ᠢᠳᠡᠬᠦ ᠤᠰᠤᠨ ᠤ ᠪᠤᠬᠢᠷᠳᠤᠯ ᠤᠨ ᠠᠳᠡᠯ
ᠨᠡᠶᠢᠲᠡᠯᠡᠭᠰᠡᠨ ᠴᠠᠭ᠄
2017-07-07
       ᠤᠰᠤᠨ ᠤ ᠰᠤᠷᠪᠤᠯᠵᠢ᠂ ᠤᠰᠤ ᠬᠦᠷᠬᠡᠬᠦ ᠬᠤᠭᠤᠯᠠᠢ ᠵᠡᠷᠬᠡ ᠶᠢᠨ ᠰᠢᠯᠳᠠᠭᠠᠨ ᠢᠶᠠᠷ ᠡᠬᠦᠰᠦᠭᠰᠡᠨ ᠡᠪᠡᠳᠴᠢᠨ ᠤ ᠪᠠᠺᠲ᠋ᠧᠷᠢ᠂ ᠬᠤᠤᠷᠠᠳᠠᠯ ᠬᠦᠨᠦᠬᠡᠯ ᠤᠨ ᠴᠢᠨᠠᠷᠳᠠᠢ ᠠᠳᠡᠯ ᠢ ᠵᠢᠭᠠᠵᠤ ᠪᠤᠢ᠃ ᠳᠦᠬᠡᠬᠡᠯ ᠤᠰᠤ ᠪᠤᠶᠤ ᠢᠳᠡᠬᠡᠨ ᠤ ᠤᠰᠤᠨ ᠰᠠᠪᠠ ᠳᠤ ᠬᠤᠷᠤᠬᠠᠢ ᠭᠠᠷᠬᠤ᠂ ᠡᠯᠳᠡᠪ ᠪᠤᠳᠠᠰ ᠬᠦᠪᠪᠦᠬᠦ᠂ ᠬᠠᠴᠢᠨ ᠦᠨᠦᠷ ᠭᠠᠷᠪᠠᠯ ᠤᠰᠤᠨ ᠤ ᠪᠤᠬᠢᠷᠳᠤᠯ ᠲᠠᠢ ᠪᠤᠯᠪᠠ᠃        ᠠᠷᠭᠠᠴᠠᠭᠠᠬᠤ ᠭᠤᠤᠯᠳᠠᠯᠭ᠎ᠠ        ● ᠰᠤᠨᠢᠨ᠂ ᠷᠠᠳᠢᠤ᠋᠂ ᠰᠦᠯᠵᠢᠶ᠎ᠡ ᠵᠡᠷᠬᠡ ᠳᠤ ᠨᠡᠶᠢᠳᠡᠯᠡᠭᠰᠡᠨ ᠢᠳᠡᠬᠡᠨ ᠤ ᠤᠰᠤᠨ ᠤ ᠳᠤᠬᠠᠢ ᠰᠡᠷᠡᠮᠵᠢ ᠶᠢᠨ ᠰᠤᠷᠠᠭ ᠵᠠᠩᠬᠢ ᠶᠢ ᠠᠩᠬᠠᠷᠤᠨ᠎ᠠ᠃        ● ᠳᠦᠬᠡᠬᠡᠯ ᠤᠰᠤ ᠠᠰᠠᠭᠤᠳᠠᠯ ᠢᠯᠡᠷᠡᠭᠰᠡᠨ ᠦᠶ᠎ᠡ ᠳᠤ ᠳᠠᠷᠦ᠋ᠢᠬᠠᠨ ᠬᠡᠷᠡᠭᠯᠡᠬᠦ ᠪᠠᠨ ᠵᠤᠭᠰᠤᠵᠤ᠂ ᠬᠠᠮᠢᠶ᠎ᠠ ᠪᠦᠬᠦᠢ ᠰᠠᠯᠠᠭ᠎ᠠ ᠮᠦᠴᠢᠷ ᠲᠤ ᠳᠤᠰᠬᠠᠵᠤ᠂ 3 — 5 ᠯᠢᠲᠷ ᠬᠡᠪ ᠶᠠᠩᠵᠤ ᠶᠢᠨ ᠤᠰᠤ ᠬᠠᠩᠭᠠᠨ᠎ᠠ᠃        ● ᠪᠤᠬᠢᠷᠳᠤᠯ ᠲᠠᠢ ᠤᠰᠤ ᠶᠢ ᠬᠢᠴᠢᠶᠡᠮᠵᠢ ᠦᠬᠡᠢ ᠪᠠᠷ ᠤᠤᠭᠤᠭᠰᠠᠨ ᠠᠴᠠ ᠪᠡᠶ᠎ᠡ ᠳᠠᠭᠠᠯᠠᠮᠵᠢ ᠦᠬᠡᠢ ᠪᠤᠯ ᠳᠠᠷᠦ᠋ᠢᠬᠠᠨ ᠡᠮᠨᠡᠬᠦᠯᠦᠨ᠎ᠡ᠃        ● ᠪᠤᠬᠢᠷᠳᠤᠯ ᠲᠠᠢ ᠤᠰᠤᠨ ᠤ ᠬᠠᠪᠢ ᠪᠠᠷ ᠵᠢᠭᠠᠰᠤ ᠬᠦᠬᠢᠳᠡᠬᠦ᠂ ᠮᠠᠯᠵᠢᠬᠤ᠂ ᠤᠮᠪᠠᠭ᠋ᠤ᠂ ᠤᠰᠤ ᠳᠠᠳᠠᠬᠤ ᠵᠡᠷᠬᠡ ᠠᠴᠠ ᠵᠠᠶᠢᠯᠠᠰᠬᠢᠨ᠎ᠠ᠃
 
ᠢᠷᠡᠯᠲᠡ᠄ ᠠᠷᠤ ᠬᠤᠷᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号