ᠠᠳᠡᠯ ᠤᠨ ᠭᠠᠮᠰᠢᠭ ︵ᠭᠤᠷᠪᠠ︶
ᠨᠡᠶᠢᠲᠡᠯᠡᠭᠰᠡᠨ ᠴᠠᠭ᠄
2017-07-07
       ᠤᠰᠤᠨ ᠳᠡᠬᠡᠷᠡᠬᠢ ᠵᠠᠮ ᠬᠠᠷᠢᠯᠴᠠᠭ᠎ᠠ ᠶᠢᠨ ᠠᠳᠡᠯ        ᠤᠰᠤᠨ ᠳᠡᠬᠡᠷᠡᠬᠢ ᠵᠠᠮ ᠬᠠᠷᠢᠯᠴᠠᠭ᠎ᠠ ᠶᠢᠨ ᠠᠳᠡᠯ ᠬᠡᠳᠡᠭ ᠨᠢ ᠤᠩᠭᠤᠴᠠ᠂ ᠬᠦᠪᠪᠦᠮᠡᠯ ᠳᠦᠬᠦᠬᠡᠷᠦᠮᠵᠢ ᠶᠢᠨ ᠳᠠᠯᠠᠢ ᠳᠠᠩᠬᠢᠰ᠂ ᠳᠠᠯᠠᠢ ᠳᠠᠭᠠᠥ ᠤᠷᠤᠨ ᠪᠤᠶᠤ ᠳᠤᠳᠤᠭᠠᠳᠤ ᠭᠤᠤᠯ ᠮᠦᠷᠡᠨ ᠤ ᠠᠶᠠᠯᠠᠯ ᠤᠨ ᠵᠠᠮ ᠳᠤ ᠭᠠᠷᠤᠭᠰᠠᠨ ᠠᠳᠡᠯ ᠢ ᠵᠢᠭᠠᠵᠤ ᠪᠤᠢ᠃        ᠰᠡᠷᠬᠡᠶᠢᠯᠡᠬᠦ ᠭᠤᠤᠯᠳᠠᠯᠭ᠎ᠠ        ᠠᠶᠠᠨᠴᠢᠳ ᠤᠩᠭᠤᠴᠠᠨ ᠳᠡᠬᠡᠷᠡᠬᠢ ᠪᠠᠴᠢᠮ ᠠᠷᠭᠠᠴᠠᠭᠠᠬᠤ ᠵᠠᠮ ᠭᠤᠳᠤᠮ ᠢ ᠰᠠᠶᠢᠳᠤᠷ ᠡᠵᠡᠮᠰᠢᠵᠦ᠂ ᠭᠠᠷᠬᠤ ᠡᠬᠦᠳᠡ᠂ ᠠᠪᠤᠷᠠᠨ ᠳᠤᠰᠠᠯᠠᠬᠤ᠂ ᠭᠠᠯ ᠰᠡᠷᠬᠡᠶᠢᠯᠡᠬᠦ ᠳᠦᠬᠦᠬᠡᠷᠦᠮᠵᠢ ᠶᠢ ᠨᠢᠮᠪᠠᠢ ᠤᠶᠢᠯᠠᠭᠠᠨ᠎ᠠ᠃        ᠠᠷᠭᠠᠴᠠᠭᠠᠬᠤ ᠭᠤᠤᠯᠳᠠᠯᠭ᠎ᠠ        ● ᠤᠩᠭᠤᠴᠠᠨ ᠳᠡᠬᠡᠷ᠎ᠡ ᠠᠶᠤᠯᠳᠤ ᠪᠠᠶᠢᠳᠠᠯ ᠢᠯᠡᠷᠡᠪᠡᠯ ᠳᠠᠷᠦ᠋ᠢᠬᠠᠨ ᠤᠩᠭᠤᠴᠠᠨ ᠳᠠᠷᠤᠭ᠎ᠠ ᠪᠤᠶᠤ ᠤᠩᠭᠤᠴᠠᠴᠢᠨ ᠳᠤ ᠮᠡᠳᠡᠬᠦᠯᠦᠨ᠎ᠡ᠃ ᠠᠶᠤᠨ ᠬᠡᠯᠮᠡᠭᠳᠡᠵᠦ ᠪᠤᠯᠬᠤ ᠦᠬᠡᠢ᠂ ᠡᠮᠬᠢ ᠳᠢᠭᠯᠢᠮ ᠲᠠᠢ ᠵᠠᠶᠢᠯᠠᠨ᠎ᠠ᠃        ● ᠠᠪᠤᠷᠠᠯᠳᠠ ᠶᠢᠨ ᠳᠦᠬᠦᠬᠡᠷᠦᠮᠵᠢ ᠶᠢ ᠠᠰᠢᠭᠯᠠᠨ ᠳᠦᠷᠬᠡᠬᠡᠨ ᠠᠶᠤᠯ ᠠᠴᠠ ᠵᠢᠭᠤᠳᠠᠨ ᠬᠡᠷᠡᠭ ᠮᠡᠳᠡᠬᠦᠯᠦᠨ᠎ᠡ᠃        ᠤᠰᠤᠨ ᠳᠤ ᠤᠷᠤᠭᠰᠠᠨ ᠤ ᠳᠠᠷᠠᠭ᠎ᠠ ᠠᠶᠤᠯᠳᠤ ᠤᠩᠭᠤᠴᠠ ᠠᠴᠠ ᠳᠦᠷᠬᠡᠬᠡᠨ ᠵᠠᠶᠢᠯᠠᠵᠤ ᠠᠳᠡᠯ ᠢ ᠰᠡᠷᠬᠡᠶᠢᠯᠡᠨ᠎ᠡ᠃ ᠤᠰᠤᠨ ᠳᠤ ᠵᠢᠪᠪᠦᠪᠡᠯ ᠠᠮᠠ ᠬᠠᠮᠠᠷ ᠢᠶᠠᠨ ᠴᠢᠩᠭ᠎ᠠ ᠳᠠᠷᠤᠵᠤ ᠳᠤᠯᠤᠭᠠᠢ ᠪᠠᠨ ᠡᠷᠬᠦᠨ᠎ᠡ᠃ ᠪᠡᠶ᠎ᠡ ᠪᠠᠨ ᠬᠠᠵᠠᠶᠢᠯᠭᠠᠨ ᠠᠭᠠᠵᠢᠮ ᠢᠶᠠᠷ ᠤᠰᠤᠨ ᠳᠤ ᠬᠦᠪᠪᠦᠨ᠎ᠡ᠃        ● ᠤᠩᠭᠤᠴᠠ ᠤᠶᠢᠷᠠᠳᠤᠨ ᠢᠷᠡᠬᠦ ᠦᠶᠡᠰ ᠠᠪᠤᠷᠠᠯᠳᠠ ᠶᠢᠨ ᠪᠦᠷᠢᠶ᠎ᠡ ᠵᠡᠷᠬᠡ ᠪᠠᠷ ᠠᠪᠤᠷᠠᠯᠳᠠ ᠬᠦᠰᠡᠨ᠎ᠡ        ᠠᠷᠠᠳ ᠤᠨ ᠬᠡᠷᠡᠭᠯᠡᠬᠡᠨ ᠤ ᠨᠢᠰᠬᠡᠯ ᠤᠨ ᠠᠶᠠᠯᠠᠯ ᠤᠨ ᠠᠳᠡᠯ        ᠠᠷᠠᠳ ᠤᠨ ᠬᠡᠷᠡᠭᠯᠡᠬᠡᠨ ᠤ ᠨᠢᠰᠬᠡᠯ ᠤᠨ ᠠᠶᠠᠯᠠᠯ ᠤᠨ ᠠᠳᠡᠯ ᠬᠡᠳᠡᠭ ᠨᠢ ᠤᠯᠠᠨ ᠨᠡᠶᠢᠳᠡ ᠶᠢᠨ ᠠᠭᠠᠷ ᠤᠨ ᠠᠶᠠᠯᠠᠯ ᠤᠨ ᠨᠢᠰᠬᠡᠯ ᠨᠢ ᠳᠡᠬᠡᠬᠡᠪᠦᠷᠢ ᠶᠢᠨ ᠶᠠᠪᠤᠴᠠ ᠳᠤ ᠳᠠᠷᠤᠢ ᠨᠢᠰᠬᠡᠯ ᠳᠤ ᠭᠠᠷᠴᠤ ᠡᠬᠢᠯᠡᠨ ᠨᠢᠰᠬᠦ ᠪᠡᠯᠡᠳᠬᠡᠯ ᠠᠴᠠ ᠳᠤᠭᠳᠠᠭᠰᠠᠨ ᠭᠠᠵᠠᠷ ᠲᠤ ᠪᠠᠨ ᠬᠦᠷᠴᠦ ᠨᠢᠰᠬᠡᠯ ᠠᠴᠠ ᠰᠠᠯᠬᠤ ᠪᠤᠯᠳᠠᠯ᠎ᠠ ᠬᠤᠭᠤᠴᠠᠭᠠᠨ ᠳᠤ ᠡᠬᠦᠰᠦᠭᠰᠡᠨ ᠳᠤᠰ ᠳᠡᠬᠡᠬᠡᠪᠦᠷᠢ ᠶᠢᠨ ᠳᠦᠬᠦᠬᠡᠷᠦᠮᠵᠢ ᠶᠢᠨ ᠬᠠᠮᠢᠶ᠎ᠠ ᠪᠦᠬᠦᠢ ᠬᠦᠮᠦᠨ ᠢ ᠰᠢᠷᠬᠠᠳᠤᠭᠤᠯᠤᠭᠰᠠᠨ ᠪᠤᠶᠤ ᠦᠬᠦᠬᠦᠯᠦᠭᠰᠡᠨ ᠠᠳᠡᠯ ᠢ ᠵᠢᠭᠠᠵᠤ ᠪᠤᠢ᠃        ᠠᠷᠭᠠᠴᠠᠭᠠᠬᠤ ᠭᠤᠤᠯᠳᠠᠯᠭ᠎ᠠ        ● ᠪᠠᠴᠢᠮ ᠭᠠᠵᠠᠷᠳᠠᠬᠤ ᠪᠤᠶᠤ ᠠᠯᠪᠠ ᠪᠠᠷ ᠭᠠᠵᠠᠷᠳᠠᠬᠤ ᠦᠶᠡᠰ ᠪᠡᠶ᠎ᠡ ᠶᠢᠨ ᠪᠠᠶᠢᠳᠠᠯ ᠢᠶᠠᠨ ᠵᠦᠪ ᠡᠵᠡᠮᠳᠡᠨ᠎ᠡ᠃ ᠠᠵᠢᠯᠳᠠᠳ ᠤᠨ ᠵᠢᠯᠤᠭᠤᠳᠤᠯᠭ᠎ᠠ ᠶᠢ ᠳᠠᠭᠠᠵᠤ᠂ ᠪᠠᠴᠢᠮ ᠠᠪᠤᠷᠠᠯᠳᠠ ᠶᠢᠨ ᠡᠬᠦᠳᠡ ᠪᠠᠷ ᠡᠮᠬᠢ ᠳᠢᠭᠯᠢᠮ ᠲᠠᠢ ᠳᠦᠷᠬᠡᠬᠡᠨ ᠭᠤᠯᠭᠤᠷᠢᠨ ᠭᠠᠷᠬᠤ ᠬᠡᠷᠡᠭᠳᠠᠢ᠃        ● ᠨᠢᠰᠬᠡᠯ ᠤᠨ ᠳᠤᠳᠤᠷ᠎ᠠ ᠮᠠᠨᠠᠨᠳᠠᠬᠤ ᠳᠤ ᠬᠦᠷᠪᠡᠯ ᠳᠤᠯᠤᠭᠠᠢ ᠪᠠᠨ ᠬᠠᠮᠤᠭ ᠳᠤᠤᠷ᠎ᠠ ᠬᠡᠮᠵᠢᠶᠡᠨ ᠳᠤ ᠬᠦᠷᠳᠡᠯ᠎ᠡ ᠪᠦᠬᠦ᠋ᠢᠵᠦ ᠰᠠᠶᠢᠳᠤᠷ ᠠᠮᠰᠢᠬᠤᠯ ᠠᠪᠴᠤ᠂ ᠨᠦᠢᠳᠠᠨ ᠠᠯᠴᠢᠭᠤᠷ ᠵᠡᠷᠬᠡ ᠪᠠᠷ ᠠᠮᠠ ᠪᠠᠨ ᠪᠦᠳᠡᠬᠡᠵᠦ᠂ ᠪᠦᠬᠦ᠋ᠢᠬᠦ ᠪᠤᠶᠤ ᠮᠦᠯᠬᠦᠵᠦ ᠪᠠᠶᠢᠭᠠᠳ ᠡᠬᠦᠳᠡ ᠪᠠᠷ ᠭᠠᠷᠬᠤ ᠬᠡᠷᠡᠭᠳᠠᠢ᠃        ● ᠨᠢᠰᠬᠡᠯ ᠭᠠᠵᠠᠷᠳᠠᠨ ᠬᠦᠩᠬᠢᠨᠡᠬᠦ ᠳᠠᠭᠤᠨ ᠭᠠᠷᠪᠠᠯ ᠳᠠᠷᠦ᠋ᠢᠬᠠᠨ ᠠᠶᠦᠯᠬᠦᠢ ᠶᠢᠨ ᠪᠦᠰᠡ ᠪᠠᠨ ᠳᠠᠶᠢᠯᠵᠤ ᠭᠠᠳᠠᠨᠠᠬᠢ ᠬᠡᠷᠡᠯ ᠲᠠᠢ ᠭᠠᠵᠠᠷ ᠵᠦᠭ ᠳᠦᠷᠬᠡᠬᠡᠨ ᠬᠦᠶᠦᠨ ᠤᠴᠢᠬᠤ ᠬᠡᠷᠡᠭᠳᠠᠢ᠃  
 
ᠢᠷᠡᠯᠲᠡ᠄ ᠠᠷᠤ ᠬᠤᠷᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号