠠᠷᠡᠭᠦᠯᠦᠨ27 ᠰᠤᠷᠭᠠᠨ ᠬᠦᠮᠦᠵᠢᠯ ᠤᠨ ᠴᠢᠳᠠᠪᠤᠷᠢᠲᠠᠨ ᠢ ᠤᠷᠢᠵᠤ ᠤᠷᠤᠭᠤᠯᠪᠠ᠃ | ᠦᠪᠦᠷ ᠮᠤᠩᠭᠤᠯ ᠤᠨ ᠶᠡᠭᠡ ᠰᠤᠷᠭᠠᠭᠤᠯᠢ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠵᠡᠷᠭᠡ | ᠰᠤᠷᠭᠠᠭᠤᠯᠢ ᠠᠴᠠ ᠪᠠᠭᠰᠢ ᠤᠷᠢᠵᠤ᠂ 46 ᠬᠦᠮᠦᠨ ᠲᠠᠢ ᠭᠡᠷ᠎ᠡ ᠲᠤᠭᠲᠠᠪᠠ᠃ |