| | ᠰᠢᠨᠬᠤᠸᠠ ᠬᠤᠷᠢᠶᠠᠨ ᠤ ᠪᠡᠭᠡᠵᠢᠩ ᠤᠨ 7 ᠰᠠᠷ᠎ᠠ ᠶᠢᠨ 5 ᠤ ᠴᠠᠬᠢᠯᠭᠠᠨ ᠮᠡᠳᠡᠭᠡ ᠤᠯᠤᠰ ᠤᠨ ᠲᠡᠷᠢᠭᠦᠯᠡᠭᠴᠢ | ᠰᠢ ᠶᠢᠨ ᠫᠢᠩ 5 ᠤ ᠤᠷᠤᠢ ᠪᠡᠭᠡᠵᠢᠩ ᠳᠤ ᠹᠷᠠᠨᠼᠢ ᠶᠢᠨ ᠶᠡᠷᠦᠩᠬᠡᠶᠢᠯᠡᠭᠴᠢ ᠮᠠᠶᠢᠺᠷᠤᠨ᠂ ᠭᠧᠷᠮᠠᠨ ᠤ ᠶᠡᠷᠦᠩᠬᠡᠢ ᠰᠠᠶᠢᠳ | ᠮᠤᠺᠧᠷ ᠲᠠᠢ ᠲᠦᠷᠦᠭᠦᠴᠦᠳ ᠤᠨ ᠸᠢᠳᠢᠣ᠋ ᠬᠤᠷᠠᠯ ᠬᠤᠷᠠᠯᠳᠤᠭᠤᠯᠪᠠ᠃ | ᠰᠢ ᠶᠢᠨ ᠫᠢᠩ᠂ ᠣᠳᠣᠬᠠᠨ ᠳᠤ ᠪᠦᠬᠦ ᠪᠥᠮᠪᠥᠷᠴᠡᠭ ᠤᠨ ᠬᠢᠵᠢᠭ ᠤᠨ ᠪᠠᠶᠢᠳᠠᠯ ᠮᠥᠨ ᠬᠦ ᠬᠦᠨᠳᠦ ᠨᠣᠴᠢᠲᠠᠢ | ᠪᠠᠶᠢᠵᠤ᠂ ᠠᠵᠤ ᠠᠬᠤᠢ ᠶᠢᠨ ᠰᠡᠷᠭᠦᠯᠲᠡ ᠶᠢᠨ ᠢᠷᠡᠭᠡᠳᠦᠢ ᠲᠣᠳᠣᠷᠬᠠᠢ ᠦᠭᠡᠢ ᠪᠠᠶᠢᠨ᠎ᠠ᠃ ᠳᠡᠯᠡᠬᠡᠢ ᠶᠢᠷᠲᠢᠨᠴᠦ | ᠥᠩᠭᠡᠷᠡᠭᠰᠡᠨ ᠤ ᠠᠯᠢ ᠴᠤ ᠦᠶ᠎ᠡ ᠠᠴᠠ ᠢᠯᠡᠭᠦᠦ ᠬᠠᠷᠢᠯᠴᠠᠨ ᠬᠦᠨᠳᠦᠳᠬᠡᠵᠦ᠂ ᠦᠨᠡᠨ ᠰᠡᠳᠬᠢᠯ ᠠᠴᠠ ᠪᠠᠨ | ᠬᠠᠮᠲᠤᠷᠠᠯᠴᠠᠬᠤ ᠶᠢ ᠱᠠᠭᠠᠷᠳᠠᠵᠤ ᠪᠠᠶᠢᠨ᠎ᠠ᠂ ᠬᠠᠷᠢᠨ ᠰᠡᠵᠢᠭᠯᠡᠨ ᠡᠰᠡᠷᠭᠦᠴᠡᠯᠳᠦᠬᠦ᠂ ᠲᠡᠭ ᠨᠡᠶᠢᠯᠡᠪᠦᠷᠢ ᠶᠢᠨ ᠦᠵᠡᠯᠴᠡᠭᠡᠨ | ᠪᠢᠰᠢ ᠪᠣᠯᠵᠠᠢ᠃ | ᠳᠤᠮᠳᠠᠳᠤ ᠧᠦ᠋ᠷᠣᠫᠠ ᠶᠢᠨ ᠬᠢᠨ ᠬᠠᠮᠲᠤ ᠶᠢᠨ ᠲᠠᠨᠢᠯᠲᠠ ᠪᠣᠯᠤᠨ ᠬᠠᠮᠲᠤᠷᠠᠯᠴᠠᠭ᠎ᠠ ᠪᠠᠨ ᠥᠷᠭᠡᠳᠬᠡᠵᠦ᠂ ᠪᠦᠬᠦ | ᠪᠥᠮᠪᠥᠷᠴᠡᠭ ᠤᠨ ᠴᠢᠨᠠᠷᠲᠠᠢ ᠥᠷᠢᠰᠥᠯᠳᠦᠭᠡᠨ ᠢ ᠲᠣᠬᠢᠲᠠᠢ ᠠᠷᠭᠠᠴᠠᠭᠠᠬᠤ ᠳᠤ ᠴᠢᠬᠤᠯᠠ ᠦᠢᠯᠡᠳᠦᠯ ᠦᠵᠡᠭᠦᠯᠬᠦ ᠶᠢ | ᠬᠦᠰᠡᠵᠦ ᠪᠠᠶᠢᠨ᠎ᠠ ᠭᠡᠵᠦ ᠵᠢᠭᠠᠵᠤ ᠭᠠᠷᠭᠠᠪᠠ᠃ | ᠨᠢᠭᠡ ᠳᠤ᠂ ᠵᠥᠪ ᠣᠨᠣᠪᠴᠢᠲᠠᠢ ᠬᠠᠷᠢᠯᠴᠠᠨ ᠲᠠᠨᠢᠨ ᠮᠡᠳᠡᠬᠦ ᠶᠢ ᠪᠠᠷᠢᠮᠲᠠᠯᠠᠶ᠎ᠠ᠃ 100 ᠵᠢᠯ ᠤᠨ ᠲᠤᠷᠰᠢ᠂ | ᠳᠤᠮᠳᠠᠳᠤ ᠤᠯᠤᠰ ᠤᠨ ᠡᠪ ᠬᠠᠮᠲᠤ ᠨᠠᠮ ᠳᠤᠮᠳᠠᠳᠤ ᠤᠯᠤᠰ ᠤᠨ ᠠᠷᠠᠳ ᠲᠦᠮᠡᠨ ᠢ ᠪᠦᠯᠬᠦᠮᠳᠡᠭᠦᠯᠦᠨ ᠳᠠᠭᠠᠭᠤᠯᠵᠤ | ᠳᠤᠮᠳᠠᠳᠤ ᠤᠯᠤᠰ ᠤᠨ ᠤᠯᠤᠰ ᠤᠨ ᠪᠠᠶᠢᠳᠠᠯ ᠳᠤ ᠨᠡᠶᠢᠴᠡᠭᠰᠡᠨ ᠪᠥᠭᠡᠳ ᠠᠷᠠᠳ ᠲᠦᠮᠡᠨ ᠤ ᠨᠡᠶᠢᠳᠡᠮ ᠬᠦᠷᠢᠶᠡᠯᠡᠯ ᠢ | ᠣᠯᠤᠭᠰᠠᠨ ᠬᠥᠭᠵᠢᠯᠲᠡ ᠶᠢᠨ ᠵᠠᠮ ᠢ ᠨᠡᠭᠡᠭᠡᠪᠡ᠃ ᠳᠤᠮᠳᠠᠳᠤ ᠶᠢᠨ ᠲᠠᠯ᠎ᠠ ᠶᠢᠨ ᠬᠢᠨ ᠡᠩᠬᠡ ᠲᠠᠶᠢᠪᠤᠩ᠂ ᠬᠥᠭᠵᠢᠯᠲᠡ᠂ | ᠲᠥᠪ ᠭᠤᠣᠯᠴᠢ᠂ ᠰᠢᠳᠤᠷᠭᠤ ᠶᠣᠰᠣ᠂ ᠠᠷᠠᠳᠴᠢᠯᠠᠯ᠂ ᠡᠷᠬᠡ ᠴᠢᠯᠥᠭᠡ ᠪᠦᠬᠦᠢ ᠪᠦᠬᠦ ᠬᠥᠮᠦᠨ ᠲᠥᠷᠥᠯᠬᠢᠲᠡᠨ ᠤ | ᠬᠠᠮᠲᠤ ᠶᠢᠨ ᠦᠷᠳᠡᠭ ᠢ ᠪᠠᠲᠤ ᠪᠠᠷᠢᠮᠳᠠᠯᠠᠨ᠎ᠠ᠃ ᠳᠤᠮᠳᠠᠳᠤ ᠧᠦ᠋ᠷᠣᠫᠠ ᠶᠢᠨ ᠬᠢᠨ ᠬᠠᠷᠢᠯᠴᠠᠨ ᠬᠦᠨᠳᠦᠳᠬᠡᠬᠦ᠂ ᠠᠳᠠᠯᠢ ᠪᠠᠨ | ᠡᠷᠢᠵᠦ ᠵᠦᠷᠢᠶ᠎ᠠ ᠪᠠᠨ ᠦᠯᠡᠳᠡᠭᠡᠬᠦ ᠵᠠᠷᠴᠢᠮ ᠢᠶᠠᠷ ᠬᠠᠮᠲᠤᠷᠠᠯᠴᠠᠭ᠎ᠠ ᠥᠷᠨᠢᠭᠦᠯᠦᠭᠰᠡᠨ ᠢᠶᠠᠷ᠂ ᠬᠤᠶᠠᠷ ᠲᠠᠯ᠎ᠠ ᠶᠢᠨ ᠬᠢᠨ ᠤ | ᠪᠦᠬᠦ ᠲᠠᠯ᠎ᠠ ᠶᠢᠨ ᠪᠠᠶᠢᠯᠳᠤᠬᠤ ᠪᠤᠳᠤᠯᠭ᠎ᠠ ᠶᠢᠨ ᠬᠠᠨᠢᠲᠠᠨ ᠤ ᠬᠠᠷᠢᠴᠠᠭ᠎ᠠ ᠨᠢ ᠬᠤᠭᠤᠷᠣᠨᠳᠣᠬᠢ ᠬᠠᠮᠤᠭ ᠤᠨ ᠶᠡᠭᠡ ᠶᠡᠷᠦᠩᠬᠡᠢ | ᠬᠤᠷᠢᠶᠠᠭᠴᠢ ᠲᠤᠭ᠎ᠠ ᠶᠢ ᠨᠢᠭᠲᠠᠷᠠᠭᠤᠯᠪᠠ᠃ ᠪᠢᠳᠠ ᠡᠨᠡ ᠬᠦ ᠵᠣᠷᠢᠭ ᠰᠠᠨᠠᠭ᠎ᠠ ᠶᠢ ᠪᠠᠷᠢᠮᠲᠠᠯᠠᠵᠤ᠂ ᠬᠤᠭᠤᠷᠣᠨᠳᠣᠬᠢ | ᠵᠦᠷᠢᠶ᠎ᠠ ᠳᠤ ᠵᠥᠪ ᠢᠶᠠᠷ ᠬᠠᠨᠳᠤᠵᠤ᠂ ᠵᠥᠷᠢᠯᠳᠦᠭᠡᠨ ᠢᠶᠠᠨ ᠣᠶᠤᠨᠴᠢ ᠪᠠᠷ ᠰᠢᠢᠳᠪᠦᠷᠢᠯᠡᠵᠦ᠂ ᠳᠤᠮᠳᠠᠳᠤ ᠧᠦ᠋ᠷᠣᠫᠠ ᠶᠢᠨ | ᠬᠠᠷᠢᠴᠠᠭ᠎ᠠ ᠶᠢᠨ ᠤᠷᠤᠭᠰᠢᠯᠠᠯᠲᠠ ᠶᠢᠨ ᠴᠢᠭᠯᠡᠯ ᠢ ᠪᠠᠲᠤ ᠡᠵᠡᠮᠳᠡᠬᠦ ᠬᠡᠷᠡᠭᠲᠡᠢ᠃ | ᠬᠤᠶᠠᠷ ᠲᠤ᠂ ᠬᠠᠷᠢᠯᠴᠠᠨ ᠠᠰᠢᠬᠳᠠᠢ ᠪᠠᠶᠢᠵᠥ ᠬᠠᠮᠳᠤ ᠪᠠᠷ ᠠᠰᠢᠬ ᠬᠦᠷᠳᠡᠬᠦ ᠬᠠᠮᠳᠤᠷᠠᠯᠴᠠᠭ᠎ᠠ ᠶᠢ ᠥᠷᠭᠡᠳᠬᠡᠶᠠ᠃ | ᠳᠤᠮᠳᠠᠳᠤ ᠤᠯᠤᠰ ᠳᠤᠷᠠᠲᠠᠶ᠎ᠠ ᠧᠦ᠋ᠷᠣᠫᠠ ᠶᠢᠨ ᠲᠠᠯ᠎ᠠ ᠯᠤᠭ᠎ᠠ ᠬᠤᠷᠢᠨ ᠭᠤᠷᠪᠠᠳᠤᠭᠠᠷ ᠤᠳᠠᠭᠠᠨ ᠤ ᠳᠤᠮᠳᠠᠳᠤ | ᠧᠦ᠋ᠷᠣᠫᠠ ᠶᠢᠨ ᠤᠳᠤᠷᠢᠳᠬᠤ ᠬᠥᠮᠦᠰ ᠤᠨ ᠠᠭᠤᠯᠵᠠᠯᠲᠠ ᠶᠢ ᠡᠷᠲᠡᠬᠡᠨ ᠬᠢᠵᠦ᠂ ᠪᠠᠶᠢᠯᠳᠤᠬᠤ ᠪᠣᠳᠣᠯᠭ᠎ᠠ᠂ ᠠᠵᠤ ᠠᠬᠤᠶ | ᠠᠷᠠᠯᠵᠢᠶ᠎ᠠ᠂ ᠰᠣᠶᠣᠯ ᠢᠷᠭᠡᠨᠰᠢᠯ᠂ ᠲᠤᠭᠠᠵᠢᠭᠤᠯᠤᠯᠳᠠ᠂ ᠠᠭᠤᠷ ᠠᠮᠢᠰᠬᠤᠯ ᠤᠨ ᠬᠦᠷᠢᠶᠡᠨ ᠤ ᠳᠡᠭᠡᠳᠦ ᠲᠠᠰ ᠤᠨ | ᠶᠠᠷᠢᠯᠴᠠᠭ᠎ᠠ ᠶᠢ ᠰᠠᠶᠢᠲᠤᠷ ᠬᠢᠵᠦ᠂ ᠳᠤᠮᠳᠠᠳᠤ ᠧᠦ᠋ᠷᠣᠫᠠ ᠶᠢᠨ ᠨᠠᠷᠢᠨ ᠲᠠᠩᠰᠠ ᠶᠢᠨ ᠪᠦᠲᠦᠭᠡᠭᠳᠡᠬᠦᠨ ᠢ ᠬᠠᠷᠢᠯᠴᠠᠨ | ᠮᠡᠳᠡᠷᠡᠵᠦ ᠬᠠᠷᠢᠯᠴᠠᠨ ᠬᠠᠮᠠᠭᠠᠯᠠᠬᠤ ᠶᠢ ᠠᠬᠢᠭᠤᠯᠵᠤ᠂ ᠬᠤᠶᠠᠷ ᠲᠠᠯ᠎ᠠ ᠶᠢᠨ ᠠᠷᠠᠳ ᠲᠦᠮᠡᠨ ᠤ ᠡᠳᠦᠷ ᠲᠤᠲᠤᠮ ᠤᠨ | ᠠᠮᠢᠳᠤᠷᠠᠯ ᠳᠤ ᠨᠠᠩ ᠣᠯᠠᠨ ᠪᠣᠳᠠᠲᠤ ᠠᠰᠢᠭ ᠬᠦᠷᠲᠡᠭᠡᠨ᠎ᠠ᠃ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ | ᠪᠠᠶᠢᠳᠠᠯ ᠢ ᠰᠡᠷᠭᠡᠶᠢᠯᠡᠨ ᠡᠵᠡᠮᠳᠡᠵᠦ ᠪᠠᠶᠢᠭ᠎ᠠ ᠪᠠᠶᠢᠳᠠᠯ ᠳᠤᠤᠷ᠎ᠠ᠂ ᠬᠥᠮᠦᠰ ᠤᠨ ᠬᠠᠷᠢᠯᠴᠠᠭ᠎ᠠ ᠶᠠᠪᠤᠯᠴᠠᠭ᠎ᠠ ᠶᠢᠨ ᠳᠦᠳᠡ | ᠵᠠᠮ ᠢ ᠲᠠᠰᠤᠷᠠᠯᠲᠠ ᠥᠬᠡᠶ ᠰᠢᠯᠢᠳᠡᠭᠵᠢᠭᠦᠯᠦᠶᠠ᠃ ᠳᠤᠮᠳᠠᠳᠤ ᠤᠯᠤᠰ ᠤᠨ ᠨᠡᠬᠡᠬᠡᠯᠳᠡ ᠪᠠᠨ ᠥᠷᠭᠡᠳᠬᠡᠬᠦ ᠠᠯᠬᠤᠴᠠ | ᠭᠤᠶᠢᠪᠢᠰᠢ ᠦᠬᠡᠢ ᠶᠤᠮ᠂ ᠧᠦ᠋ᠷᠣᠫᠠ ᠶᠢᠨ ᠲᠠᠯ᠎ᠠ ᠶᠢᠨ ᠬᠢᠨ ᠵᠠᠬ᠎ᠠ ᠳᠡᠯᠭᠡᠭᠦᠷ ᠤᠨ ᠵᠠᠷᠴᠢᠮ ᠢᠶᠠᠷ ᠳᠤᠮᠳᠠᠳᠤ ᠤᠯᠤᠰ ᠤᠨ | ᠠᠵᠤ ᠠᠬᠤᠶᠢᠯᠠᠯ ᠳᠤ ᠲᠥᠪ ᠭᠤᠣᠯᠴᠢ᠂ ᠢᠯᠡ ᠲᠣᠳᠣ᠂ ᠭᠠᠳᠠᠭᠤᠷᠴᠢᠯᠠᠯ ᠦᠬᠡᠢ ᠬᠤᠳᠠᠯᠳᠤᠭ᠎ᠠ ᠡᠷᠬᠢᠯᠡᠬᠦ ᠣᠷᠴᠢᠨ | ᠨᠥᠬᠦᠴᠡᠯ ᠬᠠᠩᠭᠠᠬᠤ ᠶᠢ ᠬᠦᠰᠡᠵᠦ ᠪᠠᠶᠢᠨ᠎ᠠ᠃ | ᠭᠤᠷᠪᠠ ᠳᠤ᠂ ᠵᠢᠩᠬᠢᠨᠢ ᠤᠯᠠᠨ ᠲᠠᠯᠠᠲᠤ ᠦᠵᠡᠯ ᠢ ᠬᠠᠮᠠᠭᠠᠯᠠᠶ᠎ᠠ᠃ ᠤᠯᠠᠨ ᠤᠯᠤᠰ ᠤᠨ ᠬᠤᠯᠪᠣᠭᠠᠲᠤ | ᠪᠠᠶᠢᠭᠤᠯᠭ᠎ᠠ ᠪᠠᠷ ᠭᠤᠣᠯ ᠪᠣᠯᠭᠠᠭᠰᠠᠨ ᠤᠯᠠᠨ ᠤᠯᠤᠰ ᠤᠨ ᠰᠢᠰᠲ᠋ᠧᠮ ᠪᠠ ᠤᠯᠠᠨ ᠤᠯᠤᠰ ᠤᠨ ᠬᠤᠯᠪᠣᠭᠠᠲᠤ | ᠪᠠᠶᠢᠭᠤᠯᠭ᠎ᠠ ᠶᠢᠨ ᠦᠨᠳᠦᠰᠦᠨ ᠳᠦᠷᠢᠮ ᠢᠶᠠᠷ ᠰᠠᠭᠤᠷᠢ ᠪᠣᠯᠭᠠᠭᠰᠠᠨ ᠤᠯᠠᠨ ᠤᠯᠤᠰ ᠤᠨ ᠬᠠᠷᠢᠯᠴᠠᠭᠠᠨ ᠤ ᠦᠨᠳᠦᠰᠦᠨ | ᠲᠦᠷᠢᠮ ᠢ ᠬᠠᠮᠠᠭᠠᠯᠠᠵᠤ᠂ ᠤᠯᠠᠨ ᠤᠯᠤᠰ ᠤᠨ ᠬᠡᠷᠡᠭ ᠶᠠᠪᠤᠳᠠᠯ ᠢ ᠤᠯᠠᠨ ᠢᠶᠠᠷ ᠢᠶᠠᠨ ᠰᠡᠳᠬᠢᠯ ᠲᠠᠶᠢᠪᠤᠭᠤ ᠪᠠᠷ ᠵᠥᠪᠳᠡᠯᠴᠡᠨ | ᠰᠢᠢᠳᠪᠦᠷᠢᠯᠡᠬᠦ ᠴᠢᠬᠤᠯᠠᠲᠠᠢ ᠶᠤᠮ᠃ ᠳᠤᠮᠳᠠᠳᠤ ᠤᠯᠤᠰ ᠳᠤᠷᠠᠲᠠᠶ᠎ᠠ ᠧᠦ᠋ᠷᠣᠫᠠ ᠶᠢᠨ ᠲᠠᠯ᠎ᠠ ᠶᠢᠨ ᠬᠢᠨ ᠲᠠᠢ ᠬᠠᠮᠲᠤ ᠪᠠᠷ | ᠺᠦᠨᠮᠢᠩ ᠤᠨ ︽ᠠᠮᠢᠳᠤ ᠪᠣᠳᠠᠰ ᠤᠨ ᠤᠯᠠᠨ ᠶᠠᠩᠵᠤᠲᠤ ᠴᠢᠨᠠᠷ ᠤᠨ ᠨᠡᠶᠢᠲᠡ ᠶᠢᠨ ᠭᠡᠷ᠎ᠡ︾ ᠶᠢᠨ ᠠᠷᠪᠠᠨ ᠲᠠᠪᠤᠳᠤᠭᠠᠷ | ᠤᠳᠠᠭ᠎ᠠ ᠶᠢᠨ ᠭᠡᠷᠡᠲᠦ ᠲᠠᠯ᠎ᠠ ᠶᠢᠨ ᠶᠡᠭᠡ ᠬᠤᠷᠠᠯ᠂ ︽ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠠᠭᠤᠷ | ᠠᠮᠢᠰᠬᠤᠯ ᠤᠨ ᠬᠤᠪᠢᠷᠠᠯᠲᠠ ᠶᠢᠨ ᠪᠤᠷᠤ ᠲᠦᠯᠦᠪ ᠤᠨ ᠨᠡᠶᠢᠲᠡ ᠶᠢᠨ ᠭᠡᠷ᠎ᠡ︾ ᠶᠢᠨ ᠬᠤᠷᠢᠨ ᠵᠢᠷᠭᠤᠳᠤᠭᠠᠷ ᠤᠳᠠᠭ᠎ᠠ ᠶᠢᠨ | ᠭᠡᠷᠡᠲᠦ ᠲᠠᠯ᠎ᠠ ᠶᠢᠨ ᠬᠤᠷᠠᠯ ᠳᠤ ᠴᠥᠮ ᠢᠳᠡᠪᠬᠢᠲᠡᠢ ᠦᠷ᠎ᠡ ᠪᠦᠲᠦᠭᠡᠯ ᠤᠯᠬᠤ ᠶᠢ ᠦᠨᠡᠨ ᠬᠦ ᠪᠠᠲᠤᠯᠠᠬᠤ ᠶᠢᠨ ᠬᠠᠮᠲᠤ | ᠳᠡᠯᠡᠬᠡᠢ ᠶᠢᠨ ᠠᠷᠠᠯᠵᠢᠶᠠᠨ ᠤ ᠵᠣᠬᠢᠶᠠᠨ ᠪᠠᠶᠢᠭᠤᠯᠤᠯᠲᠠ ᠶᠢᠨ ᠥᠭᠡᠷᠡᠴᠢᠯᠡᠯᠲᠡ ᠵᠥᠪ ᠴᠢᠭᠯᠡᠯ ᠢᠶᠠᠷ ᠬᠥᠭᠵᠢᠬᠦ ᠶᠢ ᠬᠠᠮᠲᠤ ᠪᠠᠷ | ᠬᠦᠳᠦᠯᠦᠨ ᠵᠢᠯᠣᠭᠤᠳᠴᠤ᠂ ᠪᠡᠭᠡᠵᠢᠩ ᠤᠨ ᠡᠪᠦᠯ ᠤᠨ ᠤᠯᠠᠷᠢᠯ ᠤᠨ ᠣᠯᠢᠮᠫᠢᠺ ᠤᠨ ᠲᠠᠮᠢᠷ ᠤᠨ ᠴᠤᠭᠯᠠᠭᠠᠨ ᠪᠣᠯᠤᠨ | ᠫᠠᠷᠢᠰ ᠤᠨ ᠵᠤᠨ ᠤ ᠤᠯᠠᠷᠢᠯ ᠤᠨ ᠣᠯᠢᠮᠫᠢᠺ ᠤᠨ ᠲᠠᠮᠢᠷ ᠤᠨ ᠴᠤᠭᠯᠠᠭᠠᠨ ᠢ ᠰᠠᠶᠢᠲᠤᠷ ᠡᠷᠬᠢᠯᠡᠬᠦ ᠶᠢ ᠬᠠᠷᠢᠯᠴᠠᠨ ᠳᠡᠮᠵᠢᠶ᠎ᠠ᠃ | | ᠳᠥᠷᠪᠡ ᠳᠤ᠂ ᠶᠡᠷᠦᠩᠬᠡᠢ ᠳᠡᠭᠡᠨ ᠲᠣᠭᠲᠠᠭᠤᠨ᠂ ᠲᠡᠩᠴᠡᠭᠦᠷᠢᠲᠡᠢ ᠬᠥᠭᠵᠢᠭᠰᠡᠨ ᠲᠤᠮᠤ ᠤᠯᠤᠰ ᠤᠨ ᠬᠠᠷᠢᠴᠠᠭ᠎ᠠ | ᠪᠠᠶᠢᠭᠤᠯᠬᠤ ᠶᠢ ᠪᠠᠷᠢᠮᠲᠠᠯᠠᠨ᠎ᠠ᠃ ᠳᠤᠮᠳᠠᠳᠤ ᠤᠯᠤᠰ ᠤᠨ ᠬᠠᠮᠤᠭ ᠠᠴᠠ ᠬᠦᠰᠡᠵᠦ ᠪᠠᠶᠢᠭ᠎ᠠ ᠨᠢ ᠥᠪᠡᠷ ᠢ ᠪᠠᠨ ᠰᠠᠶᠢᠲᠤᠷ | ᠬᠥᠭᠵᠢᠭᠦᠯᠬᠦ ᠶᠠᠪᠤᠳᠠᠯ ᠪᠣᠯᠤᠨ᠎ᠠ᠂ ᠬᠠᠷᠢᠨ ᠪᠤᠰᠤᠳ ᠢ ᠣᠷᠣᠯᠠᠬᠤ ᠶᠠᠪᠤᠳᠠᠯ ᠪᠢᠰᠢ ᠶᠤᠮ᠃ ᠳᠤᠮᠳᠠᠳᠤ ᠤᠯᠤᠰ ︽ᠨᠢᠭᠡ | ᠪᠦᠰᠡ ᠨᠢᠭᠡ ᠵᠠᠮ︾ ᠢ ᠬᠠᠮᠲᠤ ᠪᠠᠷ ᠪᠦᠲᠦᠭᠡᠨ ᠪᠠᠶᠢᠭᠤᠯᠬᠤ ᠰᠠᠨᠠᠭᠠᠴᠢᠯᠠᠭ᠎ᠠ ᠶᠢ ᠳᠤᠷᠠᠳᠤᠭᠰᠠᠨ ᠨᠢ ᠨᠡᠩ ᠤᠯᠠᠨ | ᠬᠠᠮᠲᠤ ᠪᠠᠷ ᠬᠥᠭᠵᠢᠬᠦ ᠠᠵᠠ ᠲᠣᠬᠢᠶᠠᠯ ᠢ ᠡᠭᠦᠳᠬᠦ ᠶᠢᠨ ᠲᠥᠯᠥᠭᠡ ᠶᠤᠮ᠃ ᠳᠤᠮᠳᠠᠳᠤ ᠤᠯᠤᠰ ᠳᠤᠷᠠᠲᠠᠶ᠎ᠠ ᠡᠯ᠎ᠡ | ᠲᠠᠯ᠎ᠠ ᠶᠢᠨ ᠬᠢᠨ ᠲᠠᠢ ᠶᠠᠷᠢᠯᠴᠠᠭ᠎ᠠ ᠬᠠᠮᠲᠤᠷᠠᠯᠴᠠᠭ᠎ᠠ ᠪᠠᠨ ᠴᠢᠩᠭᠠᠳᠬᠠᠬᠤ ᠶᠢᠨ ᠬᠠᠮᠲᠤ ᠲᠣᠰ ᠪᠡᠶ᠎ᠡ ᠶᠢᠨ ᠡᠷᠬᠡ ᠮᠡᠳᠡᠯ᠂ | ᠠᠮᠤᠷ ᠲᠦᠪᠰᠢᠨ᠂ ᠬᠥᠭᠵᠢᠯᠲᠡ ᠶᠢᠨ ᠠᠰᠢᠭ ᠲᠤᠰᠠ ᠪᠠᠨ ᠡᠷᠡᠰ ᠬᠠᠮᠠᠭᠠᠯᠠᠨ᠎ᠠ᠃ ᠧᠦ᠋ᠷᠣᠫᠠ ᠶᠢᠨ ᠲᠠᠯ᠎ᠠ ᠶᠢᠨ ᠬᠢᠨ ᠤᠯᠠᠨ | ᠤᠯᠤᠰ ᠤᠨ ᠬᠡᠷᠡᠭ ᠶᠠᠪᠤᠳᠠᠯ ᠳᠤ ᠨᠡᠩ ᠤᠯᠠᠨ ᠢᠳᠡᠪᠬᠢᠲᠡᠢ ᠦᠢᠯᠡᠳᠦᠯ ᠪᠠᠳᠠᠷᠠᠭᠤᠯᠵᠤ᠂ ᠪᠠᠶᠢᠯᠳᠤᠬᠤ ᠪᠤᠳᠤᠯᠭ᠎ᠠ ᠶᠢᠨ | ᠪᠡᠶ᠎ᠡ ᠪᠠᠨ ᠳᠠᠭᠠᠭᠠᠬᠤ ᠶᠢ ᠦᠨᠡᠨ ᠬᠦ ᠢᠯᠡᠷᠡᠭᠦᠯᠵᠦ᠂ ᠳᠡᠯᠡᠬᠡᠢ ᠶᠢᠨ ᠡᠩᠬᠡ ᠲᠠᠶᠢᠪᠤᠩ ᠲᠣᠭᠲᠠᠭᠤᠨ ᠪᠠᠶᠢᠳᠠᠯ ᠪᠠ ᠬᠥᠭᠵᠢᠯ | ᠴᠡᠴᠡᠭᠯᠡᠯ ᠢ ᠬᠠᠮᠲᠤ ᠪᠠᠷ ᠰᠠᠶᠢᠲᠤᠷ ᠬᠠᠮᠠᠭᠠᠯᠠᠬᠤ ᠶᠢ ᠬᠦᠰᠡᠵᠦ ᠪᠠᠶᠢᠨ᠎ᠠ᠃ | ᠭᠤᠷᠪᠠᠨ ᠤᠯᠤᠰ ᠤᠨ ᠤᠳᠤᠷᠢᠳᠬᠤ ᠬᠥᠮᠦᠰ ᠪᠠᠰᠠ ᠠᠹᠷᠢᠺᠠ ᠲᠢᠪ ᠤᠨ ᠵᠥᠪᠯᠡᠬᠦ ᠵᠦᠢᠯ ᠤᠨ ᠲᠤᠬᠠᠢ | ᠰᠠᠨᠠᠯ ᠢᠶᠠᠨ ᠰᠣᠯᠢᠯᠴᠠᠵᠠᠢ᠃ ᠰᠢ ᠶᠢᠨ ᠫᠢᠩ᠂ ᠠᠹᠷᠢᠺᠠ ᠲᠢᠪ ᠪᠣᠯ ᠬᠥᠭᠵᠢᠵᠦ ᠪᠠᠶᠢᠭ᠎ᠠ ᠤᠯᠤᠰ ᠬᠠᠮᠤᠭ ᠤᠨ | ᠲᠥᠪᠯᠡᠷᠡᠩᠭᠦᠶ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠲᠠᠢ ᠲᠡᠮᠡᠴᠡᠬᠦ ᠪᠠ ᠠᠵᠤ ᠠᠬᠤᠶ ᠶᠢᠨ | ᠰᠡᠷᠭᠦᠯᠲᠡ ᠶᠢ ᠪᠡᠶᠡᠯᠡᠭᠦᠯᠬᠦ ᠡᠭᠦᠷᠭᠡ ᠬᠠᠮᠤᠭ ᠤᠨ ᠪᠡᠷᠬᠡ ᠬᠠᠲᠠᠭᠤᠵᠢᠯᠲᠠᠶ ᠭᠠᠵᠠᠷ ᠣᠷᠣᠨ ᠮᠥᠨ᠂ ᠨᠠᠩ ᠴᠤ | ᠬᠥᠭᠵᠢᠯᠲᠡ ᠶᠢᠨ ᠳᠠᠯᠳᠠ ᠬᠦᠴᠦᠨ ᠢᠶᠠᠷ ᠬᠠᠮᠤᠭ ᠤᠨ ᠶᠡᠭᠡ ᠡᠬᠡ ᠬᠠᠭᠤᠷᠠᠶ ᠮᠥᠨ᠃ ᠳᠤᠮᠳᠠᠳᠤ ᠤᠯᠤᠰ ᠠᠹᠷᠢᠺᠠ | ᠲᠢᠪ ᠤᠨ 40 ᠭᠠᠷᠤᠢ ᠤᠯᠤᠰ ᠵᠢᠴᠢ ᠠᠹᠷᠢᠺᠠ ᠲᠢᠪ ᠤᠨ ᠤᠯᠤᠰ ᠤᠳ ᠤᠨ ᠬᠤᠯᠪᠣᠭ᠎ᠠ ᠶᠢᠨ ᠵᠥᠪᠯᠡᠯ ᠳᠤ ᠸᠠᠺᠼᠢᠨ | ᠬᠠᠩᠭᠠᠭᠰᠠᠨ ᠪᠥᠭᠡᠳ ᠤᠳᠤ ᠪᠠᠰᠠ ᠸᠠᠺᠼᠢᠨ ᠬᠠᠩᠭᠠᠵᠤ ᠪᠠᠶᠢᠨ᠎ᠠ᠂ ᠠᠹᠷᠢᠺᠠ ᠲᠢᠪ ᠤᠨ ᠬᠢᠨ ᠤ ᠸᠠᠺᠼᠢᠨ ᠢ ᠲᠤᠰ | ᠭᠠᠵᠠᠷ ᠲᠠᠭᠠᠨ ᠦᠢᠯᠡᠳᠪᠦᠷᠢᠯᠡᠬᠦ ᠴᠢᠳᠠᠪᠤᠷᠢ ᠪᠠᠨ ᠳᠡᠭᠡᠭᠰᠢᠯᠡᠭᠦᠯᠬᠦ ᠶᠢ ᠢᠳᠡᠪᠬᠢᠲᠡᠢ ᠲᠡᠮᠵᠢᠨ᠎ᠠ᠃ ᠳᠤᠮᠳᠠᠳᠤ ᠤᠯᠤᠰ | ᠨᠢᠭᠡᠨᠲᠡ ᠠᠹᠷᠢᠺᠠ ᠲᠢᠪ ᠤᠨ 19 ᠤᠯᠤᠰ ᠲᠠᠢ ᠥᠷᠢ ᠰᠢᠷᠢ ᠶᠢ ᠬᠤᠶᠢᠰᠢᠯᠠᠭᠤᠯᠬᠤ ᠵᠥᠪᠯᠡᠯᠴᠡᠭᠡᠷ ᠲᠤᠬᠢᠷᠠᠯᠴᠠᠭᠰᠠᠨ ᠪᠤᠶᠤ | ᠥᠷᠢ ᠰᠢᠷᠢ ᠶᠢ ᠬᠤᠶᠢᠰᠢᠯᠠᠭᠤᠯᠬᠤ ᠬᠠᠮᠲᠤ ᠶᠢᠨ ᠲᠠᠨᠢᠯᠲᠠ ᠲᠠᠢ ᠪᠣᠯᠤᠭᠰᠠᠨ ᠪᠥᠭᠡᠳ ︽ᠠᠹᠷᠢᠺᠠ ᠲᠢᠪ ᠤᠨ ᠪᠣᠬᠢᠷᠲᠤᠯ | ᠦᠭᠡᠢ ᠤᠷᠳᠤ ᠴᠠᠭᠠᠨ ᠬᠡᠷᠡᠮ︾ ᠵᠡᠷᠭᠡ ᠦᠷᠭᠦᠯᠵᠢᠯᠡᠬᠦ ᠬᠥᠭᠵᠢᠯᠲᠡ ᠶᠢᠨ ᠲᠥᠯᠥᠪᠯᠡᠭᠡ ᠳᠤ ᠪᠦᠲᠦᠭᠡᠯᠴᠢ ᠴᠢᠨᠠᠷᠲᠠᠢ | ᠣᠷᠣᠯᠴᠠᠪᠠ᠃ ᠧᠦ᠋ᠷᠣᠫᠠ ᠲᠢᠪ ᠤᠨ ᠬᠢᠨ ᠠᠹᠷᠢᠺᠠ ᠲᠢᠪ ᠲᠠᠬᠢ ᠳᠡᠮᠵᠢᠯᠭᠡ ᠪᠠ ᠬᠠᠪᠰᠤᠷᠤᠯᠭ᠎ᠠ ᠪᠠᠨ ᠨᠡᠮᠡᠭᠳᠡᠭᠦᠯᠵᠦ᠂ | ᠪᠠᠴᠢᠮ ᠬᠡᠷᠡᠭᠴᠡᠭᠡ ᠲᠠᠢ ᠠᠹᠷᠢᠺᠠ ᠲᠢᠪ ᠤᠨ ᠤᠯᠤᠰ ᠤᠳ ᠲᠤ ᠨᠡᠩ ᠤᠯᠠᠨ ᠸᠠᠺᠼᠢᠨ ᠬᠠᠩᠭᠠᠵᠤ᠂ ᠠᠹᠷᠢᠺᠠ ᠲᠢᠪ ᠢ | ᠬᠠᠪᠰᠤᠷᠤᠨ ᠥᠷᠢ ᠥᠭᠴᠡᠭᠡᠨ ᠤ ᠳᠠᠷᠤᠯᠲᠠ ᠶᠢ ᠰᠠᠶᠢᠲᠤᠷ ᠠᠷᠭᠠᠴᠠᠭᠠᠵᠤ᠂ ᠠᠹᠷᠢᠺᠠ ᠲᠢᠪ ᠤᠨ ᠠᠵᠤ ᠠᠬᠤᠢ ᠶᠢᠨ | ᠰᠡᠷᠭᠦᠯᠲᠡ ᠪᠠ ᠪᠣᠬᠢᠷᠲᠤᠯ ᠦᠭᠡᠢ ᠳᠤᠤᠷ᠎ᠠ ᠨᠡᠭᠦᠷᠡᠰᠦᠲᠥ᠋ᠷᠥᠭᠴᠢᠲᠦ ᠬᠥᠭᠵᠢᠯᠲᠡ ᠶᠢ ᠡᠷᠲᠡᠬᠡᠨ ᠪᠡᠶᠡᠯᠡᠭᠦᠯᠬᠦ ᠶᠢ ᠬᠦᠰᠡᠵᠦ | ᠪᠠᠶᠢᠨ᠎ᠠ᠃ ᠹᠷᠠᠨᠼᠢ᠂ ᠭᠧᠷᠮᠠᠨ ᠤ ᠳᠤᠮᠳᠠᠳᠤ ᠠᠹᠷᠢᠺᠠ ᠶᠢᠨ ᠬᠠᠮᠲᠤ ᠪᠠᠷ ᠰᠠᠨᠠᠭᠠᠴᠢᠯᠠᠭᠰᠠᠨ ︽ᠠᠹᠷᠢᠺᠠ ᠲᠢᠪ ᠤᠨ | ᠬᠦᠭᠵᠢᠯᠲᠠ ᠶᠢ ᠲᠡᠮᠵᠢᠬᠦ ᠬᠠᠨᠢᠲᠠᠠ ᠤ ᠰᠠᠨᠠᠭᠠᠴᠢᠯᠠᠭ᠎ᠠ︾ ᠠᠵᠢᠯᠯᠠᠭ᠎ᠠ ᠳᠤ ᠣᠷᠣᠯᠴᠠᠵᠤ᠂ ᠭᠤᠷᠪᠠᠨ ᠲᠠᠯ᠎ᠠ᠂ ᠲᠦᠷᠪᠡᠨ | ᠲᠠᠯ᠎ᠠ ᠪᠤᠶᠤ ᠤᠯᠠᠨ ᠲᠠᠯ᠎ᠠ ᠶᠢᠨ ᠬᠠᠮᠲᠤᠷᠠᠯᠴᠠᠭ᠎ᠠ ᠶᠢ ᠥᠷᠨᠢᠭᠦᠯᠬᠦ ᠶᠢ ᠪᠠᠶᠠᠷᠯᠠᠨ ᠤᠭᠲᠤᠵᠤ ᠪᠠᠶᠢᠨ᠎ᠠ ᠭᠡᠵᠦ ᠵᠢᠭᠠᠵᠤ | ᠭᠠᠷᠭᠠᠪᠠ᠃ | ᠮᠠᠶᠢᠺᠷᠤᠨ᠂ ᠥᠩᠭᠡᠷᠡᠭᠰᠡᠨ ᠬᠡᠳᠦᠨ ᠠᠷᠪᠠᠨ ᠵᠢᠯ ᠤᠨ ᠲᠤᠷᠰᠢ᠂ ᠳᠤᠮᠳᠠᠳᠤ ᠤᠯᠤᠰ ᠤᠨ ᠬᠥᠭᠵᠢᠯᠲᠡ ᠯᠤᠲᠤ | ᠶᠡᠭᠡ ᠠᠮᠵᠢᠯᠲᠠ ᠤᠯᠪᠠ᠂ ᠹᠷᠠᠨᠼᠢ ᠶᠢᠨ ᠲᠠᠯ᠎ᠠ ᠶᠢᠨ ᠬᠢᠨ ᠪᠣᠳᠠᠲᠠᠢ ᠶᠢ ᠡᠷᠬᠢᠮᠯᠡᠬᠦ ᠣᠪᠣᠷ ᠢᠶᠠᠷ ᠳᠤᠮᠳᠠᠳᠤ | ᠤᠯᠤᠰ ᠯᠤᠭ᠎ᠠ ᠶᠢᠨ ᠬᠠᠮᠲᠤᠷᠠᠯᠴᠠᠭ᠎ᠠ ᠶᠢ ᠦᠷᠭᠦᠯᠵᠢᠯᠡᠨ ᠠᠬᠢᠭᠤᠯᠬᠤ ᠪᠠᠷ ᠴᠢᠷᠮᠠᠶᠢᠵᠤ᠂ ᠧᠦ᠋ᠷᠣᠫᠠ ᠳᠤᠮᠳᠠᠳᠤ ᠶᠢᠨ ᠪᠡᠯᠡ | ᠣᠷᠣᠭᠤᠯᠤᠯᠲᠠ ᠶᠢᠨ ᠬᠡᠯᠡᠯᠴᠡᠭᠡᠷ ᠲᠤᠬᠢᠷᠠᠯᠴᠠᠬᠤ ᠶᠢ ᠲᠡᠮᠵᠢᠵᠤ᠂ ᠰᠣᠶᠣᠯ ᠢᠷᠭᠡᠨᠰᠢᠯ ᠤᠨ ᠰᠣᠯᠢᠯᠴᠠᠭ᠎ᠠ ᠶᠢ ᠴᠢᠩᠭᠠᠳᠬᠠᠵᠤ᠂ | ᠳᠤᠮᠳᠠᠳᠤ ᠤᠯᠤᠰ ᠤᠨ ᠠᠵᠤ ᠠᠬᠤᠶᠢᠯᠠᠯ ᠹᠷᠠᠨᠼᠢ ᠳᠤ ᠪᠡᠯᠡ ᠣᠷᠣᠭᠤᠯᠬᠤ ᠶᠢ ᠪᠠᠶᠠᠷᠯᠠᠨ ᠤᠭᠲᠤᠵᠤ ᠪᠠᠶᠢᠨ᠎ᠠ᠃ | ᠹᠷᠠᠨᠼᠢ ᠶᠢᠨ ᠬᠢᠨ ᠳᠤᠷᠠᠲᠠᠶ᠎ᠠ ᠳᠡᠯᠡᠬᠡᠢ ᠶᠢᠨ ᠠᠷᠠᠯᠵᠢᠶᠠᠨ ᠤ ᠵᠣᠬᠢᠶᠠᠨ ᠪᠠᠶᠢᠭᠤᠯᠤᠯᠲᠠ ᠶᠢᠨ ᠥᠭᠡᠷᠡᠴᠢᠯᠡᠯᠲᠡ᠂ ᠠᠭᠤᠷ | ᠠᠮᠢᠰᠬᠤᠯ ᠤᠨ ᠬᠤᠪᠢᠷᠠᠯᠲᠠ ᠶᠢ ᠠᠷᠭᠠᠴᠠᠭᠠᠬᠤ ᠪᠠ ᠠᠮᠢᠳᠤ ᠪᠣᠳᠠᠰ ᠤᠨ ᠤᠯᠠᠨ ᠶᠠᠩᠵᠤᠲᠤ ᠴᠢᠨᠠᠷ ᠢ ᠬᠠᠮᠠᠭᠠᠯᠠᠬᠤ ᠵᠡᠷᠭᠡ | ᠠᠰᠠᠭᠤᠳᠠᠯ ᠤᠨ ᠲᠤᠬᠠᠢ ᠳᠤᠮᠳᠠᠳᠤ ᠯᠤᠭ᠎ᠠ ᠶᠢᠨ ᠰᠤᠯᠢᠯᠴᠠᠭ᠎ᠠ ᠪᠠᠨ ᠦᠷᠭᠦᠯᠵᠢᠯᠡᠨ ᠪᠠᠲᠤᠯᠠᠵᠤ᠂ ᠺᠦᠨᠮᠢᠩ ᠤᠨ ︽ᠠᠮᠢᠳᠤ | ᠪᠣᠳᠠᠰ ᠤᠨ ᠤᠯᠠᠨ ᠶᠠᠩᠵᠤᠲᠤ ᠴᠢᠨᠠᠷ ᠤᠨ ᠨᠡᠶᠢᠲᠡ ᠶᠢᠨ ᠭᠡᠷ᠎ᠡ︾ ᠶᠢᠨ ᠠᠷᠪᠠᠨ ᠲᠠᠪᠤᠳᠤᠭᠠᠷ ᠤᠳᠠᠭ᠎ᠠ ᠶᠢᠨ ᠭᠡᠷᠡᠲᠦ | ᠲᠠᠯ᠎ᠠ ᠶᠢᠨ ᠶᠡᠭᠡ ᠬᠤᠷᠠᠯ ᠪᠣᠯᠤᠨ ᠮᠠᠷᠰᠸᠢ ᠶᠢᠨ ᠳᠣᠯᠣᠳᠤᠭᠠᠷ ᠬᠤᠭᠤᠴᠠᠭᠠᠨ ᠤ ᠳᠡᠯᠡᠬᠡᠢ ᠶᠢᠨ ᠪᠠᠶᠢᠭᠠᠯᠢ ᠶᠢᠨ | ᠬᠠᠮᠠᠭᠠᠯᠠᠯᠲᠠ ᠶᠢᠨ ᠶᠡᠭᠡ ᠬᠤᠷᠠᠯ ᠴᠥᠮ ᠠᠮᠵᠢᠯᠲᠠ ᠤᠯᠬᠤ ᠶᠢ ᠳᠡᠮᠵᠢᠨ᠎ᠠ᠃ ᠬᠥᠭᠵᠢᠵᠦ ᠪᠠᠶᠢᠭ᠎ᠠ ᠤᠯᠤᠰ ᠤᠳ ᠤᠨ | ᠸᠠᠺᠼᠢᠨ ᠢ ᠡᠷᠬᠡ ᠲᠡᠭᠰᠢ ᠪᠠᠷ ᠤᠯᠬᠤ ᠳᠤ ᠳᠤᠮᠳᠠᠳᠤ ᠤᠯᠤᠰ ᠤᠨ ᠦᠵᠡᠭᠦᠯᠦᠭᠰᠡᠨ ᠴᠢᠬᠤᠯᠠ ᠦᠢᠯᠡᠳᠦᠯ ᠢ | ᠹᠷᠠᠨᠼᠢ ᠶᠢᠨ ᠬᠢᠨ ᠮᠠᠭᠲᠠᠨ ᠰᠠᠶᠢᠰᠢᠶᠠᠵᠤ᠂ ᠳᠤᠷᠠᠲᠠᠶ᠎ᠠ ᠳᠤᠮᠳᠠᠳᠤ ᠤᠯᠤᠰ ᠯᠤᠭ᠎ᠠ ᠬᠠᠮᠲᠤᠷᠠᠯᠴᠠᠭ᠎ᠠ ᠪᠠᠨ ᠴᠢᠩᠭᠠᠳᠬᠠᠨ᠎ᠠ᠃ | ᠹᠷᠠᠨᠼᠢ ᠶᠢᠨ ᠲᠠᠯ᠎ᠠ ᠬᠤᠷᠢᠨ ᠤᠯᠤᠰ ᠤᠨ ᠪᠦᠯᠦᠭᠯᠡᠯ ᠤᠨ ᠬᠤᠯᠪᠤᠭᠲᠠᠯ ᠪᠦᠬᠦᠢ ᠥᠷᠢ ᠰᠢᠷᠢ ᠶᠢ ᠬᠤᠶᠢᠰᠢᠯᠠᠭᠤᠯᠬᠤ | ᠰᠠᠨᠠᠭᠠᠴᠢᠯᠠᠭ᠎ᠠ ᠶᠢ ᠨᠠᠶᠢᠳᠠᠪᠤᠷᠢᠵᠢᠭᠤᠯᠬᠤ ᠶᠢᠨ ᠲᠥᠯᠥᠭᠡ ᠳᠤᠮᠳᠠᠳᠤ ᠶᠢᠨ ᠲᠠᠯ᠎ᠠ ᠶᠢᠨ ᠭᠠᠷᠭᠠᠭᠰᠠᠨ ᠴᠢᠷᠮᠠᠶᠢᠯᠭ᠎ᠠ ᠶᠢ ᠳᠡᠭᠡᠳᠦ | ᠬᠡᠮᠵᠢᠶ᠎ᠡ ᠪᠠᠷ ᠦᠨᠡᠯᠡᠵᠦ᠂ ᠳᠤᠮᠳᠠᠳᠤ ᠶᠢᠨ ᠲᠠᠯ᠎ᠠ ᠲᠠᠢ ᠠᠹᠷᠢᠺᠠ ᠲᠢᠪ ᠤᠨ ᠪᠡᠯᠡ ᠨᠡᠶᠢᠯᠡᠭᠦᠯᠬᠦ᠂ ᠰᠤᠷᠭᠠᠨ ᠬᠥᠮᠦᠵᠢᠯ ᠢ | ᠬᠠᠪᠰᠤᠷᠬᠤ ᠵᠡᠷᠭᠡ ᠠᠰᠠᠭᠤᠳᠠᠯ ᠤᠨ ᠲᠤᠬᠠᠢ ᠵᠣᠬᠢᠴᠠᠭᠤᠯᠭ᠎ᠠ ᠪᠠᠨ ᠳᠤᠷᠠᠲᠠᠶ᠎ᠠ ᠦᠷᠭᠦᠯᠵᠢᠯᠡᠨ ᠴᠢᠩᠭᠠᠳᠬᠠᠨ᠎ᠠ ᠭᠡᠵᠦ | ᠢᠯᠡᠳᠬᠡᠪᠡ᠃ | ᠮᠤᠺᠧᠷ᠂ ᠳᠤᠮᠳᠠᠳᠤ ᠤᠯᠤᠰ ᠬᠢᠵᠢᠭ ᠤᠨ ᠪᠠᠶᠢᠳᠠᠯ ᠤᠨ ᠨᠥᠯᠥᠭᠡ ᠶᠢ ᠢᠯᠠᠨ ᠳᠠᠪᠠᠵᠤ᠂ ᠠᠵᠤ ᠠᠬᠤᠢ ᠶᠢᠨ | ᠰᠡᠷᠭᠦᠯᠲᠡ ᠬᠥᠭᠵᠢᠯᠲᠡ ᠶᠢ ᠪᠡᠶᠡᠯᠡᠭᠦᠯᠦᠭᠰᠡᠨ ᠳᠤ ᠪᠠᠶᠠᠷ ᠬᠦᠷᠭᠡᠵᠦ ᠪᠠᠶᠢᠨ᠎ᠠ᠃ ᠭᠧᠷᠮᠠᠨ ᠹᠷᠠᠨᠼᠢ ᠳᠤᠮᠳᠠᠳᠤ ᠤᠯᠤᠰ ᠤᠨ | ᠤᠳᠤᠷᠢᠳᠬᠤ ᠬᠥᠮᠦᠰ ᠰᠣᠯᠢᠯᠴᠠᠭ᠎ᠠ ᠪᠠᠨ ᠦᠷᠭᠦᠯᠵᠢᠯᠡᠬᠦᠯᠬᠦ ᠨᠢ ᠲᠦᠢᠯ ᠤᠨ ᠴᠢᠬᠤᠯᠠ ᠶᠤᠮ᠃ ᠭᠧᠷᠮᠠᠨ ᠤ ᠬᠢᠨ | ᠳᠤᠮᠳᠠᠳᠤ ᠶᠢᠨ ᠲᠠᠯ᠎ᠠ ᠲᠠᠢ ᠸᠠᠺᠼᠢᠨ ᠤ ᠭᠤᠣᠯᠴᠢ ᠦᠢᠯᠡᠳᠪᠦᠷᠢᠯᠡᠯ ᠬᠤᠪᠢᠶᠠᠷᠢᠯᠠᠯᠲᠠ ᠶᠢ ᠠᠬᠢᠭᠤᠯᠬᠤ᠂ ᠬᠥᠮᠦᠨ ᠪᠣᠯᠤᠨ | ᠠᠷᠠᠯᠵᠢᠶᠠᠨ ᠤ ᠶᠠᠪᠤᠯᠴᠠᠭ᠎ᠠ ᠶᠢ ᠰᠡᠷᠭᠦᠭᠡᠬᠦ ᠲᠠᠯ᠎ᠠ ᠪᠠᠷ ᠳᠤᠷᠠᠲᠠᠶ᠎ᠠ ᠵᠣᠬᠢᠴᠠᠭᠤᠯᠭ᠎ᠠ ᠬᠠᠮᠲᠤᠷᠠᠯᠴᠠᠭ᠎ᠠ ᠪᠠᠨ ᠴᠢᠩᠭᠠᠳᠬᠠᠨ᠎ᠠ᠃ | ᠧᠦ᠋ᠷᠣᠫᠠ ᠳᠤᠮᠳᠠᠳᠤ ᠶᠢᠨ ᠬᠠᠷᠢᠴᠠᠭ᠎ᠠ ᠮᠠᠰᠢ ᠴᠢᠬᠤᠯᠠ᠂ ᠬᠤᠶᠠᠷ ᠲᠠᠯ᠎ᠠ ᠶᠢᠨ ᠬᠠᠮᠲᠤ ᠶᠢᠨ ᠲᠠᠨᠢᠯᠲᠠ ᠮᠠᠰᠢ ᠤᠯᠠᠨ᠂ | ᠬᠠᠮᠲᠤᠷᠠᠯᠴᠠᠵᠤ ᠪᠣᠯᠬᠤ ᠬᠦᠷᠢᠶ᠎ᠡ ᠴᠠᠷᠠᠭ᠎ᠠ ᠮᠠᠰᠢ ᠤᠯᠠᠨ ᠪᠠᠶᠢᠨ᠎ᠠ᠂ ᠬᠠᠷᠢᠯᠴᠠᠨ ᠬᠦᠨᠳᠦᠳᠬᠡᠵᠦ᠂ ᠶᠠᠷᠢᠯᠴᠠᠭ᠎ᠠ ᠪᠠᠨ | ᠴᠢᠩᠭᠠᠳᠬᠠᠬᠤ ᠪᠠᠷ ᠲᠠᠮᠵᠢᠨ ᠵᠥᠷᠢᠯᠳᠦᠭᠡᠨ ᠢᠶᠠᠨ ᠪᠠᠭᠠᠰᠬᠠᠪᠠᠯ ᠵᠣᠬᠢᠨ᠎ᠠ᠃ ᠭᠧᠷᠮᠠᠨ ᠤ ᠬᠢᠨ ᠬᠤᠷᠢᠨ ᠭᠤᠷᠪᠠᠳᠤᠭᠠᠷ | ᠤᠳᠠᠭ᠎ᠠ ᠶᠢᠨ ᠧᠦ᠋ᠷᠣᠫᠠ ᠲᠢᠪ ᠤᠨ ᠤᠯᠤᠰ ᠤᠳ ᠤᠨ ᠬᠤᠯᠪᠣᠭ᠎ᠠ — ᠳᠤᠮᠳᠠᠳᠤ ᠤᠯᠤᠰ ᠤᠨ ᠤᠳᠤᠷᠢᠳᠬᠤ | ᠬᠥᠮᠦᠰ ᠤᠨ ᠠᠭᠤᠯᠵᠠᠯᠲᠠ ᠶᠢ ᠳᠠᠷᠤᠢ ᠲᠦᠷᠭᠡᠨ ᠬᠤᠷᠠᠯᠳᠤᠭᠤᠯᠬᠤ ᠶᠢ ᠳᠡᠮᠵᠢᠨ᠎ᠠ᠂ ᠧᠦ᠋ᠷᠣᠫᠠ ᠳᠤᠮᠳᠠᠳᠤ ᠶᠢᠨ ᠪᠡᠯᠡ | ᠣᠷᠣᠭᠤᠯᠤᠯᠲᠠ ᠶᠢᠨ ᠬᠡᠯᠡᠯᠴᠡᠭᠡᠷ ᠢ ᠳᠠᠷᠤᠢ ᠲᠦᠷᠭᠡᠨ ᠵᠥᠪᠰᠢᠶᠡᠷᠡᠬᠦ ᠶᠢ ᠬᠦᠰᠡᠵᠦ ᠪᠠᠶᠢᠨ᠎ᠠ᠃ ᠭᠧᠷᠮᠠᠨ ᠤ ᠬᠢᠨ ᠳᠤᠮᠳᠠᠳᠤ | ᠤᠯᠤᠰ ᠯᠤᠭ᠎ᠠ ᠤᠯᠠᠨ ᠤᠯᠤᠰ ᠤᠨ ᠬᠡᠷᠡᠭ ᠶᠠᠪᠤᠳᠠᠯ ᠤᠨ ᠬᠠᠮᠲᠤᠷᠠᠯᠴᠠᠭ᠎ᠠ ᠪᠠᠨ ᠴᠢᠩᠭᠠᠳᠬᠠᠬᠤ ᠶᠢ ᠬᠦᠰᠡᠵᠦ ᠪᠠᠶᠢᠨ᠎ᠠ᠂ | ᠳᠤᠮᠳᠠᠳᠤ ᠤᠯᠤᠰ ᠯᠤᠭ᠎ᠠ ᠠᠭᠤᠷ ᠠᠮᠢᠰᠬᠤᠯ ᠤᠨ ᠬᠤᠪᠢᠷᠠᠯᠲᠠ᠂ ᠠᠮᠢᠳᠤ ᠪᠣᠳᠠᠰ ᠤᠨ ᠤᠯᠠᠨ ᠶᠠᠩᠵᠤᠲᠤ ᠴᠢᠨᠠᠷ᠂ | ᠠᠹᠷᠢᠺᠠ ᠲᠢᠪ ᠤᠨ ᠬᠢᠵᠢᠭ ᠤᠨ ᠪᠠᠶᠢᠳᠠᠯ ᠢ ᠠᠷᠭᠠᠴᠠᠭᠠᠬᠤ ᠵᠡᠷᠭᠡ ᠠᠰᠠᠭᠤᠳᠠᠯ ᠤᠨ ᠲᠤᠬᠠᠢ ᠳᠤᠷᠠᠲᠠᠶ᠎ᠠ ᠢᠯᠡᠭᠦᠭᠡᠨ | ᠨᠡᠪᠳᠡᠷᠡᠯᠴᠡᠵᠦ᠂ ᠲᠤᠮᠲᠠᠲᠤ ᠠᠹᠷᠢᠺᠠ ᠶᠢᠨ ᠲᠤᠷᠠᠲᠤᠭᠰᠠᠠ ︽ᠠᠹᠷᠢᠺᠠ ᠲᠢᠪ ᠤᠨ ᠬᠦᠭᠵᠢᠯᠲᠠ ᠶᠢ ᠲᠡᠮᠵᠢᠬᠦ ᠬᠠᠨᠢᠲᠠᠠ ᠤ | ᠰᠠᠨᠠᠭᠠᠴᠢᠯᠠᠭ᠎ᠠ︾ ᠳᠤ ᠤᠷᠤᠯᠴᠠᠬᠤ ᠶᠢ ᠳᠤᠷᠠᠲᠠᠶ᠎ᠠ ᠢᠲᠡᠪᠬᠢᠲᠠᠢ ᠰᠤᠲᠤᠯᠤᠨᠠ ᠭᠡᠵᠦ ᠢᠯᠡᠳᠭᠡᠪᠡ᠃ | ᠭᠤᠷᠪᠠᠠ ᠤᠯᠤᠰ ᠤᠨ ᠤᠲᠤᠷᠢᠳᠬᠤ ᠬᠦᠮᠦᠰ ᠪᠠᠰᠠ ᠢᠷᠠᠠ ᠤ ᠴᠦᠮ᠎ᠠ ᠶᠢᠨ ᠵᠡᠪᠰᠡᠭ᠂ ᠠᠹᠭᠠᠨᠢᠰᠲ᠋ᠠᠠ᠂ ᠪᠢᠷᠮᠠ | ᠵᠡᠷᠭᠡ ᠠᠰᠠᠭᠤᠲᠠᠯ ᠤᠨ ᠲᠤᠬᠠᠢ ᠰᠠᠨᠠᠯ ᠢᠶᠠᠨ ᠰᠤᠯᠢᠯᠴᠠᠵᠠᠢ᠃ | ᠶᠠᠩ ᠵᠢᠶᠧ ᠤᠤᠢ᠂ ᠸᠠᠩ ᠢ᠂ ᠡᡁᠧ ᠯᠢ ᠹᠧᠩ ᠨᠠᠷ ᠲᠦᠷᠦᠭᠦᠴᠤᠳ ᠤᠨ ᠬᠤᠷᠠᠯ ᠳᠤ ᠤᠷᠤᠯᠴᠠᠵᠠᠢ᠃ | |