ᠠᠳᠡᠯ ᠤᠨ ᠭᠠᠮᠰᠢᠭ ︵ᠬᠤᠶᠠᠷ︶
ᠨᠡᠶᠢᠲᠡᠯᠡᠭᠰᠡᠨ ᠴᠠᠭ᠄
2017-07-07
       ᠳᠡᠮᠦᠷ ᠵᠠᠮ ᠤᠨ ᠠᠳᠡᠯ        ᠳᠡᠮᠦᠷ ᠵᠠᠮ ᠤᠨ ᠠᠳᠡᠯ ᠬᠡᠳᠡᠭ ᠨᠢ ᠳᠡᠮᠦᠷ ᠵᠠᠮ ᠤᠨ ᠮᠠᠰᠢᠨ ᠬᠦᠳᠡᠯᠬᠡᠬᠦᠷ ᠠᠶᠠᠯᠠᠯ ᠤᠨ ᠵᠠᠮ ᠳᠤ ᠪᠠᠨ ᠮᠦᠷᠬᠦᠯᠳᠦᠬᠦ᠂ ᠵᠠᠮ ᠠᠴᠠ ᠪᠠᠨ ᠭᠠᠷᠬᠤ᠂ ᠭᠠᠯ ᠤᠨ ᠠᠶᠤᠯ ᠭᠠᠷᠬᠤ᠂ ᠳᠡᠯᠪᠡᠷᠡᠬᠦ ᠵᠡᠷᠬᠡ ᠠᠳᠡᠯ ᠡᠬᠦᠰᠴᠦ ᠬᠡᠪ ᠤᠨ ᠠᠶᠠᠯᠠᠯ ᠢ ᠨᠦᠯᠦᠬᠡᠯᠡᠬᠦ ᠶᠢ ᠵᠢᠭᠠᠵᠤ ᠪᠤᠢ᠃ ᠡᠬᠦᠨ ᠳᠤ ᠳᠡᠮᠦᠷ ᠵᠠᠮ ᠯᠤᠭ᠎ᠠ ᠬᠠᠮᠢᠶ᠎ᠠ ᠲᠠᠢ ᠠᠵᠢᠯ ᠬᠢᠬᠦ ᠪᠤᠶᠤ ᠳᠡᠮᠦᠷ ᠵᠠᠮ ᠤᠨ ᠠᠶᠠᠯᠠᠯ ᠢ ᠬᠠᠷᠰᠢᠯᠠᠬᠤ ᠶᠠᠪᠠᠭᠠᠨ ᠬᠦᠮᠦᠰ᠂ ᠬᠦᠳᠡᠯᠬᠡᠬᠦᠷᠳᠦ ᠮᠠᠰᠢᠨ᠂ ᠬᠦᠳᠡᠯᠬᠡᠬᠦᠷᠳᠦ ᠪᠤᠰᠤ ᠮᠠᠰᠢᠨ᠂ ᠮᠠᠯ ᠤᠨᠤᠭ᠎ᠠ ᠵᠢᠴᠢ ᠪᠤᠰᠤᠳ ᠬᠠᠷᠰᠢᠯᠠᠯ ᠠᠴᠠ ᠪᠤᠯᠤᠭᠰᠠᠨ ᠠᠳᠡᠯ ᠢ ᠪᠠᠭᠳᠠᠭᠠᠵᠤ ᠪᠤᠢ᠃        ᠰᠡᠷᠬᠡᠶᠢᠯᠡᠬᠦ ᠭᠤᠤᠯᠳᠠᠯᠭ᠎ᠠ        ● ᠳᠡᠮᠦᠷ ᠵᠠᠮ ᠢᠶᠠᠷ ᠠᠯᠬᠤᠵᠤ ᠪᠤᠯᠬᠤ ᠦᠬᠡᠢ᠂ ᠬᠡᠪᠳᠡᠬᠦ᠂ ᠵᠤᠭᠰᠤᠬᠤ ᠵᠢᠴᠢ ᠬᠦᠳᠡᠯᠬᠡᠬᠦᠷᠳᠦ ᠳᠡᠷᠬᠡᠨ ᠳᠤ ᠠᠪᠠᠷᠢᠨ ᠭᠠᠷᠴᠤ ᠨᠡᠩ ᠪᠤᠯᠬᠤ ᠦᠬᠡᠢ᠃ ᠳᠡᠮᠦᠷ ᠵᠠᠮ ᠤᠨ ᠰᠤᠯᠢᠪᠴᠢᠯ ᠢᠶᠠᠷ ᠦᠩᠬᠡᠷᠡᠬᠦ ᠳᠤ ᠪᠠᠨ ᠵᠢᠯᠤᠭᠤᠳᠤᠯᠭ᠎ᠠ ᠶᠢ ᠳᠠᠭᠠᠵᠤ ︽ᠨᠢᠬᠡ ᠳᠤ ᠵᠤᠭᠰᠤᠵᠤ᠂ ᠬᠤᠶᠠᠷ ᠲᠤ ᠦᠵᠡᠵᠦ᠂ ᠭᠤᠷᠪᠠ ᠳᠤ ᠦᠩᠬᠡᠷᠡᠨ ᠭᠠᠷᠬᠤ︾ ᠬᠡᠷᠡᠭᠳᠠᠢ᠃        ᠠᠷᠭᠠᠴᠠᠭᠠᠬᠤ ᠭᠤᠤᠯᠳᠠᠯᠭ᠎ᠠ        ● ᠭᠠᠯᠳᠤ ᠳᠡᠷᠬᠡ ᠰᠦᠷᠡᠬᠡᠢ ᠳᠤᠯᠬᠢᠰᠤᠨ ᠬᠦᠳᠡᠯᠬᠦ ᠢᠯᠡᠷᠡᠯ ᠭᠠᠷᠪᠠᠯ ᠯᠠᠪᠳᠠᠢ ᠵᠠᠮ ᠠᠴᠠ ᠪᠠᠨ ᠭᠠᠷᠤᠭᠰᠠᠨ ᠪᠤᠶᠤ ᠬᠡᠯᠪᠠᠶᠢᠭ᠍ᠰᠡᠨ ᠪᠠᠶᠢᠵᠤ ᠮᠡᠳᠡᠨ᠎ᠡ᠂ ᠳᠠᠷᠦ᠋ᠢᠬᠠᠨ ᠳᠡᠷᠬᠡᠨ ᠤ ᠪᠠᠬᠢᠯᠢᠭ᠌ ᠭᠠᠵᠠᠷ ᠠᠴᠠ ᠴᠢᠩᠭ᠎ᠠ ᠠᠳᠬᠤᠬᠤ ᠬᠡᠷᠡᠭᠳᠠᠢ᠃        ● ᠭᠠᠯᠳᠤ ᠳᠡᠷᠬᠡ ᠵᠠᠮ ᠠᠴᠠ ᠭᠠᠷᠬᠤ᠂ ᠤᠩᠬᠤᠯᠠᠬᠤ᠂ ᠮᠦᠷᠬᠦᠯᠳᠦᠬᠦ᠂ ᠭᠠᠯ ᠤᠨ ᠠᠶᠤᠯ᠂ ᠳᠡᠯᠪᠡᠷᠡᠯᠳᠡ ᠡᠬᠦᠰᠦᠭᠰᠡᠨ ᠦᠶᠡᠰ ᠯᠠᠪᠳᠠᠭᠤᠨ ᠳᠤᠭᠳᠠᠭᠤᠨ ᠢᠶᠠᠷ ᠠᠵᠢᠯᠳᠠᠳ ᠤᠨ ᠵᠢᠯᠤᠭᠤᠳᠤᠯᠭ᠎ᠠ ᠶᠢ ᠳᠠᠭᠠᠬᠤ ᠬᠡᠷᠡᠭᠳᠠᠢ᠃        ● ᠬᠢᠯᠪᠠᠷ ᠳᠡᠯᠪᠡᠷᠡᠬᠦ ᠪᠤᠳᠠᠰ᠂ ᠴᠢᠨᠠᠷ ᠬᠤᠪᠢᠷᠠᠭᠰᠠᠨ ᠪᠤᠳᠠᠰ ᠠᠴᠢᠶᠠᠯᠠᠭᠰᠠᠨ ᠭᠠᠯᠳᠤ ᠳᠡᠷᠬᠡ ᠵᠠᠮ ᠠᠴᠠ ᠭᠠᠷᠬᠤ᠂ ᠬᠦᠷᠪᠡᠬᠦ᠂ ᠬᠤᠤᠷᠠᠳᠤ ᠬᠡᠢ ᠯᠡᠪᠡᠷᠡᠬᠦ᠂ ᠳᠡᠯᠪᠡᠷᠡᠭᠰᠡᠨ ᠦᠶᠡᠰ ᠳᠦᠷᠬᠡᠬᠡᠨ ᠰᠠᠯᠬᠢᠨ ᠤ ᠳᠡᠬᠡᠷ᠎ᠡ ᠳᠠᠯ᠎ᠠ ᠳᠤ ᠨᠢ ᠭᠠᠷᠬᠤ ᠶᠢᠨ ᠬᠠᠮᠳᠤ ᠬᠡᠷᠡᠭ ᠮᠡᠳᠡᠬᠦᠯᠬᠦ ᠬᠡᠷᠡᠭᠳᠠᠢ᠃        ᠭᠠᠵᠠᠷ ᠳᠤᠤᠷᠠᠬᠢ ᠳᠡᠮᠦᠷ ᠵᠠᠮ ᠤᠨ ᠠᠳᠡᠯ        ᠭᠠᠵᠠᠷ ᠳᠤᠤᠷᠠᠬᠢ ᠳᠡᠮᠦᠷ ᠵᠠᠮ ᠤᠨ ᠠᠳᠡᠯ ᠬᠡᠳᠡᠭ ᠨᠢ ᠭᠠᠯᠳᠤ ᠳᠡᠷᠬᠡ᠂ ᠳᠡᠮᠦᠷ ᠵᠠᠮ ᠤᠨ ᠬᠡᠮᠳᠦᠯ ᠰᠠᠭᠠᠳ ᠬᠢᠬᠡᠳ ᠨᠦᠬᠡᠨ ᠵᠠᠮ ᠤᠨ ᠰᠢᠯᠳᠠᠭᠠᠨ ᠠᠴᠠ ᠪᠤᠯᠤᠭᠰᠠᠨ ᠢ ᠵᠢᠭᠠᠵᠤ ᠪᠤᠢ᠃        ᠰᠡᠷᠬᠡᠶᠢᠯᠡᠬᠦ ᠭᠤᠤᠯᠳᠠᠯᠭ᠎ᠠ        ● ᠳᠡᠮᠦᠷ ᠵᠠᠮ᠂ ᠨᠦᠬᠡᠨ ᠵᠠᠮ ᠵᠡᠷᠬᠡ ᠴᠠᠭᠠᠵᠠ ᠲᠠᠢ ᠤᠷᠤᠨ ᠳᠤ ᠤᠷᠤᠵᠤ ᠪᠤᠯᠬᠤ ᠦᠬᠡᠢ᠃ ᠳᠡᠮᠦᠷ ᠵᠠᠮ ᠳᠤ ᠡᠯᠳᠡᠪ ᠤᠨ ᠪᠤᠳᠠᠰ᠂ ᠬᠤᠭ ᠨᠤᠪᠰᠢ ᠬᠠᠶᠠᠵᠤ ᠪᠤᠯᠬᠤ ᠦᠬᠡᠢ᠃        ● ᠳᠡᠷᠬᠡ ᠬᠦᠯᠢᠶᠡᠬᠦ ᠳᠤ ᠪᠠᠨ ᠡᠮᠬᠢ ᠳᠠᠷᠠᠭ᠎ᠠ ᠲᠠᠢ ᠮᠦᠷᠯᠡᠵᠦ᠂ ᠰᠢᠷ᠎ᠠ ᠱᠤᠭᠤᠮ ᠤᠨ ᠭᠠᠳᠠᠨ᠎ᠠ ᠵᠤᠭᠰᠤᠵᠤ᠂ ᠳᠡᠷᠬᠡᠨ ᠳᠤ ᠪᠤᠯᠢᠶᠠᠯᠳᠤᠨ ᠭᠠᠷᠴᠤ ᠪᠠᠭᠤᠬᠤ ᠶᠢ ᠬᠢᠴᠢᠶᠡᠨ᠎ᠡ᠃ ᠳᠡᠷᠬᠡᠨ ᠡᠬᠦᠳᠡ ᠨᠡᠬᠡᠬᠡᠭᠳᠡᠵᠦ ᠬᠠᠭᠠᠭᠳᠠᠵᠤ ᠪᠠᠶᠢᠬᠤ ᠪᠤᠶᠤ ᠳᠤᠬᠢᠶᠠᠨ ᠳᠠᠭᠤᠨ ᠢᠶᠠᠷ ᠰᠡᠷᠡᠮᠵᠢ ᠦᠭᠴᠦ ᠪᠠᠶᠢᠭ᠎ᠠ ᠦᠶ᠎ᠡ ᠳᠤ ᠳᠡᠷᠬᠡᠨ ᠳᠤ ᠭᠠᠷᠴᠤ ᠪᠠᠭᠤᠵᠤ ᠪᠤᠯᠬᠤ ᠦᠬᠡᠢ᠂ ᠳᠡᠷᠬᠡᠨ ᠠᠴᠠ ᠪᠠᠭᠤᠬᠤ ᠦᠶ᠎ᠡ ᠳᠤ ᠬᠦᠯ ᠳᠤᠤᠷᠠᠬᠢ ᠪᠠᠨ ᠠᠩᠬᠠᠷᠤᠨ᠎ᠠ᠃        ᠠᠷᠭᠠᠴᠠᠭᠠᠬᠤ ᠭᠤᠤᠯᠳᠠᠯᠭ᠎ᠠ        ● ᠭᠠᠯ ᠤᠨ ᠠᠶᠤᠯ ᠡᠬᠦᠰᠦᠭᠰᠡᠨ ᠦᠶ᠎ᠡ ᠳᠤ ᠳᠠᠷᠦ᠋ᠢᠬᠠᠨ 119 ᠪᠤᠶᠤ ᠳᠡᠷᠬᠡᠨ ᠳᠤᠳᠤᠷᠠᠬᠢ ᠪᠠᠴᠢᠮ ᠮᠡᠳᠡᠬᠦᠯᠬᠦ ᠤᠳᠠᠰᠤ ᠶᠢ ᠳᠠᠷᠤᠨ᠎ᠠ᠃        ● ᠵᠢᠯᠤᠭᠤᠳᠤᠯᠭ᠎ᠠ ᠶᠢ ᠳᠠᠭᠠᠵᠤ᠂ ᠠᠶᠤᠯ ᠠᠴᠠ ᠵᠢᠭᠤᠳᠠᠬᠤ ᠵᠦᠪ ᠴᠢᠭᠯᠡᠯ ᠳᠡᠶᠢᠰᠢ ᠶᠠᠪᠤᠬᠤ ᠬᠡᠷᠡᠭᠳᠠᠢ᠃ ᠳᠡᠷᠬᠡ ᠵᠤᠭᠰᠤᠭᠰᠠᠨ ᠤ ᠳᠠᠷᠠᠭ᠎ᠠ ᠭᠠᠳᠠᠭᠰᠢ ᠭᠠᠷᠤᠨ᠎ᠠ᠃        ● ᠵᠠᠷᠢᠮ ᠪᠠᠴᠢᠮ ᠪᠠᠶᠢᠳᠠᠯ ᠳᠤ ᠭᠠᠯᠳᠤ ᠳᠡᠷᠬᠡ ᠳᠤᠷ᠎ᠠ ᠶᠢᠨ ᠨᠢᠬᠡᠨ ᠭᠠᠵᠠᠷ ᠵᠤᠭᠰᠤᠵᠤ ᠠᠶᠠᠨᠴᠢᠳ ᠢ ᠠᠶᠤᠯ ᠠᠴᠠ ᠵᠠᠶᠢᠯᠠᠭᠤᠯᠳᠠᠭ᠃ ᠡᠷᠬᠡᠪᠰᠢ ᠡᠮᠬᠢ ᠳᠢᠭᠯᠢᠮ ᠲᠠᠢ ᠪᠠᠷ ᠡᠬᠦᠳᠡ ᠪᠠᠷ ᠨᠢ ᠭᠠᠷᠴᠤ ᠤᠶᠢᠷᠠᠯᠴᠠᠭ᠎ᠠ ᠳᠡᠷᠬᠡᠨ ᠦᠷᠳᠡᠭᠡ ᠵᠦᠭ ᠶᠠᠪᠤᠬᠤ ᠬᠡᠷᠡᠭᠳᠠᠢ᠃        ● ᠭᠠᠳᠠᠭᠰᠢ ᠭᠠᠷᠬᠤ ᠳᠤ ᠵᠠᠮ ᠢᠶᠠᠨ ᠰᠠᠶᠢᠨ ᠦᠵᠡᠨ᠎ᠡ᠂ ᠪᠤᠰᠤᠳ ᠨᠦᠬᠡᠨ ᠵᠠᠮ ᠳᠤ ᠤᠷᠤᠬᠤ ᠠᠴᠠ ᠬᠢᠴᠢᠶᠡᠨ᠎ᠡ᠃
 
ᠢᠷᠡᠯᠲᠡ᠄ ᠠᠷᠤ ᠬᠤᠷᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号