︽ᠳᠡᠯᠭᠡᠷ ᠬᠠᠩᠭᠠᠢ︾ ᠨᠤᠮ ᠤᠨ ᠲᠤᠬᠠᠢ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2018-03-12
       ᠵᠤᠬᠢᠶᠠᠭᠴᠢ ᠪᠦᠷᠢᠨᠲᠡᠭᠦᠰ        ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ᠂ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ ᠠᠴᠠ ᠬᠡᠪᠯᠡᠨ ᠲᠠᠷᠬᠠᠭᠠᠪᠠ᠃        ᠨᠢᠭᠡ        ᠵᠤᠨ ᠤ ᠨᠠᠷᠠ ᠵᠤᠯᠠᠢ ᠳᠡᠭᠡᠷ᠎ᠡ ᠠᠴᠠ ᠰᠢᠷᠠᠵᠤ ᠬᠤᠲᠠ ᠶᠢᠨ ᠨᠤᠬᠠᠢ ᠭᠡᠷ ᠤᠨ ᠰᠡᠭᠦᠳᠡᠷ ᠠᠴᠠ ᠲᠦᠭᠡ ᠵᠠᠶᠢᠳᠠᠬᠤ ᠦᠭᠡᠢ ᠠᠭᠠᠬᠢᠯᠠᠨ ᠬᠡᠪᠲᠡᠭᠰᠡᠨ ᠲᠡᠷᠡ ᠡᠷᠢᠨ ᠳᠤ ᠪᠢᠯᠡ᠃        ᠭᠤᠪᠢ ᠰᠢᠯᠢ ᠶᠢ ᠬᠦᠨᠳᠡᠯᠡᠨ ᠤᠭᠲᠤᠯᠤᠭᠰᠠ ᠬᠡᠷᠡᠮ ᠤᠨ ᠵᠠᠮ ᠢ ᠪᠠᠷᠢᠵᠤ᠂ ᠪᠤᠷᠤ ᠬᠤᠮ ᠲᠠᠢ ᠬᠦᠬᠡ ᠬᠦᠷᠡᠩ ᠦᠷᠢᠶ᠎ᠡ ᠰᠠᠨᠳᠠᠶᠢᠯᠠᠭᠰᠠᠨ ᠪᠦᠳᠦᠭᠦᠨ ᠬᠠᠷ᠎ᠠ ᠡᠷ᠎ᠡ ᠪᠠᠷᠠᠭᠤᠨᠰᠢᠯᠠᠨ ᠠᠯᠭᠤᠷ ᠠᠯᠬᠤᠭᠤᠯᠤᠨ᠎ᠠ᠃        ᠲᠡᠷᠡ ᠬᠦᠳᠡᠷᠯᠢᠭ ᠪᠤᠵᠠᠭᠠᠢ ᠪᠡᠶ᠎ᠡ ᠲᠠᠢ᠂ ᠬᠦᠷᠡᠩ ᠬᠠᠷ᠎ᠠ ᠴᠢᠷᠡᠢ ᠳᠤ ᠬᠡᠪ ᠲᠡᠩᠴᠡᠭᠰᠡᠨ ᠦᠳᠬᠡᠨ ᠬᠠᠷ᠎ᠠ ᠬᠦᠮᠦᠰᠬᠡ ᠪᠠᠨ ᠬᠠᠶᠠ ᠵᠠᠩᠭᠢᠳᠤᠨ ᠠᠯᠤᠰ ᠢ ᠬᠠᠷᠠᠬᠤ ᠳᠤ ᠵᠤᠵᠠᠭᠠᠨ ᠵᠤᠪᠬᠢ ᠲᠠᠢ ᠰᠢᠷᠦᠭᠦᠨ ᠬᠠᠷᠠᠴᠠ ᠨᠢ ᠭᠢᠯᠠᠯᠵᠠᠨ᠂ ᠵᠠᠩᠭᠢᠷᠠᠭᠰᠠᠨ ᠪᠤᠯᠴᠢᠩ ᠲᠠᠢ ᠦᠷᠭᠡᠨ ᠰᠢᠨᠠ ᠶᠢ ᠨᠢ ᠪᠠᠷᠢᠵᠤ ᠤᠷᠭᠤᠭᠰᠠᠨ ᠰᠢᠩᠭᠡᠪᠲᠦᠷᠬᠡᠨ ᠰᠠᠬᠠᠯ ᠰᠠᠨᠴᠢᠭ ᠢᠶᠠᠨ ᠪᠠᠭ᠎ᠠ ᠠᠴᠠ ᠪᠠᠨ ᠵᠤᠯᠭᠠᠭᠠᠭᠰᠠᠭᠠᠷ ᠪᠠᠶᠢᠵᠤ ᠡᠵᠢ ᠠᠴᠠ ᠵᠠᠶᠠᠭᠠᠭᠰᠠᠨ ᠭᠤᠸᠠᠯᠢᠭ ᠬᠦᠷᠦᠰᠦᠯᠢᠭ ᠴᠢᠷᠠᠢ ᠨᠢ ᠡᠪᠳᠡᠭᠲᠡᠨ ᠠᠳᠡ ᠲᠡᠨᠳᠡ ᠪᠠᠨ ᠭᠦᠳᠦᠭᠦᠷ ᠬᠤᠲᠤᠭᠤᠷ ᠲᠤᠯᠪᠤ ᠪᠡᠷᠰᠡᠭᠦᠦ ᠰᠠᠭᠤᠴᠢᠬᠠᠭᠰᠠᠨ ᠬᠠᠴᠠᠷ ᠢ  ᠨᠢ ᠲᠠᠭᠠᠨ ᠬᠠᠶᠠ ᠢᠨᠵᠠᠭᠠᠨ ᠤ ᠬᠤᠷᠭᠤᠯ ᠭᠡᠮᠡᠷ ᠬᠦᠯᠦᠰᠦᠨ ᠮᠦᠬᠦᠯᠢᠭ ᠭᠢᠯᠲᠠᠭᠠᠨᠠᠨ ᠪᠦᠮᠪᠦᠷᠢᠨ᠎ᠡ᠃ ᠦᠷᠭᠡᠨ ᠮᠦᠷᠦ ᠶᠢ ᠵᠦᠳᠡᠭᠦᠬᠡᠨ ᠪᠠᠭᠲᠠᠭᠠᠭᠰᠠᠨ ᠴᠢᠬᠤᠯᠬᠠᠨ ᠭᠠᠩᠳᠠᠮᠠᠯ ᠬᠦᠬᠡ ᠳᠠᠪᠤᠤ ᠲᠡᠷᠯᠢᠭ ᠤᠨ ᠵᠠᠭᠠᠮ᠎ᠠ ᠨᠢ ᠱᠠᠯ ᠫᠠᠯ ᠳᠡᠪᠲᠦᠵᠦ᠂ ᠵᠤᠵᠠᠭᠠᠪᠲᠤᠷᠬᠡᠨ ᠤᠷᠤᠭᠤᠯ ᠨᠢ ᠴᠠᠩᠭᠠᠬᠤ ᠳᠠᠭᠠᠨ ᠪᠢᠵᠡ᠂ ᠤᠰᠬᠤᠷᠳᠤᠨ ᠬᠠᠲᠠᠭᠰᠠᠨ ᠪᠠᠶᠢᠪᠠ᠃ ᠵᠠᠪᠠᠵᠢ ᠪᠠᠨ ᠪᠠᠶᠢᠨ ᠪᠠᠶᠢᠨ ᠵᠠᠭᠤᠬᠤ ᠪᠤᠶᠤ ᠤᠷᠤᠭᠤᠯ ᠢᠶᠠᠨ ᠳᠤᠯᠢᠶᠠᠨ ᠰᠢᠯᠦᠰᠦ ᠪᠠᠨ ᠵᠠᠯᠭᠢᠬᠤ ᠭᠡᠬᠦ ᠳᠤ᠂ ᠳᠡᠮᠡᠢ ᠯᠡ ᠲᠠᠮᠰᠢᠶᠠᠯᠠᠬᠤ ᠳᠠᠭᠤᠨ ᠭᠠᠷᠴᠤ ᠨᠢᠳᠤᠷᠭᠠᠨ ᠴᠢᠨᠡᠭᠡᠨ ᠲᠦᠪᠦᠩᠬᠡᠢ ᠨᠢ ᠬᠦᠷᠡᠰᠬᠢᠵᠦ ᠬᠦᠳᠡᠯᠪᠡᠴᠦ ᠴᠠᠭᠠᠰᠢ ᠳᠠᠪᠠᠭᠤᠯᠬᠤ ᠨᠢ ᠰᠢᠯᠦᠰᠦ ᠪᠢᠰᠢ ᠬᠡᠢ ᠪᠠᠶᠢᠯ᠎ᠠ᠃        ᠬᠦᠭᠡᠷᠦᠬᠦᠢ ᠡᠨᠡ ᠡᠷ᠎ᠡ ᠤᠮᠳᠠᠭᠠᠰᠴᠤ ᠬᠠᠯᠠᠭᠤᠴᠠᠬᠤ ᠶᠢᠨ ᠲᠤᠶᠢᠯ ᠪᠤᠯᠵᠤ ᠶᠠᠪᠤᠭ᠎ᠠ ᠪᠤᠯᠪᠠᠴᠦ ᠴᠠᠭᠠᠨ᠎ᠠ ᠪᠠᠨ ᠵᠦᠳᠡᠷᠡᠭᠰᠡᠨ ᠵᠤᠪᠠᠭᠰᠠᠨ ᠰᠢᠨᠵᠢ ᠪᠠᠶᠢᠳᠠᠯ ᠳᠡᠮᠡᠢ ᠬᠠᠷᠠᠭᠳᠠᠬᠤ ᠦᠭᠡᠢ᠃ ᠬᠡᠪ ᠨᠢᠭᠡ ᠲᠡᠭᠷᠢ ᠶᠢᠨ ᠬᠠᠶᠠᠭ᠎ᠠ ᠶᠢ ᠨᠢᠳᠦ ᠪᠠᠨ ᠰᠡᠶᠢᠮᠡᠶᠢᠯᠭᠡᠨ ᠬᠠᠷᠠᠵᠤ ᠠᠪᠤᠭᠠᠳ ᠤᠨᠤᠵᠤ ᠶᠠᠪᠤᠭ᠎ᠠ ᠬᠦᠬᠡ ᠬᠦᠷᠡᠩ ᠦᠷᠢᠶᠡᠨ ᠤ ᠪᠠᠨ ᠰᠤᠯᠪᠢᠴᠠᠯᠠᠨ ᠬᠠᠶᠢᠴᠢᠯᠠᠬᠤ ᠴᠢᠬᠢᠨ ᠤ ᠬᠢᠨᠢ ᠤᠮᠤᠭ ᠢ ᠬᠠᠷᠠᠨ ᠬᠠᠷᠠᠨ ᠰᠠᠨᠠᠭ᠎ᠠ ᠠᠯᠳᠠᠬᠤ ᠠᠴᠠ ᠦᠵᠡᠪᠡᠯ᠂ ᠭᠠᠵᠠᠷ ᠬᠤᠯᠠ ᠶᠢᠨ ᠠᠶᠠᠨ ᠳᠤ ᠨᠤᠶᠢᠲᠠᠨ ᠦᠷᠢᠶ᠎ᠡ ᠤᠨᠤᠵᠤ ᠶᠠᠪᠤᠬᠤ ᠲᠡᠭᠦᠨ ᠤ ᠰᠡᠳᠬᠢᠯ ᠢᠲᠡᠭᠡᠯ ᠠᠯᠳᠠᠭᠰᠠᠨ ᠲᠦᠯᠦᠪᠲᠡᠢ᠃        ᠡᠷ᠎ᠡ ᠪᠡᠶ᠎ᠡ ᠨᠢ ᠲᠡᠩᠴᠦ ᠠᠷᠬᠠᠶᠢᠵᠤ ᠲᠠᠷᠬᠠᠶᠢᠭᠠᠳ ᠪᠤᠵᠠᠭᠠᠢ ᠠᠴᠠ ᠪᠤᠯᠪᠠ ᠦᠦ᠂ ᠤᠨᠤᠵᠤ ᠶᠠᠪᠤᠭ᠎ᠠ ᠡᠭᠡᠮ ᠭᠡᠳᠡᠰᠦ ᠪᠠᠷ ᠢᠶᠠᠨ ᠰᠢᠷ᠎ᠠ ᠲᠠᠭᠠᠬᠢ ᠲᠠᠢ ᠬᠦᠬᠡ ᠬᠦᠷᠡᠩ ᠦᠷᠢᠶ᠎ᠡ ᠨᠢ ᠰᠠᠷᠪᠠ ᠰᠢᠭ᠋ ᠬᠠᠷᠠᠭᠳᠠᠵᠤ᠂ ᠡᠵᠡᠨ ᠤ ᠬᠢᠨᠢ ᠪᠠᠷᠢᠵᠤ ᠶᠠᠪᠤᠭ᠎ᠠ ᠪᠦᠳᠦᠭᠦᠨ ᠢᠷᠭᠠᠢ ᠲᠠᠰᠢᠭᠤᠷ ᠨᠢ ᠦᠷᠢᠶᠡᠨ ᠤ ᠬᠢᠨᠢ ᠰᠢᠯᠪᠢ ᠶᠢᠨ ᠶᠠᠰᠤ ᠠᠴᠠ ᠪᠦᠳᠦᠭᠦᠨ ᠰᠠᠨᠠᠭᠳᠠᠵᠤ ᠬᠠᠶᠠ ᠬᠤᠷᠤᠶᠢᠯᠵᠠᠭᠤᠯᠤᠨ ᠠᠪᠬᠤ ᠳᠤ ᠦᠷᠢᠶ᠎ᠡ ᠨᠢ ᠭᠤᠰᠢᠪᠠᠯᠵᠢᠨ ᠁        ᠭᠡᠵᠦ ︽ᠳᠡᠯᠭᠡᠷ ᠬᠠᠩᠭᠠᠢ︾ ᠶᠢᠨ ᠦᠯᠢᠭᠡᠷ ᠡᠬᠢᠯᠡᠳᠡᠭ ᠰᠠᠨ᠃ ᠬᠡᠷᠪᠡ ᠲᠠ ᠵᠠᠪ ᠲᠠᠢ ᠪᠤᠯᠤᠭᠠᠳ ᠰᠤᠨᠢᠷᠬᠠᠯ ᠲᠠᠢ ᠪᠤᠯ ᠲᠤᠰ ᠷᠤᠮᠠᠨ ᠢ ᠰᠤᠨᠢᠷᠬᠠᠭᠠᠷᠠᠢ᠃ ᠨᠡᠷᠡᠲᠦ ᠵᠤᠬᠢᠶᠠᠯᠴᠢ ᠶᠢᠨ ᠲᠦᠯᠦᠭᠡᠯᠡᠭᠴᠢ ᠪᠦᠲᠦᠭᠡᠯ ᠤᠨ ᠨᠢᠭᠡ ᠪᠤᠯᠤᠭᠰᠠᠨ ᠤ ᠬᠤᠪᠢ ᠳᠤ ᠲᠠᠨ ᠳᠤ ᠤᠶᠤᠨ ᠤ ᠬᠦᠷᠲᠡᠭᠡᠯ ᠪᠤᠯᠤᠨ᠎ᠠ ᠭᠡᠳᠡᠭ ᠲᠤ ᠡᠷᠡᠭᠡᠯᠵᠡᠬᠦ ᠦᠭᠡᠢ ᠪᠠᠶᠢᠨ᠎ᠠ᠃
 
ᠢᠷᠡᠯᠲᠡ᠄ ᠬᠤᠩ ᠱᠠᠨ ᠲᠤᠭᠤᠷᠢᠭ ᠤᠨ ᠵᠠᠰᠠᠭ ᠤᠨ ᠶᠠᠪᠤᠳᠠᠯ ᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号