ᠡᠨᠡ ᠰᠠᠷ᠎ᠠ ᠠᠴᠠ ᠡᠬᠢᠯᠡᠨ ᠬᠡᠷᠡᠭᠵᠢᠭᠦᠯᠦᠭᠰᠡᠨ ᠰᠢᠨ᠎ᠡ ᠬᠠᠤᠯᠢ ᠳᠦᠷᠢᠮ ᠤᠳ
ᠨᠡᠶᠢᠲᠡᠯᠡᠭᠰᠡᠨ ᠴᠠᠭ᠄
2017-06-22
       ᠰᠦᠯᠵᠢᠶᠠᠨ ᠤ ᠠᠮᠤᠷ ᠲᠦᠪᠰᠢᠨ ᠤ ᠬᠠᠤᠯᠢ᠄ ᠬᠤᠪᠢ ᠬᠦᠮᠦᠨ ᠤ ᠮᠡᠳᠡᠭᠡ ᠵᠠᠩᠭᠢ ᠶᠢ ᠠᠷᠠᠯᠵᠢᠶᠠᠯᠠᠵᠤ ᠪᠤᠯᠬᠤ ᠦᠭᠡᠢ        ᠠᠷᠪᠠᠨ ᠬᠤᠶᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠬᠤᠷᠢᠨ ᠳᠦᠷᠪᠡᠳᠦᠭᠡᠷ ᠬᠤᠷᠠᠯ ᠠᠴᠠ ᠰᠦᠯᠵᠢᠶᠡᠨ ᠤ ᠠᠮᠤᠷ ᠲᠦᠪᠰᠢᠨ ᠤ ᠬᠠᠤᠯᠢ ᠶᠢ ᠪᠠᠲᠤᠯᠠᠵᠤ᠂ ᠡᠨᠡ ᠰᠠᠷ᠎ᠠ ᠠᠴᠠ ᠡᠬᠢᠯᠡᠨ ᠬᠡᠷᠡᠭᠵᠢᠭᠦᠯᠪᠡ᠃ ᠬᠠᠤᠯᠢ ᠠᠴᠠ ᠵᠠᠩᠭᠢᠯᠠᠭ᠎ᠠ ᠶᠢᠨ ᠮᠡᠳᠡᠭᠡ ᠵᠠᠩᠭᠢ ᠶᠢᠨ ᠰᠠᠭᠤᠷᠢ ᠲᠦᠬᠦᠭᠡᠷᠦᠮᠵᠢ ᠶᠢᠨ ᠬᠡᠪᠴᠢᠶ᠎ᠡ ᠶᠢ ᠤᠯᠠᠮ ᠴᠢᠨᠠᠭᠰᠢᠲᠠ ᠲᠤᠭᠲᠠᠭᠠᠪᠠ︔ ᠬᠤᠪᠢ ᠬᠦᠮᠦᠨ ᠤ ᠮᠡᠳᠡᠭᠡ ᠵᠠᠩᠭᠢ ᠶᠢᠨ ᠬᠠᠮᠠᠭᠠᠯᠠᠯᠲᠠ ᠶᠢ ᠴᠢᠩᠭᠠᠳᠬᠠᠬᠤ ᠲᠤᠬᠠᠢ ᠲᠤᠳᠤᠷᠬᠠᠶᠢᠯᠠᠪᠠ︔ ᠮᠠᠨ ᠤ ᠤᠯᠤᠰ ᠤᠨ ᠵᠠᠩᠭᠢᠯᠠᠭ᠎ᠠ ᠶᠢᠨ ᠮᠡᠳᠡᠭᠡ ᠵᠠᠩᠭᠢ ᠶᠢᠨ ᠲᠦᠬᠦᠭᠡᠷᠦᠮᠵᠢ ᠶᠢ ᠳᠠᠭᠠᠷᠢᠵᠤ ᠡᠪᠳᠡᠬᠦ ᠬᠢᠯᠢ ᠶᠢᠨ ᠭᠠᠳᠠᠨᠠᠬᠢ ᠵᠤᠬᠢᠶᠠᠨ ᠪᠠᠶᠢᠭᠤᠯᠤᠯᠲᠠ ᠪᠠ ᠬᠤᠪᠢ ᠬᠦᠮᠦᠨ ᠢ ᠵᠤᠬᠢᠰᠲᠠᠢ ᠵᠠᠯᠬᠠᠭᠠᠬᠤ ᠠᠷᠭ᠎ᠠ ᠬᠡᠮᠵᠢᠶ᠎ᠡ ᠶᠢ ᠲᠤᠭᠲᠠᠭᠠᠪᠠ︔ ᠰᠦᠯᠵᠢᠶᠡᠨ ᠤ ᠮᠡᠬᠡᠯᠡᠯ ᠵᠡᠷᠭᠡ ᠰᠢᠨ᠎ᠡ ᠬᠡᠯᠪᠡᠷᠢ ᠶᠢᠨ ᠰᠦᠯᠵᠢᠶᠡᠨ ᠤ ᠬᠠᠤᠯᠢ ᠠᠴᠠ ᠵᠦᠷᠢᠴᠡᠭᠰᠡᠨ ᠠᠵᠢᠯᠯᠠᠭ᠎ᠠ ᠶᠢ ᠵᠠᠯᠬᠠᠭᠠᠬᠤ ᠳᠦᠷᠢᠮ ᠵᠡᠷᠭᠡ ᠶᠢ ᠨᠡᠮᠡᠪᠡ᠃        ᠡᠷᠬᠡᠲᠦ ᠠᠷᠠᠳ ᠤᠨ ᠬᠤᠪᠢ ᠬᠦᠮᠦᠨ ᠤ 50 ᠮᠡᠳᠡᠭᠡ ᠵᠠᠩᠭᠢ ᠶᠢ ᠬᠠᠤᠯᠢ ᠪᠤᠰᠤ ᠪᠠᠷ ᠤᠯᠵᠤ ᠠᠷᠠᠯᠵᠢᠶᠠᠯᠠᠪᠠᠯ ᠬᠠᠷᠢᠭᠤᠴᠠᠯᠭ᠎ᠠ ᠨᠡᠬᠡᠮᠵᠢᠯᠡᠨ᠎ᠡ        ᠤᠶᠢᠷ᠎ᠠ ᠶᠢᠨ ᠡᠳᠦᠷ᠂ ︽ᠠᠷᠠᠳ ᠤᠨ ᠳᠡᠭᠡᠳᠦ ᠰᠢᠭᠦᠬᠦ ᠬᠤᠷᠢᠶ᠎ᠠ᠂ ᠠᠷᠠᠳ ᠤᠨ ᠳᠡᠭᠡᠳᠦ ᠪᠠᠶᠢᠴᠠᠭᠠᠬᠤ ᠬᠤᠷᠢᠶᠠᠨ ᠤ ᠡᠷᠬᠡᠲᠦ ᠠᠷᠠᠳ ᠤᠨ ᠬᠤᠪᠢ ᠬᠦᠮᠦᠨ ᠤ ᠮᠡᠳᠡᠭᠡ ᠵᠠᠩᠭᠢ ᠳᠤ ᠬᠠᠯᠳᠠᠭᠰᠠᠨ ᠡᠷᠡᠭᠦᠦ ᠶᠢᠨ ᠬᠡᠷᠡᠭ ᠢ ᠰᠢᠢᠳᠪᠦᠷᠢᠯᠡᠬᠦ ᠳᠤ ᠲᠤᠬᠢᠷᠠᠬᠤ ᠬᠠᠤᠯᠢ ᠴᠠᠭᠠᠵᠠ ᠶᠢᠨ ᠲᠤᠬᠠᠢ ᠠᠰᠠᠭᠤᠳᠠᠯ ᠤᠳ ᠤᠨ ᠲᠠᠶᠢᠯᠪᠤᠷᠢᠯᠠᠯᠲᠠ︾ ᠶᠢ ᠪᠡᠭᠡᠵᠢᠩ ᠳᠤ ᠨᠠᠶᠢᠲᠠᠯᠠᠵᠤ᠂ ᠡᠷᠬᠡᠲᠦ ᠠᠷᠠᠳ ᠤᠨ ᠬᠤᠪᠢ ᠬᠦᠮᠦᠨ ᠤ ᠮᠡᠳᠡᠭᠡ ᠵᠠᠩᠭᠢ ᠳᠤ ᠬᠠᠯᠳᠠᠭᠰᠠᠨ ᠶᠠᠯ᠎ᠠ ᠶᠢ ᠲᠤᠭᠲᠠᠭᠠᠬᠤ ᠪᠠᠷᠢᠮᠵᠢᠶ᠎ᠠ ᠶᠢ ᠤᠯᠠᠮ ᠴᠢᠨᠠᠭᠰᠢᠲᠠ ᠲᠤᠳᠤᠷᠬᠠᠶᠢᠯᠠᠪᠠ᠃ ︽ᠲᠠᠶᠢᠯᠪᠤᠷᠢᠯᠠᠯᠲᠠ︾ ᠨᠡᠶᠢᠲᠡ ᠠᠷᠪᠠᠨ ᠭᠤᠷᠪᠠᠨ ᠵᠦᠢᠯ᠂ ︽ᠡᠷᠬᠡᠲᠦ ᠠᠷᠠᠳ ᠤᠨ ᠬᠤᠪᠢ ᠬᠦᠮᠦᠨ ᠤ ᠮᠡᠳᠡᠭᠡ ᠵᠠᠩᠭᠢ︾ ᠶᠢᠨ ᠬᠡᠪᠴᠢᠶ᠎ᠡ᠂ ᠬᠠᠤᠯᠢ ᠪᠤᠰᠤ ︽ᠡᠷᠬᠡᠲᠦ ᠠᠷᠠᠳ ᠤᠨ ᠬᠤᠪᠢ ᠬᠦᠮᠦᠨ ᠤ ᠮᠡᠳᠡᠭᠡ ᠵᠠᠩᠭᠢ︾ ᠮᠠᠭᠠᠳᠯᠠᠨ ᠲᠤᠭᠲᠠᠭᠠᠬᠤ ᠪᠠᠷᠢᠮᠵᠢᠶ᠎ᠠ ᠵᠡᠷᠭᠡ ᠠᠷᠪᠠᠨ ᠲᠠᠯ᠎ᠠ ᠶᠢᠨ ᠠᠭᠤᠯᠭ᠎ᠠ ᠶᠢ ᠪᠠᠭᠲᠠᠭᠠᠵᠤ᠂ ᠡᠨᠡ ᠰᠠᠷ᠎ᠠ ᠠᠴᠠ ᠡᠬᠢᠯᠡᠨ ᠵᠢᠩᠬᠢᠨᠢ ᠪᠠᠷ ᠬᠡᠷᠡᠭᠵᠢᠭᠦᠯᠪᠡ᠃ ᠡᠭᠦᠨ ᠳᠤ᠂ ᠰᠢᠨ᠎ᠡ ᠬᠠᠤᠯᠢ ᠴᠠᠭᠠᠵᠠ ᠶᠢᠨ ᠲᠠᠶᠢᠯᠪᠤᠷᠢᠯᠠᠯᠲᠠ ᠳᠤ ᠲᠤᠳᠤᠷᠬᠠᠶᠢᠯᠠᠭᠰᠠᠨ ᠢᠶᠠᠷ᠂ ᠬᠦᠳᠡᠯᠦᠯ ᠪᠠᠶᠢᠳᠠᠯ ᠤᠨ ᠮᠡᠳᠡᠭᠡ ᠵᠠᠩᠭᠢ᠂ ᠴᠢᠮᠡᠭᠡ ᠬᠤᠯᠪᠤᠭᠠᠨ ᠤ ᠠᠭᠤᠯᠭ᠎ᠠ᠂ ᠤᠶᠢᠯᠠᠭᠠᠭᠰᠠᠨ ᠪᠠᠶᠢᠳᠠᠯ ᠤᠨ ᠮᠡᠳᠡᠭᠡ ᠵᠠᠩᠭᠢ᠂ ᠡᠳ᠋ ᠬᠦᠷᠦᠩᠭᠡ ᠶᠢᠨ ᠮᠡᠳᠡᠭᠡ ᠵᠠᠩᠭᠢ ᠵᠡᠷᠭᠡ ᠬᠤᠪᠢ ᠬᠦᠮᠦᠨ ᠤ ᠮᠡᠳᠡᠭᠡ ᠵᠠᠩᠭᠢ ᠶᠢ 50 ᠠᠴᠠ ᠳᠡᠭᠡᠭᠰᠢ ᠬᠠᠤᠯᠢ ᠪᠤᠰᠤ ᠪᠠᠷ ᠤᠯᠤᠭᠰᠠᠨ᠂ ᠠᠷᠠᠯᠵᠢᠶᠠᠯᠠᠭᠰᠠᠨ ᠪᠤᠶᠤ ᠬᠠᠩᠭᠠᠭᠰᠠᠨ ᠪᠤᠯ ᠶᠠᠯ᠎ᠠ ᠳᠤ ᠪᠤᠳᠤᠵᠤ᠂ ᠭᠤᠷᠪᠠᠨ ᠵᠢᠯ ᠠᠴᠠ ᠳᠤᠷᠤᠭᠰᠢ ᠬᠤᠭᠤᠴᠠᠭ᠎ᠠ  ᠲᠠᠢ ᠬᠤᠷᠢᠬᠤ ᠡᠷᠡᠭᠦᠦ ᠪᠠᠷ ᠰᠢᠳᠬᠡᠬᠦ ᠪᠤᠶᠤ ᠲᠦᠷ ᠬᠤᠷᠢᠨ᠎ᠠ᠃ ︽ᠬᠦᠮᠦᠨ ᠤ ᠡᠷᠢᠯᠲᠡ︾ ᠶᠢᠨ ᠬᠡᠷᠡᠭ ᠲᠠᠬᠢ ᠦᠢᠯᠡ ᠠᠵᠢᠯᠯᠠᠭ᠎ᠠ ᠶᠢᠨ ᠡᠷᠬᠡᠲᠦ ᠬᠦᠮᠦᠨ ᠤ ᠵᠦᠪᠰᠢᠶᠡᠷᠡᠯ ᠦᠭᠡᠢ ᠪᠠᠷ ᠲᠡᠭᠦᠨ ᠤ ᠪᠡᠶ᠎ᠡ ᠶᠢᠨ ᠭᠠᠷᠤᠯ᠂ ᠵᠢᠷᠤᠭ ᠰᠡᠭᠦᠳᠡᠷ᠂ ᠤᠪᠤᠭ ᠨᠡᠷ᠎ᠡ᠂ ᠠᠮᠢᠳᠤᠷᠠᠯ ᠤᠨ ᠨᠠᠷᠢᠨ ᠵᠦᠢᠯᠡᠰ ᠵᠡᠷᠭᠡ ᠬᠤᠪᠢ ᠬᠦᠮᠦᠨ ᠤ ᠮᠡᠳᠡᠭᠡ ᠵᠠᠩᠭᠢ ᠶᠢ ᠨᠡᠶᠢᠲᠡᠯᠡᠬᠦ ᠨᠢ ᠤᠯᠠᠨ ᠬᠦᠮᠦᠰ ᠲᠤ ᠡᠷᠬᠡᠲᠦ ᠠᠷᠠᠳ ᠤᠨ ᠬᠤᠪᠢ ᠬᠦᠮᠦᠨ ᠤ ᠮᠡᠳᠡᠭᠡ ᠵᠠᠩᠭᠢ ᠶᠢ ᠬᠠᠩᠭᠠᠭᠰᠠᠨ ᠲᠤᠯᠠ ᠪᠠᠶᠢᠳᠠᠯ ᠨᠢ ᠬᠦᠨᠳᠦ ᠨᠣᠴᠢᠲᠠᠢ ᠪᠤᠯ ᠭᠤᠷᠪᠠᠨ ᠵᠢᠯ ᠠᠴᠠ ᠳᠤᠷᠤᠭᠰᠢ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠳᠬᠡᠬᠦ ᠪᠤᠶᠤ ᠲᠦᠷ ᠬᠤᠷᠢᠨ᠎ᠠ ᠭᠡᠵᠦ ᠠᠩᠬ᠎ᠠ ᠤᠳᠠᠭ᠎ᠠ ᠲᠤᠳᠤᠷᠬᠠᠶᠢᠯᠠᠪᠠ᠃        ᠵᠢᠯᠤᠭᠤᠴᠢ ᠦᠭᠡᠢ ᠨᠢᠰᠬᠡᠯ ᠵᠢᠩᠬᠢᠨᠢ ᠨᠡᠷ᠎ᠡ ᠪᠠᠷ ᠳᠠᠩᠰᠠᠯᠠᠭᠤᠯᠬᠤ ᠴᠠᠭ ᠦᠶ᠎ᠡ ᠳᠤ ᠤᠷᠤᠪᠠ        ᠤᠶᠢᠷ᠎ᠠ ᠳᠤ᠂ ᠳᠤᠮᠳᠠᠳᠤ ᠤᠯᠤᠰ ᠤᠨ ᠠᠷᠠᠳ ᠤᠨ ᠬᠡᠷᠡᠭᠯᠡᠭᠡᠨ ᠤ ᠠᠭᠠᠷ ᠤᠨ ᠠᠶᠠᠯᠠᠯ ᠤᠨ ᠲᠤᠪᠴᠢᠶ᠎ᠠ ᠶᠢᠨ ᠠᠭᠠᠷ ᠠᠶᠠᠯᠠᠯ ᠤᠨ ᠪᠠᠭᠠᠵᠢ ᠬᠡᠷᠡᠭᠰᠡᠯ ᠤᠨ ᠨᠢᠰᠬᠦ ᠳᠤ ᠲᠤᠬᠢᠷᠠᠬᠤ ᠶᠢ ᠬᠢᠨᠠᠨ ᠲᠤᠭᠲᠠᠭᠠᠬᠤ ᠵᠤᠷᠭᠠᠨ ᠠᠴᠠ ︽ᠠᠷᠠᠳ ᠤᠨ ᠬᠡᠷᠡᠭᠯᠡᠭᠡᠨ ᠤ ᠵᠢᠯᠤᠭᠤᠴᠢ ᠦᠭᠡᠢ ᠨᠢᠰᠬᠡᠯ ᠢ ᠵᠢᠩᠬᠢᠨᠢ ᠨᠡᠷ᠎ᠡ ᠪᠠᠷ ᠳᠠᠩᠰᠠᠯᠠᠭᠤᠯᠬᠤ ᠬᠠᠮᠢᠶᠠᠷᠤᠯᠲᠠ ᠶᠢᠨ ᠲᠤᠭᠲᠠᠭᠠᠯ︾ ᠢ ᠵᠢᠩᠬᠢᠨᠢ ᠪᠠᠷ ᠨᠡᠶᠢᠲᠡᠯᠡᠵᠦ᠂ ᠲᠤᠷᠰᠢᠨ ᠬᠡᠷᠡᠭᠯᠡᠵᠦ ᠪᠠᠶᠢᠭ᠎ᠠ ᠠᠷᠠᠳ ᠤᠨ ᠬᠡᠷᠡᠭᠯᠡᠭᠡᠨ ᠤ ᠵᠢᠯᠤᠭᠤᠴᠢ ᠦᠭᠡᠢ ᠨᠢᠰᠬᠡᠯ ᠳᠠᠩᠰᠠᠯᠠᠭᠤᠯᠬᠤ ᠰᠢᠰᠲ᠋ᠧᠮ ᠢ ᠵᠢᠩᠬᠢᠨᠢ ᠪᠠᠷ ᠬᠡᠷᠡᠭᠯᠡᠭᠰᠡᠨ ᠢ ᠨᠡᠶᠢᠲᠡᠯᠡᠪᠡ᠃ ᠲᠤᠭᠲᠠᠭᠠᠯ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠢᠯᠢ ᠳᠠᠬᠢ ᠬᠠᠮᠤᠭ ᠤᠨ ᠶᠡᠭᠡ ᠨᠢᠰᠬᠦ ᠬᠦᠨᠳᠦᠴᠡ ᠨᠢ 250 ᠭᠷᠡᠮ ︵250 ᠭᠷᠡᠮ ᠪᠠᠭᠲᠠᠨ᠎ᠠ︶ ᠠᠴᠠ ᠳᠡᠭᠡᠭᠰᠢᠬᠢ ᠠᠷᠠᠳ ᠤᠨ ᠬᠡᠷᠡᠭᠯᠡᠭᠡᠨ ᠤ ᠵᠢᠯᠤᠭᠤᠴᠢ ᠦᠭᠡᠢ ᠨᠢᠰᠬᠡᠯ ᠳᠤ ᠲᠤᠬᠢᠷᠠᠨ᠎ᠠ᠂ ᠲᠤᠰ ᠲᠤᠭᠲᠠᠭᠠᠯ ᠢ ᠡᠨᠡ ᠰᠠᠷ᠎ᠠ ᠠᠴᠠ ᠡᠬᠢᠯᠡᠨ ᠬᠡᠷᠡᠭᠵᠢᠭᠦᠯᠵᠦ᠂ ᠠᠷᠠᠳ ᠤᠨ ᠬᠡᠷᠡᠭᠯᠡᠭᠡᠨ ᠤ ᠵᠢᠯᠤᠭᠤᠴᠢ ᠦᠭᠡᠢ ᠨᠢᠰᠬᠡᠯ ᠬᠤᠳᠠᠯᠳᠤᠨ ᠠᠪᠤᠭᠰᠠᠳ ᠡᠷᠬᠡᠪᠰᠢ ᠲᠤᠰ ᠲᠤᠭᠲᠠᠭᠠᠯ ᠤᠨ ᠱᠠᠭᠠᠷᠳᠠᠯᠭ᠎ᠠ ᠶᠤᠰᠤᠭᠠᠷ ᠵᠢᠩᠬᠢᠨᠢ ᠨᠡᠷ᠎ᠡ ᠪᠠᠷ ᠢᠶᠠᠨ ᠳᠠᠩᠰᠠᠯᠠᠭᠤᠯᠬᠤ ᠬᠡᠷᠡᠭᠲᠡᠢ ᠭᠡᠵᠦ ᠱᠠᠭᠠᠷᠳᠠᠪᠠ᠃        ︽ᠲᠠᠷᠢᠶᠠᠨ ᠡᠮ ᠤᠨ ᠬᠠᠮᠢᠶᠠᠷᠤᠯᠲᠠ ᠶᠢᠨ ᠳᠦᠷᠢᠮ︾᠄ ᠲᠠᠷᠢᠶᠠᠨ ᠡᠮ ᠤᠨ ᠬᠡᠮᠵᠢᠶ᠎ᠡ ᠶᠢ ᠪᠠᠭᠠᠰᠬᠠᠬᠤ ᠲᠦᠯᠦᠪᠯᠡᠭᠡ ᠶᠢ ᠬᠡᠷᠡᠭᠵᠢᠭᠦᠯᠬᠦ ᠶᠢ ᠵᠤᠷᠢᠭᠵᠢᠭᠤᠯᠤᠨ᠎ᠠ        ᠰᠢᠨ᠎ᠡ ᠪᠠᠷ ᠵᠠᠰᠠᠪᠤᠷᠢ ᠤᠷᠤᠭᠤᠯᠤᠭᠰᠠᠨ ︽ᠲᠠᠷᠢᠶᠠᠨ ᠡᠮ ᠤᠨ ᠬᠠᠮᠢᠶᠠᠷᠤᠯᠲᠠ ᠶᠢᠨ ᠳᠦᠷᠢᠮ︾ ᠢ ᠡᠨᠡ ᠰᠠᠷ᠎ᠠ ᠠᠴᠠ ᠡᠬᠢᠯᠡᠨ ᠬᠡᠷᠡᠭᠵᠢᠭᠦᠯᠪᠡ᠂ ︽ᠳᠦᠷᠢᠮ︾ ᠤᠨ ᠲᠤᠭᠲᠠᠭᠠᠯ ᠢᠶᠠᠷ᠂ ᠶᠡᠭᠡ ᠬᠤᠤᠷᠠᠲᠠᠢ ᠲᠠᠷᠢᠶᠠᠨ ᠡᠮ ᠢ ᠢᠳᠡᠰᠢᠨ ᠨᠤᠭᠤᠭ᠎ᠠ᠂ ᠭᠤᠸᠠ ᠵᠢᠮᠢᠰ᠂ ᠴᠠᠢ᠂ ᠮᠦᠭᠦ ᠪᠠᠺᠲ᠋ᠧᠷᠢ ᠶᠢᠨ ᠵᠦᠢᠯ᠂ ᠬᠢᠲᠠᠳ ᠡᠪᠡᠰᠦᠨ ᠡᠮ ᠤᠨ ᠮᠠᠲ᠋ᠧᠷᠢᠶᠠᠯ ᠤᠨ ᠦᠢᠯᠡᠳᠪᠦᠷᠢᠯᠡᠯ ᠳᠤ ᠬᠡᠷᠡᠭᠯᠡᠵᠦ ᠪᠤᠯᠬᠤ ᠦᠭᠡᠢ᠃ ᠠᠮᠢᠳᠤ ᠪᠤᠳᠠᠰ ᠤᠨ ᠰᠡᠷᠭᠡᠶᠢᠯᠡᠨ ᠵᠠᠰᠠᠯᠲᠠ᠂ ᠹᠢᠽᠢᠺ ᠤᠨ ᠰᠡᠷᠭᠡᠶᠢᠯᠡᠨ ᠵᠠᠰᠠᠯᠲᠠ᠂ ᠲᠡᠷᠢᠭᠦᠨ ᠤ ᠡᠮ ᠰᠠᠴᠤᠬᠤ ᠮᠠᠰᠢᠨ ᠮᠧᠬᠠᠨᠢᠭ ᠢ ᠳᠡᠯᠭᠡᠷᠡᠭᠦᠯᠬᠦ ᠵᠡᠷᠭᠡ ᠠᠷᠭ᠎ᠠ ᠪᠠᠷᠢᠯ ᠢᠶᠠᠷ ᠲᠠᠷᠢᠶᠠᠨ ᠡᠮ ᠢ ᠬᠡᠷᠡᠭᠯᠡᠬᠦ ᠬᠡᠮᠵᠢᠶ᠎ᠡ ᠶᠢ ᠠᠭᠠᠵᠢᠮ ᠢᠶᠠᠷ ᠪᠠᠭᠠᠰᠬᠠᠵᠤ᠂ ᠲᠠᠷᠢᠶᠠᠨ ᠡᠮ ᠢ ᠪᠠᠭᠠᠰᠬᠠᠬᠤ ᠲᠦᠯᠦᠪᠯᠡᠭᠡ ᠶᠢ ᠬᠡᠷᠡᠭᠵᠢᠭᠦᠯᠦᠨ᠂ ᠲᠠᠷᠢᠶᠠᠨ ᠡᠮ ᠢ ᠬᠡᠷᠡᠭᠯᠡᠬᠦ ᠬᠡᠮᠵᠢᠶ᠎ᠡ ᠶᠢ ᠰᠠᠶᠢᠨ ᠳᠤᠷ᠎ᠠ ᠠᠴᠠ ᠪᠠᠨ ᠪᠠᠭᠠᠰᠬᠠᠭᠰᠠᠳ ᠲᠤ ᠵᠤᠷᠢᠭᠵᠢᠭᠤᠯᠤᠯ ᠪᠠ ᠳᠡᠮᠵᠢᠯᠭᠡ ᠦᠵᠡᠭᠦᠯᠦᠨ᠎ᠡ᠃        ᠵᠢᠷᠭᠢᠭᠡ ᠶᠢᠨ ᠨᠡᠶᠢᠲᠡ ᠶᠢᠨ ᠨᠤᠮᠧᠷ ᠵᠦᠪᠰᠢᠶᠡᠷᠡᠯ ᠦᠭᠡᠢ ᠪᠠᠷ ᠰᠤᠨᠢᠨ ᠮᠡᠳᠡᠭᠡ ᠨᠡᠶᠢᠲᠡᠯᠡᠵᠦ ᠪᠤᠯᠬᠤ ᠦᠭᠡᠢ        ᠤᠯᠤᠰ ᠤᠨ ᠢᠨᠲ᠋ᠧᠷ ᠰᠦᠯᠵᠢᠶᠡᠨ ᠤ ᠮᠡᠳᠡᠭᠡ ᠵᠠᠩᠭᠢ ᠶᠢᠨ ᠠᠯᠪᠠᠨ ᠭᠡᠷ ᠤᠶᠢᠷ᠎ᠠ ᠳᠤ ︽ᠢᠨᠲ᠋ᠧᠷ ᠰᠦᠯᠵᠢᠶᠡᠨ ᠤ ᠰᠤᠨᠢᠨ ᠮᠡᠳᠡᠭᠡᠨ ᠤ ᠮᠡᠳᠡᠭᠡ ᠵᠠᠩᠭᠢ ᠶᠢᠨ ᠦᠢᠯᠡᠴᠢᠯᠡᠭᠡᠨ ᠤ ᠵᠦᠪᠰᠢᠶᠡᠷᠡᠯ ᠤᠨ ᠬᠠᠮᠢᠶᠠᠷᠤᠯᠲᠠ ᠶᠢᠨ ᠬᠡᠷᠡᠭᠵᠢᠭᠦᠯᠬᠦ ᠨᠠᠷᠢᠨ ᠳᠦᠷᠢᠮ︾ ᠢ ᠨᠡᠶᠢᠲᠡᠯᠡᠵᠦ᠂ ᠡᠨᠡ ᠰᠠᠷ᠎ᠠ ᠠᠴᠠ ᠡᠬᠢᠯᠡᠨ ᠬᠡᠷᠡᠭᠵᠢᠭᠦᠯᠪᠡ᠃ ᠨᠠᠷᠢᠨ ᠳᠦᠷᠢᠮ ᠳᠤ ᠳᠤᠷᠠᠳᠤᠭᠰᠠᠨ ᠢᠶᠠᠷ᠂ ᠢᠨᠲ᠋ᠧᠷ ᠰᠦᠯᠵᠢᠶᠡᠨ ᠤ ᠰᠤᠨᠢᠨ ᠮᠡᠳᠡᠭᠡᠨ ᠤ ᠮᠡᠳᠡᠭᠡ ᠵᠠᠩᠭᠢ ᠶᠢᠨ ᠦᠢᠯᠡᠴᠢᠯᠡᠭᠡ ᠳᠤ ᠢᠨᠲ᠋ᠧᠷ ᠰᠦᠯᠵᠢᠶᠡᠨ ᠤ ᠰᠤᠨᠢᠨ ᠮᠡᠳᠡᠭᠡᠨ ᠤ ᠮᠡᠳᠡᠭᠡ ᠵᠠᠩᠭᠢ ᠶᠢ ᠰᠤᠷᠪᠤᠯᠵᠢᠯᠠᠨ ᠨᠠᠶᠢᠷᠠᠭᠤᠯᠵᠤ ᠨᠡᠶᠢᠲᠡᠯᠡᠬᠦ ᠦᠢᠯᠡᠴᠢᠯᠡᠭᠡ᠂ ᠳᠠᠮᠵᠢᠭᠤᠯᠬᠤ ᠦᠢᠯᠡᠴᠢᠯᠡᠭᠡ᠂ ᠤᠯᠠᠮᠵᠢᠯᠠᠬᠤ ᠲᠠᠪᠴᠠᠩ ᠤᠨ ᠦᠢᠯᠡᠴᠢᠯᠡᠭᠡ ᠶᠢ ᠪᠠᠭᠲᠠᠭᠠᠨ᠎ᠠ᠃ ᠢᠨᠲ᠋ᠧᠷ ᠰᠦᠯᠵᠢᠶᠡᠨ ᠤ ᠰᠤᠨᠢᠨ ᠮᠡᠳᠡᠭᠡᠨ ᠤ ᠮᠡᠳᠡᠭᠡ ᠵᠠᠩᠭᠢ ᠶᠢ ᠰᠤᠷᠪᠤᠯᠵᠢᠯᠠᠨ ᠨᠠᠶᠢᠷᠠᠭᠤᠯᠵᠤ ᠨᠡᠶᠢᠲᠡᠯᠡᠬᠦ ᠦᠢᠯᠡᠴᠢᠯᠡᠭᠡ ᠶᠢ ᠬᠠᠩᠭᠠᠬᠤ ᠵᠦᠪᠰᠢᠶᠡᠷᠡᠯ ᠤᠯᠤᠭᠰᠠᠳ ᠢᠨᠲ᠋ᠧᠷ ᠰᠦᠯᠵᠢᠶᠡᠨ ᠤ ᠰᠤᠨᠢᠨ ᠮᠡᠳᠡᠭᠡᠨ ᠤ ᠮᠡᠳᠡᠭᠡ ᠵᠠᠩᠭᠢ ᠶᠢ ᠳᠠᠮᠵᠢᠭᠤᠯᠬᠤ ᠦᠢᠯᠡᠴᠢᠯᠡᠭᠡ ᠶᠢ ᠴᠦ ᠬᠠᠮᠲᠤ ᠳᠤᠨᠢ ᠬᠠᠩᠭᠠᠵᠤ ᠪᠤᠯᠤᠨ᠎ᠠ᠃ ᠢᠨᠲ᠋ᠧᠷ ᠰᠦᠯᠵᠢᠶᠡᠨ ᠤ ᠰᠤᠨᠢᠨ ᠮᠡᠳᠡᠭᠡᠨ ᠤ ᠮᠡᠳᠡᠭᠡ ᠵᠠᠩᠭᠢ ᠶᠢ ᠤᠯᠠᠮᠵᠢᠯᠠᠬᠤ ᠲᠠᠪᠴᠠᠩ ᠤᠨ ᠦᠢᠯᠡᠴᠢᠯᠡᠭᠡ ᠬᠠᠩᠭᠠᠬᠤ ᠵᠦᠪᠰᠢᠶᠡᠷᠡᠯ ᠢ ᠤᠯᠵᠤ ᠰᠤᠷᠪᠤᠯᠵᠢᠯᠠᠨ ᠨᠠᠶᠢᠷᠠᠭᠤᠯᠵᠤ ᠨᠡᠶᠢᠲᠡᠯᠡᠬᠦ ᠦᠢᠯᠡᠴᠢᠯᠡᠭᠡ᠂ ᠳᠠᠮᠵᠢᠭᠤᠯᠬᠤ ᠦᠢᠯᠡᠴᠢᠯᠡᠭᠡ ᠶᠢ ᠬᠠᠮᠲᠤ ᠳᠤᠨᠢ ᠬᠠᠩᠭᠠᠭᠰᠠᠳ ᠬᠠᠤᠯᠢ ᠶᠤᠰᠤᠭᠠᠷ ᠢᠨᠲ᠋ᠧᠷ ᠰᠦᠯᠵᠢᠶᠡᠨ ᠤ ᠰᠤᠨᠢᠨ ᠮᠡᠳᠡᠭᠡᠨ ᠤ ᠮᠡᠳᠡᠭᠡ ᠵᠠᠩᠭᠢ ᠶᠢ ᠰᠤᠷᠪᠤᠯᠵᠢᠯᠠᠨ ᠨᠠᠶᠢᠷᠠᠭᠤᠯᠵᠤ ᠨᠡᠶᠢᠲᠡᠯᠡᠬᠦ᠂ ᠳᠠᠮᠵᠢᠭᠤᠯᠬᠤ ᠦᠢᠯᠡᠴᠢᠯᠡᠭᠡᠨ ᠤ ᠵᠦᠪᠰᠢᠶᠡᠷᠡᠯ ᠢ ᠤᠯᠪᠠᠯ ᠵᠤᠬᠢᠨ᠎ᠠ᠃ ᠡᠭᠦᠨ ᠠᠴᠠ ᠭᠠᠳᠠᠨ᠎ᠠ᠂ ᠨᠠᠷᠢᠨ ᠳᠦᠷᠢᠮ ᠳᠤ ᠪᠠᠰᠠ ᠵᠦᠪᠰᠢᠶᠡᠷᠡᠯ ᠢ ᠰᠤᠯᠢᠵᠤ ᠬᠤᠪᠢᠷᠠᠭᠤᠯᠬᠤ᠂ ᠦᠷᠭᠦᠯᠵᠢᠯᠡᠨ ᠬᠢᠯᠭᠡᠬᠦ᠂ ᠳᠠᠩᠰᠠᠨ ᠠᠴᠠ ᠬᠠᠰᠤᠬᠤ ᠵᠡᠷᠭᠡ ᠭᠤᠭᠴᠤᠭᠠᠨ ᠤ ᠨᠦᠬᠦᠴᠡᠯ᠂ ᠪᠢᠴᠢᠭ ᠮᠠᠲ᠋ᠧᠷᠢᠶᠠᠯ᠂ ᠳᠡᠰ ᠳᠠᠷᠠᠭ᠎ᠠ ᠵᠡᠷᠭᠡ ᠳᠤ ᠲᠤᠳᠤᠷᠬᠠᠢ ᠱᠠᠭᠠᠷᠳᠠᠯᠭ᠎ᠠ ᠳᠤᠷᠠᠳᠴᠤ ᠤᠯᠠᠮ ᠴᠢᠨᠠᠭᠰᠢᠲᠠ ᠲᠡᠭᠦᠯᠳᠡᠷᠵᠢᠭᠦᠯᠪᠡ᠃ ᠡᠭᠦᠨ ᠳᠤ ︽ᠢᠨᠲ᠋ᠧᠷ ᠰᠦᠯᠵᠢᠶᠡᠨ ᠤ ᠰᠤᠨᠢᠨ ᠮᠡᠳᠡᠭᠡᠨ ᠤ ᠮᠡᠳᠡᠭᠡ ᠵᠠᠩᠭᠢ ᠶᠢᠨ ᠦᠢᠯᠡᠴᠢᠯᠡᠭᠡᠨ ᠤ ᠵᠦᠪᠰᠢᠶᠡᠷᠡᠯ ᠤᠨ ᠦᠨᠡᠮᠯᠡᠯ︾ ᠤᠨ ᠬᠦᠴᠦᠨ ᠪᠠ ᠤᠯᠤᠰ ᠤᠨ ᠠᠮᠤᠷ ᠲᠦᠪᠰᠢᠨ ᠳᠤ ᠬᠤᠯᠪᠤᠭᠳᠠᠬᠤ ᠴᠢᠬᠤᠯᠠ ᠰᠦᠯᠵᠢᠶᠡᠨ ᠤ ᠪᠦᠲᠦᠭᠡᠭᠳᠡᠭᠦᠨ ᠵᠡᠷᠭᠡ  ᠨᠢ ᠠᠮᠤᠷ ᠲᠦᠪᠰᠢᠨ ᠤ ᠬᠢᠨᠠᠨ ᠪᠠᠶᠢᠴᠠᠭᠠᠯᠲᠠ ᠶᠢ ᠬᠦᠯᠢᠶᠡᠨ᠎ᠡ᠃        ︽ᠰᠦᠯᠵᠢᠶᠡᠨ ᠤ ᠪᠦᠲᠦᠭᠡᠭᠳᠡᠭᠦᠨ ᠤ ᠦᠢᠯᠡᠴᠢᠯᠡᠭᠡᠨ ᠤ ᠠᠮᠤᠷ ᠲᠦᠪᠰᠢᠨ ᠤ ᠬᠢᠨᠠᠨ ᠪᠠᠶᠢᠴᠠᠭᠠᠯᠲᠠ ᠶᠢᠨ ᠠᠷᠭ᠎ᠠ ︵ᠲᠤᠷᠰᠢᠨ ᠬᠡᠷᠡᠭᠵᠢᠭᠦᠯᠬᠦ︶︾ ᠶᠢ ᠡᠨᠡ ᠰᠠᠷ᠎ᠠ ᠠᠴᠠ ᠡᠬᠢᠯᠡᠨ ᠬᠡᠷᠡᠭᠵᠢᠭᠦᠯᠵᠦ᠂ ᠵᠤᠷᠢᠯᠭ᠎ᠠ ᠨᠢ ᠰᠦᠯᠵᠢᠶᠡᠨ ᠤ ᠪᠦᠲᠦᠭᠡᠭᠳᠡᠭᠦᠨ ᠪᠠ ᠦᠢᠯᠡᠴᠢᠯᠡᠭᠡᠨ ᠤ ᠠᠮᠤᠷ ᠲᠦᠪᠰᠢᠨ ᠢ ᠡᠵᠡᠮᠳᠡᠬᠦ ᠬᠢᠷᠢ ᠲᠦᠪᠰᠢᠨ ᠢ ᠳᠡᠭᠡᠭᠰᠢᠯᠡᠭᠦᠯᠵᠦ᠂ ᠰᠦᠯᠵᠢᠶᠡᠨ ᠤ ᠠᠮᠤᠷ ᠲᠦᠪᠰᠢᠨ ᠤ ᠲᠦᠭᠰᠢᠭᠦᠷᠢ ᠶᠢ ᠰᠡᠷᠭᠡᠶᠢᠯᠡᠨ᠂ ᠤᠯᠤᠰ ᠤᠨ ᠠᠮᠤᠷ ᠲᠦᠪᠰᠢᠨ ᠢ ᠬᠠᠮᠠᠭᠠᠯᠠᠬᠤ ᠶᠢᠨ ᠲᠦᠯᠦᠭᠡ ᠶᠤᠮ᠃ ︽ᠠᠷᠭ᠎ᠠ︾ ᠳᠤ ᠵᠢᠭᠠᠵᠤ ᠭᠠᠷᠭᠠᠭᠰᠠᠨ ᠢᠶᠠᠷ᠂ ᠤᠯᠤᠰ ᠤᠨ ᠠᠮᠤᠷ ᠲᠦᠪᠰᠢᠨ ᠳᠤ ᠬᠤᠯᠪᠤᠭᠳᠠᠬᠤ ᠰᠦᠯᠵᠢᠶ᠎ᠡ ᠪᠠ ᠮᠡᠳᠡᠭᠡ ᠵᠠᠩᠭᠢ ᠶᠢᠨ ᠰᠢᠰᠲ᠋ᠧᠮ ᠠᠴᠠ ᠬᠤᠳᠠᠯᠳᠤᠨ ᠠᠪᠤᠭᠰᠠᠨ ᠴᠢᠬᠤᠯᠠ ᠰᠦᠯᠵᠢᠶᠡᠨ ᠤ ᠪᠦᠲᠦᠭᠡᠭᠳᠡᠭᠦᠨ ᠪᠠ ᠦᠢᠯᠡᠴᠢᠯᠡᠭᠡ ᠡᠷᠬᠡᠪᠰᠢ ᠰᠦᠯᠵᠢᠶᠡᠨ ᠤ ᠠᠮᠤᠷ ᠲᠦᠪᠰᠢᠨ ᠤ ᠬᠢᠨᠠᠨ ᠪᠠᠶᠢᠴᠠᠭᠠᠯᠲᠠ ᠶᠢ ᠦᠩᠭᠡᠷᠡᠭᠡᠬᠦ ᠬᠡᠷᠡᠭᠲᠡᠢ᠃        ᠮᠠᠨ ᠤ ᠤᠯᠤᠰ ᠰᠦᠯᠵᠢᠶᠡᠨ ᠤ ᠮᠡᠳᠡᠭᠡ ᠵᠠᠩᠭᠢ ᠶᠢᠨ ᠬᠠᠤᠯᠢ ᠬᠡᠷᠡᠭᠵᠢᠭᠦᠯᠬᠦ ᠭᠡᠷᠡᠴᠢ ᠶᠢᠨ ᠪᠠᠷᠢᠮᠵᠢᠶ᠎ᠠ ᠶᠢ ᠨᠢᠭᠡᠳᠬᠡᠪᠡ        ᠤᠯᠤᠰ ᠤᠨ ᠢᠨᠲ᠋ᠧᠷ ᠰᠦᠯᠵᠢᠶᠡᠨ ᠤ ᠮᠡᠳᠡᠭᠡ ᠵᠠᠩᠭᠢ ᠶᠢᠨ ᠠᠯᠪᠠᠨ ᠭᠡᠷ ᠠᠴᠠ ᠲᠦᠷᠦᠭᠦᠬᠡᠨ ᠨᠡᠶᠢᠲᠡᠯᠡᠭᠰᠡᠨ ︽ᠢᠨᠲ᠋ᠧᠷ ᠰᠦᠯᠵᠢᠶᠡᠨ ᠤ ᠮᠡᠳᠡᠭᠡ ᠵᠠᠩᠭᠢ ᠶᠢᠨ ᠠᠭᠤᠯᠭ᠎ᠠ ᠶᠢᠨ ᠬᠠᠮᠢᠶᠠᠷᠤᠯᠲᠠ ᠶᠢᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠳᠡᠰ ᠳᠠᠷᠠᠭ᠎ᠠ ᠶᠢᠨ ᠲᠤᠭᠲᠠᠭᠠᠯ︾ ᠢ ᠡᠨᠡ ᠰᠠᠷ᠎ᠠ ᠠᠴᠠ ᠡᠬᠢᠯᠡᠨ ᠬᠡᠷᠡᠭᠵᠢᠭᠦᠯᠪᠡ᠃ ᠤᠯᠤᠰ ᠤᠨ ᠢᠨᠲ᠋ᠧᠷ ᠰᠦᠯᠵᠢᠶᠡᠨ ᠤ ᠮᠡᠳᠡᠭᠡ ᠵᠠᠩᠭᠢ ᠶᠢᠨ ᠠᠯᠪᠠᠨ ᠭᠡᠷ ᠤᠨ ᠬᠠᠮᠢᠶ᠎ᠠ ᠪᠦᠬᠦᠢ ᠬᠠᠷᠢᠭᠤᠴᠠᠯᠭᠠᠲᠠᠨ ᠤ ᠢᠯᠡᠷᠬᠡᠶᠢᠯᠡᠭᠰᠡᠨ ᠢᠶᠠᠷ᠂ ᠲᠤᠰ ︽ᠲᠤᠭᠲᠠᠭᠠᠯ︾ ᠢ ᠲᠤᠭᠲᠠᠭᠠᠭᠰᠠᠨ ᠵᠤᠷᠢᠯᠲᠠ ᠨᠢ ᠢᠨᠲ᠋ᠧᠷ ᠰᠦᠯᠵᠢᠶᠡᠨ ᠤ ᠮᠡᠳᠡᠭᠡ ᠵᠠᠩᠭᠢ ᠶᠢᠨ ᠠᠭᠤᠯᠭ᠎ᠠ ᠶᠢᠨ ᠬᠠᠮᠢᠶᠠᠷᠤᠯᠲᠠ ᠶᠢᠨ ᠰᠠᠯᠠᠭ᠎ᠠ ᠮᠦᠴᠢᠷ ᠤᠨ ᠬᠠᠤᠯᠢ ᠶᠤᠰᠤᠭᠠᠷ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠡᠭᠦᠷᠭᠡ ᠬᠠᠷᠢᠭᠤᠴᠠᠯᠭ᠎ᠠ ᠶᠢ ᠳᠦᠷᠢᠮᠵᠢᠭᠦᠯᠦᠨ ᠪᠠᠲᠤᠯᠠᠵᠤ᠂ ᠵᠠᠰᠠᠭ ᠵᠠᠬᠢᠷᠭᠠᠨ ᠤ ᠰᠢᠳᠬᠡᠯ ᠲᠤᠷᠭᠠᠭᠤᠯᠢ ᠶᠢ ᠵᠦᠪ ᠤᠨᠤᠪᠴᠢᠲᠠᠢ ᠬᠡᠷᠡᠭᠵᠢᠭᠦᠯᠦᠨ᠂ ᠡᠷᠬᠡᠲᠦ ᠠᠷᠠᠳ᠂ ᠬᠠᠤᠯᠢ ᠶᠢᠨ ᠲᠦᠯᠦᠭᠡᠨ ᠤ ᠬᠦᠮᠦᠨ ᠪᠠ ᠪᠤᠰᠤᠳ ᠵᠤᠬᠢᠶᠠᠨ ᠪᠠᠶᠢᠭᠤᠯᠤᠯᠲᠠ ᠶᠢᠨ ᠬᠠᠤᠯᠢ ᠶᠤᠰᠤᠨ ᠤ ᠡᠷᠬᠡ ᠠᠰᠢᠭ ᠢ ᠬᠠᠮᠠᠭᠠᠯᠠᠵᠤ᠂ ᠢᠨᠲ᠋ᠧᠷ ᠰᠦᠯᠵᠢᠶᠡᠨ ᠤ ᠮᠡᠳᠡᠭᠡ ᠵᠠᠩᠭᠢ ᠶᠢᠨ ᠦᠢᠯᠡᠴᠢᠯᠡᠭᠡᠨ ᠤ ᠡᠷᠡᠭᠦᠯ ᠡᠮᠬᠢ ᠲᠢᠭᠯᠢᠮ ᠲᠠᠢ ᠬᠦᠭᠵᠢᠯᠲᠡ ᠶᠢ ᠠᠬᠢᠭᠤᠯᠬᠤ ᠶᠢᠨ ᠲᠦᠯᠦᠭᠡ ᠶᠤᠮ᠃        5 ᠲᠦᠷᠦᠯ ᠤᠨ ᠪᠤᠭᠤᠯᠲᠠ ᠶᠢ ᠬᠢᠯᠢ ᠶᠢᠨ ᠪᠤᠭᠤᠮᠲᠠ ᠪᠠᠷ ᠤᠷᠤᠭᠤᠯᠬᠤ ᠦᠭᠡᠢ        ᠳᠤᠮᠳᠠᠳᠤ ᠤᠯᠤᠰ ᠤᠨ ᠪᠤᠭᠤᠮᠲᠠ ᠶᠢᠨ ᠶᠡᠷᠦᠩᠬᠡᠢ ᠵᠠᠬᠢᠷᠭᠠᠨ ᠤ ᠨᠡᠶᠢᠲᠡᠯᠡᠭᠰᠡᠨ ︽ᠠᠶᠠᠨᠴᠢᠳ ᠤᠨ ᠪᠤᠭᠤᠮᠲᠠ ᠪᠠᠷ ᠲᠦᠷ ᠤᠷᠤᠭᠤᠯᠵᠤ ᠪᠤᠯᠬᠤ ᠦᠭᠡᠢ ᠪᠤᠭᠤᠯᠲᠠ ᠶᠢ ᠲᠦᠷ ᠬᠠᠳᠠᠭᠠᠯᠠᠬᠤ ᠲᠤᠬᠠᠢ ᠠᠯᠪᠠᠨ ᠮᠡᠳᠡᠭᠡ︾ ᠶᠢ ᠡᠨᠡ ᠰᠠᠷ᠎ᠠ ᠠᠴᠠ ᠡᠬᠢᠯᠡᠨ ᠬᠡᠷᠡᠭᠵᠢᠭᠦᠯᠪᠡ᠂ ᠬᠢᠯᠢ ᠶᠢᠨ ᠪᠤᠭᠤᠮᠲᠠ ᠪᠠᠷ ᠤᠷᠤᠭᠤᠯᠵᠤ ᠪᠤᠯᠬᠤ ᠦᠭᠡᠢ 5 ᠲᠦᠷᠦᠯ ᠤᠨ ᠪᠤᠭᠤᠯᠲᠠ ᠶᠢ ᠡᠭᠦᠨ ᠳᠤ ᠲᠤᠳᠤᠷᠬᠠᠢ ᠲᠤᠭᠲᠠᠭᠠᠪᠠ᠃ ︽ᠠᠯᠪᠠᠨ ᠮᠡᠳᠡᠭᠡ︾ ᠳᠤ ᠬᠠᠷᠠᠭᠤᠯᠤᠭᠰᠠᠨ ᠢᠶᠠᠷ᠂ ᠠᠶᠠᠨᠴᠢᠳ ᠤᠨ ᠬᠢᠯᠢ ᠪᠠᠷ ᠭᠠᠷᠴᠤ ᠤᠷᠤᠬᠤ ᠳᠠᠭᠠᠨ ᠠᠪᠴᠤ ᠶᠠᠪᠤᠭ᠎ᠠ ᠪᠤᠭᠤᠯᠲᠠ ᠨᠢ ᠳᠤᠤᠷᠠᠬᠢ ᠪᠠᠶᠢᠳᠠᠯ ᠤᠨ ᠨᠢᠭᠡ ᠨᠢ ᠪᠠᠶᠢᠪᠠᠯ ᠪᠤᠭᠤᠮᠲᠠ ᠪᠠᠷ ᠤᠷᠤᠭᠤᠯᠵᠤ ᠭᠠᠷᠭᠠᠬᠤ ᠦᠭᠡᠢ᠄ 1. ᠠᠶᠠᠨᠴᠢᠳ ᠬᠢᠯᠢ ᠪᠠᠷ ᠤᠷᠤᠭᠤᠯᠬᠤ ᠪᠤᠳᠠᠰ ᠤᠨ ᠢᠶᠠᠨ ᠭᠠᠶᠢᠯᠢ ᠶᠢ ᠲᠤᠬᠠᠢ ᠶᠢᠨ ᠲᠠᠯᠠᠪᠤᠷ ᠲᠤᠨᠢ ᠲᠤᠰᠢᠶᠠᠭᠰᠠᠨ ᠦᠭᠡᠢ︔ 2. ᠬᠢᠯᠢ ᠪᠠᠷ ᠤᠷᠤᠭᠤᠯᠵᠤ ᠭᠠᠷᠭᠠᠬᠤ ᠪᠤᠳᠠᠰ ᠨᠢ ᠵᠦᠪᠰᠢᠶᠡᠷᠡᠯ ᠤᠨ ᠦᠨᠡᠮᠯᠡᠯ ᠭᠡᠷᠡᠴᠢ ᠶᠢᠨ ᠬᠠᠮᠢᠶᠠᠷᠤᠯᠲᠠ ᠶᠢᠨ ᠬᠡᠪᠴᠢᠶᠡᠨ ᠳᠤ ᠬᠠᠷᠢᠶᠠᠯᠠᠭᠳᠠᠬᠤ ᠪᠤᠯᠪᠠᠴᠤ ᠠᠶᠠᠨᠴᠢᠳ ᠲᠤᠬᠠᠢ ᠶᠢᠨ ᠲᠠᠯᠠᠪᠤᠷ ᠲᠤ ᠬᠠᠩᠭᠠᠵᠤ ᠳᠡᠶᠢᠯᠬᠦ ᠦᠭᠡᠢ︔ 3. ᠬᠢᠯᠢ ᠪᠠᠷ ᠤᠷᠤᠭᠤᠯᠵᠤ ᠭᠠᠷᠭᠠᠬᠤ ᠪᠤᠳᠠᠰ ᠨᠢ ᠦᠪᠡᠷᠰᠡᠳ ᠢᠶᠠᠨ ᠬᠡᠷᠡᠭᠯᠡᠬᠦ ᠵᠤᠬᠢᠰᠲᠠᠢ ᠲᠤᠭ᠎ᠠ ᠠᠴᠠ ᠬᠡᠲᠦᠷᠡᠭᠰᠡᠨ ᠪᠤᠯ ᠲᠤᠭᠲᠠᠭᠠᠯ ᠶᠤᠰᠤᠭᠠᠷ ᠪᠤᠭᠤᠮᠲᠠ ᠳᠤ ᠮᠡᠳᠡᠭᠦᠯᠬᠦ ᠭᠠᠷ ᠭᠦᠢᠴᠡᠳᠬᠡᠯ ᠬᠢᠯᠭᠡᠬᠦ ᠪᠤᠶᠤ ᠪᠤᠰᠤᠳ ᠪᠤᠭᠤᠮᠲᠠ ᠶᠢᠨ ᠭᠠᠷ ᠭᠦᠢᠴᠡᠳᠬᠡᠯ ᠬᠢᠯᠭᠡᠬᠦ ᠶᠤᠰᠤᠲᠠᠢ ᠪᠤᠯᠪᠠᠴᠤ ᠬᠠᠷᠠᠬᠠᠨ ᠬᠢᠯᠭᠡᠭᠡᠳᠦᠢ︔ 4. ᠬᠢᠯᠢ ᠪᠠᠷ ᠤᠷᠤᠭᠤᠯᠵᠤ ᠭᠠᠷᠭᠠᠬᠤ ᠪᠤᠳᠠᠰ ᠤᠨ ᠬᠠᠷᠢᠶᠠᠯᠠᠯ ᠠᠭᠤᠯᠭ᠎ᠠ ᠨᠢ ᠰᠡᠵᠢᠭᠯᠡᠯᠲᠡᠢ᠂ ᠬᠠᠮᠢᠶ᠎ᠠ ᠪᠦᠬᠦᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠢᠶᠠᠷ ᠮᠠᠭᠠᠳᠯᠠᠨ ᠲᠤᠭᠲᠠᠭᠠᠬᠤ᠂ ᠬᠢᠨᠠᠨ ᠲᠤᠭᠲᠠᠭᠠᠯ ᠬᠢᠯᠭᠡᠬᠦ᠂ ᠰᠢᠯᠭᠠᠨ ᠬᠠᠷᠭᠤᠭᠤᠯᠬᠤ ᠴᠢᠬᠤᠯᠠᠲᠠᠢ︔ 5. ᠲᠤᠭᠲᠠᠭᠠᠯ ᠶᠤᠰᠤᠭᠠᠷ ᠲᠦᠷ ᠤᠷᠤᠭᠤᠯᠵᠤ ᠪᠤᠯᠬᠤ ᠦᠭᠡᠢ ᠪᠤᠰᠤᠳ ᠪᠤᠳᠠᠰ᠃        ᠤᠰᠤᠨ ᠠᠰᠢᠭᠯᠠᠯᠲᠠ ᠤᠰᠤᠨ ᠴᠠᠬᠢᠯᠭᠠᠨ ᠤ ᠪᠠᠷᠢᠯᠭ᠎ᠠ ᠳᠤ ᠭᠠᠵᠠᠷ ᠲᠠᠲᠠᠪᠤᠷᠢᠯᠠᠬᠤ ᠲᠦᠯᠦᠪᠦᠷᠢ ᠶᠢᠨ ᠰᠢᠨ᠎ᠡ ᠲᠤᠭᠲᠠᠭᠠᠯ ᠭᠠᠷᠪᠠ        ︽ᠲᠦᠷᠦ ᠶᠢᠨ ᠶᠠᠪᠤᠳᠠᠯ ᠤᠨ ᠬᠤᠷᠢᠶᠠᠨ ᠤ ︿ᠲᠤᠮᠤ ᠳᠤᠮᠳᠠ ᠬᠡᠯᠪᠡᠷᠢ ᠶᠢᠨ ᠤᠰᠤᠨ ᠠᠰᠢᠭᠯᠠᠯᠲᠠ ᠤᠰᠤᠨ ᠴᠠᠬᠢᠯᠭᠠᠨ ᠤ ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠳᠤ ᠭᠠᠵᠠᠷ ᠲᠠᠲᠠᠪᠤᠷᠢᠯᠠᠬᠤ ᠲᠦᠯᠦᠪᠦᠷᠢ ᠪᠠ ᠠᠷᠠᠳ ᠢ ᠨᠡᠭᠦᠯᠭᠡᠨ ᠲᠤᠬᠢᠷᠠᠭᠤᠯᠬᠤ ᠳᠦᠷᠢᠮ﹀ ᠳᠤ ᠵᠠᠰᠠᠪᠤᠷᠢ ᠤᠷᠤᠭᠤᠯᠬᠤ ᠲᠤᠬᠠᠢ ᠰᠢᠢᠳᠪᠦᠷᠢ︾ ᠶᠢ ᠡᠨᠡ ᠰᠠᠷ᠎ᠠ ᠠᠴᠠ ᠡᠬᠢᠯᠡᠨ ᠬᠡᠷᠡᠭᠵᠢᠭᠦᠯᠪᠡ᠃ ᠲᠤᠰ ᠲᠦᠷᠦ ᠶᠢᠨ ᠪᠤᠳᠤᠯᠭ᠎ᠠ ᠶᠢ ᠬᠠᠤᠯᠢᠵᠢᠭᠤᠯᠬᠤ ᠶᠢᠨ ᠲᠦᠯᠦᠭᠡ᠂ ᠲᠤᠰ ᠳᠦᠷᠢᠮ ᠳᠤ ᠲᠤᠭᠲᠠᠭᠠᠭᠰᠠᠨ ᠢᠶᠠᠷ᠂ ᠲᠤᠮᠤ ᠳᠤᠮᠳᠠ ᠬᠡᠯᠪᠡᠷᠢ ᠶᠢᠨ ᠤᠰᠤᠨ ᠠᠰᠢᠭᠯᠠᠯᠲᠠ ᠤᠰᠤᠨ ᠴᠠᠬᠢᠯᠭᠠᠨ ᠤ ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠳᠤ ᠭᠠᠵᠠᠷ ᠲᠠᠲᠠᠪᠤᠷᠢᠯᠠᠬᠤ ᠲᠦᠯᠦᠪᠦᠷᠢ ᠪᠠ ᠠᠷᠠᠳ ᠢ ᠨᠡᠭᠦᠯᠭᠡᠨ ᠲᠤᠬᠢᠷᠠᠭᠤᠯᠬᠤ ᠨᠦᠬᠦᠪᠦᠷᠢ ᠳᠤ ᠲᠡᠮᠦᠷ ᠵᠠᠮ ᠵᠡᠷᠭᠡ ᠰᠠᠭᠤᠷᠢ ᠲᠦᠬᠦᠭᠡᠷᠦᠮᠵᠢ ᠶᠢᠨ ᠲᠦᠷᠦᠯ ᠵᠦᠢᠯ ᠳᠤ ᠬᠡᠷᠡᠭᠯᠡᠬᠦ ᠭᠠᠵᠠᠷ ᠲᠠᠢ ᠠᠳᠠᠯᠢ ᠳᠡᠰ ᠤᠨ ᠨᠦᠬᠦᠪᠦᠷᠢ ᠶᠢᠨ ᠪᠠᠷᠢᠮᠵᠢᠶ᠎ᠠ ᠶᠢ ᠬᠡᠷᠡᠭᠵᠢᠭᠦᠯᠵᠦ᠂ ᠲᠠᠲᠠᠪᠤᠷᠢᠯᠠᠭᠰᠠᠨ ᠭᠠᠵᠠᠷ ᠰᠢᠷᠤᠢ ᠶᠢᠨ ᠪᠠᠶᠢᠭ᠎ᠠ ᠮᠤᠵᠢ᠂ ᠦᠪᠡᠷᠲᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠲᠠ ᠶᠢᠨ ᠲᠤᠭᠲᠠᠭᠠᠯ ᠤᠨ ᠪᠠᠷᠢᠮᠵᠢᠶ᠎ᠠ ᠶᠤᠰᠤᠭᠠᠷ ᠬᠡᠷᠡᠭᠵᠢᠭᠦᠯᠬᠦ ᠬᠡᠷᠡᠭᠲᠡᠢ ᠭᠡᠪᠡ᠃        ᠡᠳ᠋ ᠬᠦᠷᠦᠩᠭᠡ ᠶᠢ ᠦᠨᠡᠯᠡᠬᠦ ᠠᠵᠢᠯ ᠲᠦᠷᠦᠯ ᠤᠨ ᠡᠳ᠋ ᠤᠨ ᠵᠠᠰᠠᠭ ᠤᠨ ᠬᠢᠨᠠᠨ ᠬᠠᠮᠢᠶᠠᠷᠤᠯᠲᠠ ᠶᠢᠨ ᠠᠷᠭ᠎ᠠ ᠶᠢ ᠬᠡᠷᠡᠭᠵᠢᠭᠦᠯᠪᠡ        ᠡᠳ᠋ ᠤᠨ ᠵᠠᠰᠠᠭ ᠤᠨ ᠶᠠᠮᠤᠨ ᠤ ᠰᠦᠯᠵᠢᠶᠡᠨ ᠤ ᠦᠷᠲᠡᠭᠡᠨ ᠤ ᠮᠡᠳᠡᠭᠡ ᠶᠢ ᠦᠨᠳᠦᠰᠦᠯᠡᠪᠡᠯ᠂ ᠡᠳ᠋ ᠤᠨ ᠵᠠᠰᠠᠭ ᠤᠨ ᠶᠠᠮᠤᠨ ᠠᠴᠠ ︽ᠡᠳ᠋ ᠬᠦᠷᠦᠩᠭᠡ ᠶᠢ ᠦᠨᠡᠯᠡᠬᠦ ᠠᠵᠢᠯ ᠲᠦᠷᠦᠯ ᠤᠨ ᠡᠳ᠋ ᠤᠨ ᠵᠠᠰᠠᠭ ᠤᠨ ᠬᠢᠨᠠᠨ ᠬᠠᠮᠢᠶᠠᠷᠤᠯᠲᠠ ᠶᠢᠨ ᠠᠷᠭ᠎ᠠ︾ ᠶᠢ ᠲᠦᠷᠦᠭᠦᠬᠡᠨ ᠨᠡᠶᠢᠲᠡᠯᠡᠵᠦ᠂ ᠡᠨᠡ ᠰᠠᠷ᠎ᠠ ᠠᠴᠠ ᠡᠬᠢᠯᠡᠨ ᠬᠡᠷᠡᠭᠵᠢᠭᠦᠯᠪᠡ᠃ ᠡᠨᠡ  ᠨᠢ ᠡᠳ᠋ ᠬᠦᠷᠦᠩᠭᠡ ᠶᠢ ᠦᠨᠡᠯᠡᠬᠦ ᠠᠵᠢᠯ ᠲᠦᠷᠦᠯ ᠤᠨ ᠡᠳ᠋ ᠤᠨ ᠵᠠᠰᠠᠭ ᠤᠨ ᠬᠢᠨᠠᠨ ᠬᠠᠮᠢᠶᠠᠷᠤᠯᠲᠠ ᠶᠢ ᠴᠢᠩᠭᠠᠳᠬᠠᠵᠤ᠂ ᠡᠳ᠋ ᠬᠦᠷᠦᠩᠭᠡ ᠶᠢ ᠦᠨᠡᠯᠡᠬᠦ ᠠᠵᠢᠯ ᠲᠦᠷᠦᠯ ᠤᠨ ᠡᠷᠡᠭᠦᠯ ᠬᠦᠭᠵᠢᠯᠲᠡ ᠶᠢ ᠠᠬᠢᠭᠤᠯᠬᠤ ᠶᠢᠨ ᠲᠦᠯᠦᠭᠡ ᠶᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号