| ᠴᠠᠬᠢᠯᠭᠠᠨ ᠱᠠᠳᠤ ᠶᠢᠨ ᠠᠳᠡᠯ | ᠴᠠᠬᠢᠯᠭᠠᠨ ᠱᠠᠳᠤ ᠶᠢᠨ ᠠᠳᠡᠯ ᠬᠡᠳᠡᠭ ᠨᠢ ᠳᠤᠨᠤᠭ ᠳᠦᠬᠦᠬᠡᠷᠦᠮᠵᠢ ᠪᠤᠶᠤ ᠬᠦᠮᠦᠨ ᠤ ᠰᠢᠯᠳᠠᠭᠠᠨ ᠠᠴᠠ | ᠪᠤᠯᠵᠤ ᠠᠶᠠᠨᠴᠢᠳ ᠬᠠᠰᠢᠭᠳᠠᠬᠤ ᠪᠤᠶᠤ ᠰᠢᠷᠬᠠᠳᠤᠬᠤ ᠵᠡᠷᠬᠡ ᠶᠢ ᠬᠡᠯᠡᠵᠦ ᠪᠤᠢ᠃ ᠴᠠᠬᠢᠯᠭᠠᠨ ᠱᠠᠳᠤ ᠶᠢᠨ ᠠᠳᠡᠯ ᠨᠢ | ᠭᠤᠤᠯᠳᠠᠭᠤ ᠤᠷᠤᠢ ᠪᠠᠨ ᠮᠦᠷᠬᠦᠬᠦ᠂ ᠭᠠᠵᠠᠷ ᠰᠢᠪᠳᠤ ᠪᠠᠭᠤᠬᠤ᠂ ᠬᠦᠮᠦᠨ ᠤᠶᠢᠴᠢᠬᠤ᠂ ᠰᠢᠬᠠᠯᠳᠤᠬᠤ᠂ | ᠬᠠᠰᠢᠶᠠᠰᠤ ᠨᠢ ᠪᠠᠯᠪᠠᠷᠠᠬᠤ ᠵᠡᠷᠬᠡ ᠪᠤᠯᠤᠨ᠎ᠠ᠃ | ᠰᠡᠷᠬᠡᠶᠢᠯᠡᠬᠦ ᠭᠤᠤᠯᠳᠠᠯᠭ᠎ᠠ | ● ︽ᠰᠡᠯᠪᠢᠵᠦ ᠪᠤᠢ︾᠂ ︽ᠬᠡᠮᠳᠦᠯ ᠲᠠᠢ︾ ᠬᠡᠬᠦ ᠳᠡᠮᠳᠡᠭ ᠡᠯᠬᠦᠭᠰᠡᠨ ᠡᠬᠦᠳᠡ ᠨᠢ ᠨᠡᠬᠡᠬᠡᠰᠦᠳᠠᠢ | ᠴᠠᠬᠢᠯᠭᠠᠨ ᠱᠠᠳᠤ ᠳᠤ ᠭᠠᠷᠴᠤ ᠪᠤᠯᠬᠤ ᠦᠬᠡᠢ᠃ | ● ᠡᠬᠦᠳᠡ ᠪᠠᠨ ᠬᠠᠭᠠᠬᠤ ᠬᠡᠵᠦ ᠪᠠᠶᠢᠭ᠎ᠠ ᠴᠠᠬᠢᠯᠭᠠᠨ ᠱᠠᠳᠤᠨ ᠳᠤ ᠴᠢᠬᠢᠯᠳᠦᠨ ᠭᠠᠷᠴᠤ ᠪᠤᠯᠬᠤ ᠦᠬᠡᠢ᠂ | ᠬᠦᠯ ᠢᠶᠠᠨ ᠬᠠᠪᠴᠢᠭᠤᠯᠬᠤ ᠶᠢ ᠠᠩᠬᠠᠷᠤᠨ᠎ᠠ᠃ | ● ᠴᠠᠬᠢᠯᠭᠠᠨ ᠱᠠᠳᠤ ᠠᠴᠠ ᠭᠠᠷᠬᠤ ᠳᠤ ᠪᠠᠨ ᠬᠦᠯ ᠳᠤᠤᠷᠠᠬᠢ ᠪᠠᠨ ᠰᠠᠶᠢᠳᠤᠷ ᠦᠵᠡᠵᠦ᠂ | ᠤᠶᠢᠴᠢᠬᠤ ᠶᠢ ᠰᠡᠷᠬᠡᠶᠢᠯᠡᠨ᠎ᠡ᠃ | ᠠᠷᠭᠠᠴᠠᠭᠠᠬᠤ ᠭᠤᠤᠯᠳᠠᠯᠭ᠎ᠠ | ● ᠴᠠᠬᠢᠯᠭᠠᠨ ᠱᠠᠲᠣᠨ ᠳᠤ ᠬᠠᠰᠢᠭᠳᠠᠪᠠᠯ ᠭᠠᠷ ᠤᠳᠠᠰᠤ᠂ ᠴᠠᠬᠢᠯᠭᠠᠨ ᠱᠠᠳᠤᠨ ᠳᠠᠬᠢ ᠳᠤᠬᠢᠶᠠᠨ | ᠬᠤᠩᠬᠤ᠂ ᠬᠠᠷᠢᠯᠴᠠᠭᠤᠷ ᠵᠡᠷᠬᠡ ᠪᠠᠷ ᠭᠠᠳᠠᠭᠰᠢ ᠠᠪᠤᠷᠠᠯᠳᠠ ᠬᠦᠰᠡᠬᠦ ᠴᠢᠮᠡᠭᠡ ᠦᠭᠬᠦ ᠬᠡᠷᠡᠭᠳᠠᠢ᠃ | ● ᠴᠠᠬᠢᠯᠭᠠᠨ ᠱᠠᠳᠤ ᠶᠢᠨ ᠡᠬᠦᠳᠡ ᠶᠢ ᠠᠯᠪᠠ ᠪᠠᠷ ᠨᠡᠬᠡᠬᠡᠵᠦ ᠳᠤᠳᠠᠭᠠᠵᠤ ᠪᠤᠯᠬᠤ ᠦᠬᠡᠢ᠃ | ● ᠴᠠᠬᠢᠯᠭᠠᠨ ᠱᠠᠳᠤ ᠰᠠᠨᠠᠮᠰᠠᠷ ᠦᠬᠡᠢ ᠳᠦᠷᠬᠡᠨ ᠭᠤᠯᠭᠤᠷᠢᠬᠤ ᠦᠶᠡᠰ ᠬᠠᠵᠠᠭᠤ ᠶᠢᠨ ᠠᠳᠬᠤᠵᠤ | ᠪᠤᠯᠤᠮᠠᠷ ᠭᠠᠵᠠᠷ ᠠᠴᠠ ᠴᠢᠩᠭ᠎ᠠ ᠠᠳᠬᠤᠵᠤ᠂ ᠬᠠᠭᠠᠰ ᠰᠦᠬᠦᠳᠬᠦ ᠬᠡᠯᠪᠡᠷᠢ ᠪᠠᠷ ᠰᠢᠷᠬᠠᠳᠤᠯ ᠢ ᠰᠡᠷᠬᠡᠶᠢᠯᠡᠨ᠎ᠡ᠃ | ᠴᠠᠬᠢᠯᠭᠠᠨ ᠤ ᠠᠳᠡᠯ | ᠬᠦᠮᠦᠰ ᠴᠠᠬᠢᠯᠭᠠᠨ ᠲᠠᠢ ᠵᠤᠯᠭᠠᠯᠴᠠᠵᠤ ᠰᠢᠷᠬᠠᠳᠤᠵᠤ ᠬᠡᠮᠳᠦᠬᠦ ᠠᠳᠡᠯ ᠢ ᠬᠡᠯᠡᠵᠦ ᠪᠤᠢ᠃ ᠭᠤᠤᠯᠳᠠᠭᠤ | ᠬᠡᠥᠷᠰᠢᠵᠤ ᠰᠢᠷᠬᠠᠳᠤᠬᠤ᠂ ᠪᠤᠯᠴᠢᠩ ᠳᠠᠳᠠᠯᠳᠤᠬᠤ ᠵᠡᠷᠬᠡ ᠶᠢᠨ ᠨᠦᠯᠦᠬᠡᠯᠡᠯ ᠢᠶᠠᠷ ᠵᠢᠷᠦᠬᠡ᠂ ᠠᠮᠢᠰᠬᠤᠯ᠂ | ᠰᠤᠳᠠᠯ ᠤᠨ ᠯᠤᠭᠰᠢᠯᠳᠠ ᠵᠤᠭᠰᠤᠬᠤ ᠵᠡᠷᠬᠡ ᠢᠯᠡᠷᠡᠯ ᠭᠠᠷᠳᠠᠭ᠃ | ᠰᠡᠷᠬᠡᠶᠢᠯᠡᠬᠦ ᠭᠤᠤᠯᠳᠠᠯᠭ᠎ᠠ | ● ᠬᠡᠥᠬᠡᠳ ᠴᠠᠬᠢᠯᠭᠠᠨ ᠤᠳᠠᠰᠤ᠂ ᠳ᠋ᠧᠩ᠂ ᠴᠠᠬᠢᠯᠭᠠᠨ ᠤ ᠬᠠᠭᠠᠯᠳᠠ᠂ ᠵᠠᠯᠭᠠᠭᠤᠷ ᠵᠡᠷᠬᠡ ᠪᠠᠷ | ᠨᠠᠭᠠᠳᠬᠤ ᠶᠢ ᠬᠡᠷᠰᠡᠥᠯᠡᠨ ᠰᠤᠷᠭᠠᠨ᠎ᠠ᠃ ᠴᠠᠬᠢᠯᠭᠠᠨ ᠳᠦᠬᠦᠬᠡᠷᠦᠮᠵᠢ ᠶᠢᠨ ᠬᠠᠪᠢ ᠪᠠᠷ ᠨᠠᠭᠠᠳᠴᠤ ᠳᠤᠭᠯᠠᠬᠤ᠂ | ᠴᠠᠬᠢᠯᠭᠠᠨ ᠤᠳᠠᠰᠤᠨ ᠪᠠᠭᠠᠨ᠎ᠠ ᠳᠤ ᠮᠠᠴᠤᠬᠤ ᠵᠡᠷᠬᠡ ᠶᠢ ᠠᠩᠬᠠᠷᠤᠨ᠎ᠠ᠃ | ● ᠤᠯᠤᠰ ᠤᠨ ᠪᠠᠷᠢᠮᠵᠢᠶ᠎ᠠ ᠳᠤ ᠨᠡᠶᠢᠴᠡᠭᠰᠡᠨ ᠬᠡᠷᠡᠴᠢ ᠪᠠᠷᠢᠮᠳᠠ ᠲᠠᠢ ᠴᠠᠬᠢᠯᠭᠠᠨ ᠬᠡᠷᠡᠭᠰᠡᠯ ᠢ ᠬᠤᠳᠠᠯᠳᠤᠨ | ᠠᠪᠬᠤ ᠬᠡᠷᠡᠭᠳᠠᠢ᠃ ᠴᠠᠬᠢᠯᠭᠠᠨ ᠳ᠋ᠧᠩ᠂ ᠬᠠᠭᠠᠯᠳᠠ᠂ ᠵᠠᠯᠭᠠᠭᠤᠷ ᠵᠡᠷᠬᠡ ᠶᠢ ᠭᠠᠷ ᠢᠶᠠᠷ ᠢᠶᠠᠨ ᠠᠳᠬᠤᠵᠤ ᠪᠤᠯᠬᠤ | ᠦᠬᠡᠢ᠃ ᠴᠠᠬᠢᠯᠭᠠᠨ ᠬᠡᠷᠡᠭᠰᠡᠯ ᠢ ᠰᠢᠯᠵᠢᠬᠦᠯᠬᠦ ᠳᠤ ᠪᠠᠨ ᠤᠷᠢᠳ ᠢᠶᠠᠷ ᠴᠠᠬᠢᠯᠭᠠᠨ ᠤᠳᠠᠰᠤ ᠶᠢ ᠨᠢ ᠰᠠᠯᠭᠠᠵᠤ | ᠳᠠᠷᠠᠭ᠎ᠠ ᠨᠢ ᠰᠢᠯᠵᠢᠬᠦᠯᠬᠦ ᠬᠡᠷᠡᠭᠳᠠᠢ᠃ | ● ᠡᠷᠦᠬᠡ ᠳᠤ ᠤᠷᠤᠭᠰᠠᠨ ᠴᠠᠬᠢᠯᠭᠠᠨ ᠪᠠᠭᠠᠨ᠎ᠠ ᠶᠢᠨ ᠬᠠᠵᠠᠭᠤ ᠠᠴᠠ ᠰᠢᠷᠤᠢ ᠠᠪᠴᠤ ᠪᠤᠯᠬᠤ ᠦᠬᠡᠢ᠃ | | ● ᠴᠠᠬᠢᠯᠭᠠᠨ ᠤᠳᠠᠰᠤ ᠳᠠᠰᠤᠷᠠᠨ ᠭᠠᠵᠠᠷ ᠤᠨᠠᠭᠰᠠᠨ ᠪᠤᠯ ᠳᠠᠷᠦ᠋ᠢᠬᠠᠨ ᠴᠠᠬᠢᠯᠭᠠᠨ ᠤ | ᠬᠠᠮᠢᠶᠠᠷᠤᠯᠳᠠ ᠶᠢᠨ ᠰᠠᠯᠠᠭ᠎ᠠ ᠮᠦᠴᠢᠷ ᠲᠤ ᠮᠡᠳᠡᠬᠦᠯᠬᠦ ᠬᠡᠷᠡᠭᠳᠠᠢ᠃ ᠬᠠᠷᠢᠨ ᠤᠶᠢᠷᠠᠳᠤᠨ ᠤᠴᠢᠵᠤ ᠪᠤᠯᠬᠤ ᠦᠬᠡᠢ᠃ | | ● ᠪᠠᠷᠢᠯᠭ᠎ᠠ ᠬᠢᠬᠦ᠂ ᠡᠳ᠋ ᠪᠤᠳᠠᠰ ᠵᠦᠬᠡᠬᠡᠪᠦᠷᠢᠯᠡᠬᠦ ᠳᠤ ᠪᠠᠨ ᠦᠨᠳᠦᠷ ᠬᠦᠴᠦᠳᠡᠯᠳᠦ ᠴᠠᠬᠢᠯᠭᠠᠨ ᠤ | ᠳᠦᠬᠦᠬᠡᠷᠦᠮᠵᠢ ᠠᠴᠠ ᠠᠶᠦᠯᠬᠦᠢ ᠵᠠᠢ ᠲᠠᠢ ᠪᠠᠶᠢᠬᠤ ᠶᠢ ᠪᠠᠳᠤᠯᠠᠬᠤ ᠬᠡᠷᠡᠭᠳᠠᠢ᠃ | ᠠᠷᠭᠠᠴᠠᠭᠠᠬᠤ ᠭᠤᠤᠯᠳᠠᠯᠭ᠎ᠠ | ● ᠴᠠᠬᠢᠯᠭᠠᠨ ᠳᠤ ᠳᠠᠭᠠᠷᠢᠭᠳᠠᠭᠰᠠᠨ ᠬᠦᠮᠦᠨ ᠯᠦᠭᠡ ᠰᠢᠭᠤᠳ ᠭᠠᠷ ᠢᠶᠠᠷ ᠢᠶᠠᠨ ᠵᠤᠯᠭᠠᠯᠴᠠᠵᠤ ᠪᠤᠯᠬᠤ | ᠦᠬᠡᠢ᠃ | ● ᠴᠠᠬᠢᠯᠭᠠᠨ ᠳᠤ ᠳᠠᠭᠠᠷᠢᠭᠳᠠᠭᠰᠠᠨ ᠬᠦᠮᠦᠰ ᠢ ᠤᠯᠵᠤ ᠦᠵᠡᠪᠡᠯ ᠬᠦᠨᠳᠡᠶᠢᠷᠡᠬᠦᠯᠦᠭᠴᠢ ᠲᠠᠢ | ᠬᠠᠪᠴᠢᠭᠤᠷ᠂ ᠮᠤᠳᠤᠨ ᠡᠰᠢ ᠲᠠᠢ ᠰᠦᠬᠡ ᠵᠡᠷᠬᠡ ᠪᠠᠷ ᠴᠠᠬᠢᠯᠭᠠᠨ ᠤᠳᠠᠰᠤ ᠶᠢ ᠳᠠᠰᠤᠯᠠᠬᠤ ᠬᠡᠷᠡᠭᠳᠠᠢ᠃ ᠬᠠᠭᠤᠷᠠᠢ | ᠬᠤᠪᠴᠠᠰᠤ ᠵᠡᠷᠬᠡ ᠪᠠᠷ ᠭᠠᠷ ᠢᠶᠠᠨ ᠤᠷᠢᠶᠠᠨ ᠴᠠᠬᠢᠯᠭᠠᠨ ᠳᠤ ᠳᠠᠭᠠᠷᠢᠭᠳᠠᠭᠰᠠᠳ ᠢ ᠰᠢᠯᠵᠢᠬᠦᠯᠦᠨ᠎ᠡ᠃ ᠦᠨᠳᠦᠷ | ᠬᠦᠴᠦᠳᠡᠯᠳᠦ ᠴᠠᠬᠢᠯᠭᠠᠨ ᠳᠤ ᠳᠠᠭᠠᠷᠢᠭᠳᠠᠭᠰᠠᠳ ᠢ ᠳᠠᠷᠦ᠋ᠢᠬᠠᠨ ᠬᠠᠮᠢᠶ᠎ᠠ ᠪᠦᠬᠦᠢ ᠰᠠᠯᠠᠭ᠎ᠠ ᠮᠦᠴᠢᠷ ᠲᠤ | ᠮᠡᠳᠡᠬᠦᠯᠦᠨ᠎ᠡ᠃ | ● ᠴᠠᠬᠢᠯᠭᠠᠨ ᠳᠤ ᠳᠠᠭᠠᠷᠢᠭᠳᠠᠭᠰᠠᠳ ᠢ ᠴᠠᠬᠢᠯᠭᠠᠨ ᠠᠴᠠ ᠰᠠᠯᠭᠠᠭᠰᠠᠨ ᠤ ᠳᠠᠷᠠᠭ᠎ᠠ ᠰᠢᠷᠬ᠎ᠠ ᠨᠢ ᠬᠦᠨᠳᠦ | ᠪᠢᠰᠢ ᠪᠤᠯ ᠨᠠᠮ ᠰᠡᠯᠡᠬᠦᠤ ᠠᠮᠠᠷᠠᠭᠤᠯᠵᠤ᠂ 1 — 2 ᠴᠠᠭ ᠠᠵᠢᠭᠯᠠᠨ ᠪᠠᠶᠢᠴᠠᠭᠠᠨ᠎ᠠ᠃ ᠶᠠᠮᠠᠷ ᠴᠦ ᠪᠠᠶᠢᠳᠠᠯ | ᠮᠡᠳᠡᠭᠳᠡᠬᠦ ᠦᠬᠡᠢ ᠪᠤᠯ ᠳᠤᠪᠴᠢ ᠪᠦᠰᠡ ᠶᠢ ᠨᠢ ᠠᠯᠳᠠᠷᠭᠠᠵᠤ ᠠᠭᠤᠵᠢᠮ ᠠᠮᠢᠰᠬᠤᠭᠤᠯᠤᠨ᠎ᠠ᠃ ᠠᠮᠢᠰᠬᠤᠯ ᠦᠬᠡᠢ | ᠪᠤᠶᠤ ᠨᠠᠮᠵᠢᠭᠤᠨ ᠰᠤᠳᠠᠯ ᠨᠢ ᠴᠤᠬᠢᠯᠠᠬᠤ ᠦᠬᠡᠢ ᠪᠠᠶᠢᠪᠠᠯ ᠳᠠᠷᠦ᠋ᠢᠬᠠᠨ ᠬᠦᠮᠦᠨ ᠤ ᠬᠦᠴᠦ ᠪᠠᠷ ᠠᠮᠢᠰᠬᠤᠭᠤᠯᠵᠤ | ᠴᠡᠬᠡᠵᠢᠨ ᠳᠡᠬᠡᠷ᠎ᠡ ᠨᠢ ᠵᠢᠷᠦᠬᠡᠨ ᠳᠠᠷᠤᠯᠳᠠ ᠬᠢᠨ᠎ᠡ᠃ | ● ᠴᠠᠬᠢᠯᠭᠠᠨ ᠳᠦᠬᠦᠬᠡᠷᠦᠮᠵᠢ ᠠᠴᠠ ᠭᠠᠯ ᠭᠠᠷᠪᠠᠯ ᠴᠠᠬᠢᠯᠭᠠᠨ ᠵᠠᠯᠭᠠᠭᠤᠷ ᠢ ᠳᠠᠷᠦ᠋ᠢᠬᠠᠨ ᠳᠠᠰᠤᠯᠵᠤ᠂ | ᠤᠰᠤ ᠪᠠᠷ ᠭᠠᠯ ᠢ ᠨᠢ ᠤᠨᠳᠠᠷᠠᠭᠠᠵᠤ ᠪᠤᠯᠬᠤ ᠦᠬᠡᠢ᠃ | |