ᠲᠡᠦᠬᠡ ᠰᠤᠶᠤᠯ
ᠨᠡᠶᠢᠲᠡᠯᠡᠭᠰᠡᠨ ᠴᠠᠭ᠄
2018/5/15
       ᠬᠤᠩ ᠱᠠᠨ ᠲᠣᠭᠤᠷᠢᠭ ᠪᠣᠯ ᠳᠡᠯᠡᠬᠡᠢ ᠳ᠋ᠠᠬᠢᠨ ᠳᠤ ᠠᠯᠳᠠᠷᠰᠢᠭᠰᠠᠨ ︿ᠬᠤᠩ ᠱᠠᠨ ᠰᠣᠶᠣᠯ﹀ ᠢᠶᠠᠷ ᠨᠡᠷᠡᠶᠢᠳᠦᠭᠰᠡᠨ ᠭᠠᠵᠠᠷ ᠪᠣᠯᠣᠨ᠎ᠠ᠃ ᠴᠦᠨ ᠴᠢᠦ ᠪᠠᠶᠢᠯᠳᠤᠭᠠᠨᠳᠤ ᠤᠯᠤᠰ ᠠᠴᠠ ᠡᠬᠢᠯᠡᠨ᠂ ᠴᠢᠨ ᠬᠠᠨ ᠬᠤᠶᠠᠷ ᠶᠢᠨ ᠤᠯᠤᠰ᠂ ᠲᠠᠩ ᠰᠦᠩ ᠶᠤᠸᠠᠨ ᠮᠢᠩ ᠴᠢᠩ ᠤᠯᠤᠰ᠂ ᠠᠭᠤᠯᠠᠨ ᠠᠶᠢᠮᠠᠭ᠂ ᠳ᠋ᠦᠩᠬᠤ᠂ ᠰᠢᠶᠦ᠋ᠩᠨᠦ᠂ ᠵᠦᠷᠴᠢᠨ᠂ ᠮᠤᠩᠭᠤᠯ ᠵᠡᠷᠭᠡ ᠳᠤᠮᠳᠠᠳᠤ ᠶᠢᠨ ᠤᠮᠠᠷᠠᠳᠣ ᠣᠷᠣᠨ ᠤ ᠡᠷᠲᠡᠨ ᠤ ᠦᠨᠳᠦᠰᠦᠲᠡᠨ ᠪᠦᠷ ᠠᠳᠠ ᠤᠷᠤᠰᠢᠨ ᠠᠮᠢᠳᠤᠷᠠᠵᠤ᠂ ᠬᠤᠩ ᠱᠠᠨ ᠰᠣᠶᠣᠯ᠂ ᠲᠠᠯ᠎ᠠ ᠨᠤᠲᠤᠭ ᠤᠨ ᠰᠣᠶᠣᠯ᠂ ᠭᠢᠳᠠᠨ ᠯᠢᠶᠤᠤ ᠶᠢᠨ ᠰᠣᠶᠣᠯ᠂ ᠮᠣᠩᠭᠤᠯ ᠶᠤᠸᠠᠨ ᠤ ᠰᠣᠶᠣᠯ ᠮᠦᠨ ᠴᠦ ᠠᠳᠡ ᠰᠤᠯᠪᠢᠴᠠᠨ ᠤᠷᠤᠰᠢᠵᠤ ᠪᠠᠶᠢᠵᠠᠢ᠃ 1945 ᠣᠨ ᠳᠤ ᠣᠯᠠᠭᠠᠨᠬᠠᠳᠠ ᠬᠤᠳᠠ ᠶᠢᠨ ᠪᠠᠶᠢᠭᠤᠯᠤᠯ ᠤᠨ ᠳᠦᠷᠢᠮ ᠢ ᠲᠣᠬᠢᠷᠠᠭᠤᠯᠵᠤ᠂ 1952 ᠣᠨ ᠳᠤ ᠤᠯᠠᠭᠠᠨᠬᠠᠳᠠ ᠬᠤᠳᠠ ᠶᠢ ᠤᠯᠠᠭᠠᠨᠬᠠᠳᠠ ᠰᠢᠶᠠᠨ ᠳᠤ ᠨᠡᠶᠢᠯᠡᠭᠦᠯᠵᠤ᠂ ᠿᠧᠾᠧ ᠮᠣᠵᠢ ᠳᠤ ᠬᠠᠷᠢᠶᠠᠯᠠᠭᠤᠯᠵᠠᠢ᠃ 1958 ᠣᠨ ᠳᠤ ᠤᠯᠠᠭᠠᠨᠬᠠᠳᠠ ᠰᠢᠶᠠᠨ ᠢ ᠬᠦᠴᠦᠨ ᠦᠭᠡᠢ ᠪᠤᠯᠭᠠᠵᠤ᠂ ᠤᠯᠠᠭᠠᠨᠬᠠᠳᠠ ᠬᠤᠳᠠ ᠶᠢ ᠪᠠᠶᠢᠭᠤᠯᠵᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠤᠤ ᠤᠳᠠ ᠠᠶᠢᠮᠠᠭ ᠲᠤ ᠬᠠᠷᠢᠶᠠᠯᠠᠭᠤᠯᠵᠠᠢ᠃ 1983 ᠣᠨ ᠳᠤ ᠬᠤᠳᠠ ᠠᠴᠠ ᠰᠢᠶᠠᠨ ᠢ ᠬᠠᠮᠢᠶᠠᠷᠬᠤ ᠪᠠᠶᠢᠭᠤᠯᠤᠯ ᠢ ᠬᠡᠷᠡᠭᠵᠢᠭᠦᠯᠵᠦ᠂ ᠵᠤᠤ ᠤᠳᠠ ᠠᠶᠢᠮᠠᠭ ᠢ ᠤᠯᠠᠭᠠᠨᠬᠠᠳᠠ ᠬᠤᠳᠠ ᠭᠡᠮᠡᠨ ᠥᠭᠡᠷᠡᠴᠢᠯᠡᠵᠤ᠂ ᠤᠤᠯ ᠤᠨ ᠤᠯᠠᠭᠠᠨᠬᠠᠳᠠ ᠬᠤᠳᠠ ᠶᠢ ᠬᠤᠩ ᠱᠠᠨ ᠲᠤᠭᠤᠷᠢᠭ ᠭᠡᠵᠤ ᠥᠭᠡᠷᠡᠴᠢᠯᠡᠵᠡᠢ᠃        ᠨᠢᠭᠡ ᠵᠠᠭᠤᠨ ᠰᠢᠬᠠᠮ ᠤᠨ ᠰᠣᠳᠣᠯᠣᠯ ᠬᠠᠷᠠᠭᠤᠯᠤᠭᠰᠠᠨ ᠨᠢ᠂ ᠬᠤᠩ ᠱᠠᠨ ᠰᠣᠶᠣᠯ ᠪᠣᠯ ᠰᠢᠨ᠎ᠡ ᠴᠢᠯᠠᠭᠤᠨ ᠵᠡᠪᠰᠡᠭ ᠤᠨ ᠦᠶ᠎ᠡ ᠳᠤ ᠳᠤᠮᠳᠠᠳᠤ ᠤᠯᠤᠰ ᠤᠨ ᠤᠮᠠᠷᠠᠲᠤ ᠤᠷᠤᠨ ᠤ ᠪᠠᠷᠠᠭᠤᠨ ᠯᠢᠶᠣᠤᠾᠧ ᠭᠤᠣᠯ ᠤᠨ ᠰᠠᠪᠠ ᠭᠠᠵᠠᠷ ᠤᠨ ᠨᠢᠭᠡᠨ ᠶᠡᠭᠡ ᠬᠥᠭᠵᠢᠭᠰᠡᠨ ᠠᠩᠬᠠᠨ ᠤ ᠲᠠᠷᠢᠶᠠᠯᠠᠬᠤ ᠰᠣᠶᠣᠯ ᠮᠥᠨ᠃ ᠲᠡᠷᠡ ᠨᠢ ᠳᠤᠮᠳᠠᠳᠤ ᠶᠢᠨ ᠦᠨᠳᠦᠰᠦᠲᠡᠨ ᠤ ᠪᠣᠯᠪᠠᠰᠤᠨ ᠲᠡᠦᠬᠡ ᠶᠢ 1000 ᠭᠠᠷᠤᠢ ᠵᠢᠯ ᠤᠷᠤᠭᠰᠢ ᠠᠬᠢᠭᠤᠯᠵᠠᠢ᠃ 2012 ᠣᠨ ᠤ 11 ᠰᠠᠷ᠎ᠠ ᠳᠤ ᠬᠤᠩ ᠱᠠᠨ ᠬᠠᠭᠤᠴᠢ ᠪᠠᠭᠤᠷᠢ᠂ ᠸᠧᠢ ᠵᠢᠶᠠ ᠸᠦ᠋ ᠫᠦ᠋ ᠬᠠᠭᠤᠴᠢ ᠪᠠᠭᠤᠷᠢ ᠬᠢᠭᠡᠳ ᠴᠣᠣᠶᠠᠩ ᠬᠤᠳᠠ ᠶᠢᠨ ᠨᠢᠦᠢ ᠡᠾᠧ ᠯᠢᠶᠠᠩ ᠬᠠᠭᠤᠴᠢ ᠪᠠᠭᠤᠷᠢ ᠶᠢ ᠬᠠᠮᠳᠤ ᠪᠠᠷ ᠬᠤᠩ ᠱᠠᠨ ᠰᠣᠶᠣᠯ ᠤᠨ ᠬᠠᠭᠤᠴᠢ ᠪᠠᠭᠤᠷᠢ ᠪᠣᠯᠤᠨ ᠪᠦᠷᠢᠯᠳᠦᠭᠦᠯᠵᠦ᠂ ᠳᠡᠯᠡᠬᠡᠢ ᠶᠢᠨ ᠰᠣᠶᠣᠯ ᠤᠨ ᠦᠪ ᠤᠨ ᠲᠦᠷᠦᠯ ᠵᠦᠢᠯ ᠢᠶᠠᠷ ᠮᠡᠳᠡᠭᠦᠯᠦᠨ᠂ ᠭᠤᠷᠪᠠᠳᠣᠭᠠᠷ ᠤᠳᠠᠭ᠎ᠠ ᠰᠢᠨᠡᠳᠬᠡᠭᠰᠡᠨ ᠳᠣᠮᠳᠠᠳᠣ ᠤᠯᠤᠰ ᠤᠨ ᠳᠡᠯᠡᠬᠡᠢ ᠶᠢᠨ ᠰᠣᠶᠣᠯ ᠤᠨ ᠦᠪ ᠤᠨ ᠪᠠᠯᠡᠳᠬᠡᠯ ᠨᠡᠷᠡᠰ ᠲᠤ ᠵᠢᠭᠰᠠᠭᠠᠭᠰᠠᠨ ᠪᠠᠶᠢᠨ᠎ᠠ᠃ ᠣᠳᠣᠬᠠᠨ ᠳᠤ᠂ ᠪᠤᠳᠠᠰ ᠤᠨ ᠪᠤᠰᠤ ᠰᠣᠶᠣᠯ ᠤᠨ ᠦᠪ ᠢᠶᠠᠷ ᠮᠡᠳᠡᠭᠦᠯᠬᠦ ᠠᠵᠢᠯ ᠡᠮᠬᠢ ᠵᠢᠷᠤᠮ ᠲᠠᠢ ᠪᠠᠷ ᠶᠠᠪᠤᠭᠳᠠᠵᠤ ᠪᠠᠶᠢᠨ᠎ᠠ᠃        ᠬᠤᠩ ᠱᠠᠨ ᠬᠠᠭᠤᠴᠢ ᠪᠠᠭᠤᠷᠢ ᠶᠢᠨ ᠰᠦᠷᠦᠭᠵᠢᠯ ᠨᠢ ᠬᠤᠩ ᠱᠠᠨ ᠠᠭᠤᠯᠠᠨ ᠤ ᠣᠷᠴᠢᠮ ᠪᠠᠶᠢᠷᠢᠯᠠᠵᠤ᠂ ᠬᠠᠮᠠᠭᠠᠯᠠᠯᠲᠠ ᠶᠢᠨ ᠣᠷᠣᠨ ᠤ ᠶᠡᠷᠦᠩᠬᠡᠢ ᠲᠠᠯᠡᠪᠡᠢ ᠨᠢ ᠪᠠᠷᠤᠭ 10 ᠺᠦᠸᠠᠳ᠋ ᠺᠢᠯᠦᠮᠧᠲᠷ ᠪᠠᠶᠢᠵᠤ᠂ ᠣᠨ ᠵᠢᠯ ᠨᠢ ᠤᠳᠣ ᠠᠴᠠ 6000-3500 ᠵᠢᠯ ᠡᠮᠦᠨ᠎ᠡ᠃ ᠬᠠᠮᠠᠭᠠᠯᠠᠯᠳᠠ ᠶᠢᠨ ᠤᠷᠤᠨ ᠤ ᠳᠣᠳᠣᠷᠠᠬᠢ ᠲᠠᠷᠬᠠᠯᠲᠠ᠄ ① ᠬᠤᠩ ᠱᠠᠨ ᠰᠣᠶᠣᠯ ᠤᠨ ᠣᠷᠣᠨ ᠰᠠᠭᠤᠴᠠ ᠶᠢᠨ ᠪᠠᠭᠤᠷᠢ ᠳᠤ ᠡᠩᠨᠡᠷᠡᠨ ᠵᠢᠭᠰᠠᠭᠰᠠᠨ ᠤᠯᠠᠯᠵᠢᠨ ᠭᠡᠷ ᠤᠨ ᠪᠠᠭᠤᠷᠢ ᠪᠠᠶᠢᠵᠤ᠂ ᠶᠡᠭᠡ ᠬᠡᠮᠵᠢᠶᠡᠨ ᠤ ᠦᠩᠭᠡᠳᠤ ᠸᠠᠭᠠᠷ᠂ ᠡᠯᠡᠰᠦ ᠬᠠᠪᠴᠢᠭᠤᠯᠤᠭᠰᠠᠨ ᠸᠠᠭᠠᠷ ᠰᠠᠪᠠ ᠬᠢᠭᠡᠳ ᠤᠯᠠᠨ ᠳᠠᠪᠲᠠᠵᠤ ᠬᠢᠭᠰᠡᠨ᠂ ᠦᠷᠦᠵᠦ ᠦᠢᠯᠡᠳᠦᠭᠰᠡᠨ ᠴᠢᠯᠠᠭᠤᠨ ᠪᠠᠭᠠᠵᠢ᠂ ᠨᠠᠷᠢᠯᠢᠭ ᠴᠢᠯᠠᠭᠤᠨ ᠪᠠᠭᠠᠵᠢ᠂ ᠶᠠᠰᠤᠨ ᠬᠡᠷᠡᠭᠰᠡᠯ᠂ ᠬᠢᠰᠤᠭ᠎ᠠ ᠶᠢᠨ ᠬᠡᠷᠡᠭᠰᠡᠯ᠂ ᠠᠮᠢᠳᠠᠨ ᠤ ᠠᠷᠤᠭ ᠶᠠᠰᠤ ᠵᠡᠷᠭᠡ ᠲᠡᠦᠬᠡ ᠶᠢᠨ ᠳᠣᠷᠠᠰᠬᠠᠯᠳᠤ ᠵᠦᠢᠯ ᠨᠢ ᠬᠤᠩ ᠱᠠᠨ ᠰᠣᠶᠣᠯ ᠤᠨ ᠳᠣᠮᠳᠠᠴᠢ ᠬᠤᠭᠤᠴᠠᠭ᠎ᠠ ᠳᠤ ᠬᠠᠷᠢᠶᠠᠯᠠᠭᠳᠠᠵᠤ᠂ ᠤᠳᠣ ᠠᠴᠠ 6000-5500 ᠵᠢᠯ ᠡᠮᠦᠨ᠎ᠡ ᠪᠠᠶᠢᠵᠠᠢ᠃ ② ᠰᠢᠶᠠ ᠵᠢᠶᠠ ᠳ᠋ᠢᠶᠠᠨ ᠳᠤᠤᠷᠠᠳᠤ ᠳᠠᠪᠬᠤᠷᠭ᠎ᠠ ᠶᠢᠨ ᠰᠣᠶᠣᠯ ᠬᠢᠭᠡᠳ ᠰᠢᠶᠠ ᠵᠢᠶᠠ ᠳ᠋ᠢᠶᠠᠨ ᠳᠡᠭᠡᠳᠦ ᠳᠠᠪᠬᠤᠷᠭ᠎ᠠ ᠶᠢᠨ ᠰᠣᠶᠣᠯ ᠤᠨ ᠣᠷᠣᠨ ᠰᠠᠭᠤᠴᠠ ᠶᠢᠨ ᠬᠠᠭᠤᠴᠢ ᠪᠠᠭᠤᠷᠢ ᠳᠤ ᠣᠯᠠᠨ ᠠᠷᠪᠢᠨ ᠬᠤᠪᠤᠭᠤ᠂ ᠪᠠᠭᠪᠤᠷ ᠵᠡᠷᠭᠡ ᠬᠡᠮᠬᠡᠷᠬᠡᠢ ᠸᠠᠭᠠᠷ ᠰᠠᠪᠠ᠂ ᠠᠯᠤᠬ᠎ᠠ ᠰᠦᠬᠡ᠂ ᠬᠢᠳᠤᠭ᠎ᠠ ᠵᠡᠷᠭᠡ ᠴᠢᠯᠠᠭᠤᠨ ᠭᠡᠷᠡᠭᠰᠡᠯ ᠢ ᠢᠯᠡᠷᠡᠭᠦᠯᠵᠡᠢ᠃ ③ ᠰᠢᠶᠠ ᠵᠢᠶᠠ ᠳ᠋ᠢᠶᠠᠨ ᠳᠡᠬᠡᠳᠦ ᠳᠠᠪᠬᠤᠷᠭ᠎ᠠ ᠶᠢᠨ ᠰᠣᠶᠣᠯ ᠤᠨ ᠴᠢᠯᠠᠭᠤᠨ ᠠᠪᠰᠠᠨ ᠤᠩᠭᠤᠨ ᠨᠡᠶᠢᠲᠡ 300 ᠢᠯᠡᠭᠦᠦ ᠰᠠᠭᠤᠷᠢ ᠪᠠᠶᠢᠨ᠎ᠠ᠃ ④ ᠰᠢᠶᠠ ᠵᠢᠶᠠ ᠳ᠋ᠢᠶᠠᠨ ᠳᠤᠤᠷᠠᠳᠤ ᠳᠠᠪᠬᠤᠷᠭ᠎ᠠ ᠶᠢᠨ ᠰᠣᠶᠣᠯ ᠤᠨ ᠲᠠᠬᠢᠯᠭ᠎ᠠ ᠶᠢᠨ ᠪᠠᠭᠤᠷᠢ ᠨᠢ ᠤᠳᠣ ᠠᠴᠠ ᠪᠠᠷᠤᠭ 4000-3500 ᠵᠢᠯ ᠡᠮᠦᠨ᠎ᠡ ᠪᠠᠶᠢᠵᠠᠢ᠃        ᠡᠯ ᠳ᠋ᠤᠤ ᠵᠢᠩ ᠽᠢ ᠬᠠᠭᠤᠴᠢ ᠪᠠᠭᠤᠷᠢ ᠨᠢ ᠰᠢᠶᠠ ᠵᠢᠶᠠ ᠳ᠋ᠢᠶᠠᠨ ᠳᠤᠤᠷᠠᠳᠤ ᠳᠠᠪᠬᠤᠷᠭ᠎ᠠ ᠶᠢᠨ ᠬᠤᠭᠤᠴᠠᠭᠠᠨ ᠤ ᠰᠠᠭᠤᠷᠢᠰᠢᠯ ᠤᠨ ᠪᠠᠭᠤᠷᠢ ᠳᠤ ᠬᠠᠷᠢᠶᠠᠯᠠᠭᠳᠠᠨ᠂ ᠤᠳᠣ ᠠᠴᠠ ᠪᠠᠷᠤᠭ 4000-3500 ᠵᠢᠯ ᠡᠮᠦᠨ᠎ᠡ ᠪᠠᠶᠢᠵᠠᠢ᠃        ᠸᠧᠢ ᠵᠢᠶᠠ ᠸᠦ᠋ ᠫᠦ᠋ ᠬᠤᠩ ᠱᠠᠨ ᠰᠣᠶᠣᠯ ᠤᠨ ᠰᠠᠭᠤᠷᠢᠰᠢᠯ ᠤᠨ ᠪᠠᠭᠤᠷᠢ ᠨᠢ ᠬᠤᠩ ᠱᠠᠨ ᠰᠣᠶᠣᠯ ᠤᠨ ᠳᠤᠮᠳᠠ ᠡᠬᠢᠨ ᠤ ᠬᠤᠭᠤᠴᠠᠭ᠎ᠠ ᠳᠤ ᠬᠠᠷᠢᠶᠠᠯᠠᠭᠳᠠᠵᠤ᠂ ᠤᠳᠣ ᠠᠴᠠ 6000 ᠵᠢᠯ ᠡᠮᠦᠨ᠎ᠡ᠃ ᠬᠠᠭᠤᠴᠢ ᠪᠠᠭᠤᠷᠢ ᠶᠢᠨ ᠲᠠᠯᠠᠪᠡᠢ ᠨᠢ ᠪᠠᠷᠤᠭ 10 ᠲᠦᠮᠡᠨ ᠺᠦᠸᠠᠳ᠋ ᠺᠢᠯᠦᠮᠧᠲᠷ ᠪᠠᠶᠢᠵᠤ᠂ ᠮᠠᠯᠲᠠᠨ ᠢᠯᠡᠷᠡᠭᠦᠯᠦᠭᠰᠡᠨ ᠬᠠᠭᠤᠴᠢ ᠪᠠᠭᠤᠷᠢ 350 ᠭᠠᠷᠤᠢ ᠨᠢᠭᠡᠴᠡ ᠪᠠᠶᠢᠵᠤ᠂ ᠮᠠᠯᠳᠠᠵᠤ ᠭᠠᠷᠭᠠᠭᠰᠠᠨ ᠲᠡᠦᠬᠡ ᠶᠢᠨ ᠳᠣᠷᠠᠰᠬᠠᠯᠳᠤ ᠵᠦᠢᠯ ᠵᠢᠴᠢ ᠵᠠᠭᠪᠤᠷ ᠲᠦᠮᠡ ᠰᠢᠬᠠᠮ ᠪᠠᠶᠢᠨ᠎ᠠ᠃
 
ᠢᠷᠡᠯᠲᠡ᠄ ᠬᠤᠩ ᠱᠠᠨ ᠲᠤᠭᠤᠷᠢᠭ ᠤᠨ ᠵᠠᠰᠠᠭ ᠤᠨ ᠤᠷᠳᠤᠨ ᠤ ᠬᠢᠲᠠᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号