ᠮᠤᠩᠭᠤᠯᠴᠤᠳ ᠤᠨ ᠮᠢᠩᠭ᠎ᠠ ᠭᠠᠷᠤᠢ ᠵᠢᠯ ᠤᠨ ᠳᠡᠤᠬᠡ ᠶᠢ ᠮᠢᠩᠭᠠᠨ ᠵᠢᠷᠤᠭ ᠢᠶᠠᠷ ᠢᠯᠡᠷᠡᠬᠦᠯᠦᠭᠰᠡᠨ ︽ᠮᠤᠩᠭᠤᠯ ᠦᠨᠳᠦᠰᠦᠳᠡᠨ ᠤ ᠨᠡᠪᠳᠡᠷᠬᠡᠢ ᠳᠡᠤᠬᠡ︾ ᠨᠤᠮ
ᠨᠡᠶᠢᠲᠡᠯᠡᠭᠰᠡᠨ ᠴᠠᠭ᠄
2017-03-10
       ᠮᠤᠩᠭᠤᠯ ᠳᠡᠤᠬᠡ ᠶᠢᠨ ᠠᠬᠠᠮᠠᠳ ᠡᠷᠳᠡᠮᠳᠡᠨ ᠯᠢᠦ ᠶᠢᠨ ᠰᠦᠸᠧ ᠡᠷᠬᠢᠯᠡᠨ ᠨᠠᠶᠢᠷᠠᠭᠤᠯᠵᠤ᠂ ᠮᠤᠩᠭᠤᠯ ᠦᠨᠳᠦᠰᠦᠳᠡᠨ ᠤ ᠠᠯᠳᠠᠷᠳᠤ ᠵᠢᠷᠤᠭᠴᠢᠨ ᠷᠡᠰᠢ ᠵᠢᠷᠤᠭ ᠢ ᠵᠢᠷᠤᠭᠰᠠᠨ ︽ᠮᠤᠩᠭᠤᠯ ᠦᠨᠳᠦᠰᠦᠳᠡᠨ ᠤ ᠨᠡᠪᠳᠡᠷᠬᠡᠢ ᠳᠡᠤᠬᠡ︾ ᠬᠡᠮᠡᠬᠦ ᠵᠢᠷᠤᠭᠴᠢᠯᠠᠭᠰᠠᠨ ᠳᠡᠪᠳᠡᠷ 2004 ᠤᠨ ᠳᠤ ᠦᠪᠦᠷ ᠮᠤᠩᠭᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶᠠᠨ ᠠᠴᠠ ᠬᠢᠳᠠᠳ ᠢᠶᠠᠷ ᠬᠡᠪᠯᠡᠭᠳᠡᠨ᠂ ᠠᠬ᠎ᠠ ᠳᠡᠬᠦᠦ ᠦᠨᠳᠦᠰᠦᠳᠡᠨ ᠨᠦᠭᠦᠳ ᠤᠨ ᠦᠰᠪᠦᠷᠢ ᠶᠢᠨ ᠤᠩᠰᠢᠭᠴᠢᠳ ᠤᠨ ᠠᠯᠠᠭᠠᠨ ᠳᠤ ᠳᠠᠯᠪᠢᠭᠳᠠᠭᠰᠠᠨ ᠪᠢᠯᠡ᠃ ᠮᠤᠩᠭᠤᠯᠴᠤᠳ ᠤᠨ ᠮᠢᠩᠭ᠎ᠠ ᠭᠠᠷᠤᠢ ᠵᠢᠯ ᠤᠨ ᠳᠡᠤᠬᠡ ᠶᠢ ᠮᠢᠩᠭᠠᠨ ᠵᠢᠷᠤᠭ ᠲᠤ ᠪᠠᠭᠳᠠᠭᠠᠨ ᠢᠯᠡᠷᠡᠬᠦᠯᠦᠭᠰᠡᠨ ᠬᠡᠮᠡᠨ ᠳᠤᠬᠠᠢ ᠶᠢᠨ ᠦᠶ᠎ᠡ ᠳᠤ ᠨᠡᠷ᠎ᠡ ᠠᠯᠳᠠᠷᠰᠢᠭᠰᠠᠨ ᠡᠨᠡ ᠵᠢᠷᠤᠭᠴᠢᠯᠠᠭᠰᠠᠨ ᠨᠤᠮ ᠰᠠᠶ᠋ᠢᠬᠠᠨ ᠮᠦᠨ ᠦᠪᠦᠷ ᠮᠤᠩᠭᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶᠠᠨ ᠠᠴᠠ ᠮᠤᠩᠭᠤᠯ ᠢᠶᠠᠷ ᠬᠡᠪᠯᠡᠭᠳᠡᠨ ᠵᠠᠯᠠᠭᠤᠴᠤᠳ ᠪᠠᠭᠠᠴᠤᠳ ᠤᠨ ᠠᠯᠠᠭᠠᠨ ᠳᠤ ᠳᠠᠯᠪᠢᠭᠳᠠᠯ᠎ᠠ᠃
       ᠪᠦᠬᠦ ᠨᠤᠮ ᠳᠡᠬᠡᠳᠦ᠂ ᠳᠤᠮᠳᠠᠳᠤ᠂ ᠳᠤᠤᠷᠠᠳᠤ ᠭᠤᠷᠪᠠᠨ ᠪᠤᠳᠢ ᠳᠦᠷᠪᠡᠨ ᠪᠦᠯᠦᠭ ᠲᠤ ᠬᠤᠪᠢᠶᠠᠭᠳᠠᠵᠠᠢ᠃ ᠨᠢᠬᠡᠳᠦᠬᠡᠷ ᠪᠦᠯᠦᠭ ᠲᠤ ᠮᠤᠩᠭᠤᠯ ᠬᠠᠭᠠᠨᠳᠤ ᠤᠯᠤᠰ ᠤᠨ ᠪᠠᠶᠢᠭᠤᠯᠤᠭᠳᠠᠭᠰᠠᠨ ᠪᠠ ᠵᠠᠳᠠᠷᠠᠭᠰᠠᠨ︔ ᠬᠤᠶᠠᠳᠤᠭᠠᠷ ᠪᠦᠯᠦᠭ ᠲᠤ ᠶᠤᠧᠠᠨ ᠤᠯᠤᠰ ᠤᠨ ᠪᠠᠶᠢᠭᠤᠯᠤᠭᠳᠠᠭᠰᠠᠨ ᠪᠠ ᠮᠤᠩᠭᠤᠯ ᠤᠨ ᠹᠧᠤᠳᠠᠯ ᠤᠨ ᠪᠠᠶᠢᠭᠤᠯᠤᠯ ᠤᠨ ᠪᠦᠷᠢᠯᠳᠦᠭᠰᠡᠨ ᠪᠠ ᠳᠤᠭᠳᠠᠨᠢᠭᠰᠠᠨ︔ ᠭᠤᠷᠪᠠᠳᠤᠭᠠᠷ ᠪᠦᠯᠦᠭ ᠲᠤ ᠶᠤᠧᠠᠨ ᠤᠯᠤᠰ ᠤᠨ ᠬᠠᠭᠠᠨ ᠳᠦᠷᠦ ᠶᠢᠨ ᠤᠮᠠᠷᠠᠰᠢ ᠤᠬᠤᠷᠢᠭᠰᠠᠨ ᠤ ᠳᠠᠷᠠᠭᠠᠬᠢ ᠮᠤᠩᠭᠤᠯᠴᠤᠳ ᠤᠨ ᠪᠠᠶᠢᠳᠠᠯ︔ ᠳᠦᠷᠪᠡᠳᠦᠬᠡᠷ ᠪᠦᠯᠦᠭ ᠲᠤ ᠴᠢᠩ ᠳᠦᠷᠦ ᠶᠢᠨ ᠨᠤᠶᠠᠷᠬᠠᠯ ᠤᠨ ᠦᠶ᠎ᠡ ᠳᠠᠬᠢ ᠮᠤᠩᠭᠤᠯᠴᠤᠳ ᠤᠨ ᠪᠠᠶᠢᠳᠠᠯ ᠢ ᠳᠤᠰ ᠳᠤᠰ ᠬᠦᠤᠷᠨᠢᠨ ᠳᠤᠭᠠᠴᠢᠪᠠ᠃ ᠳᠡᠤᠬᠡ ᠶᠢᠨ ᠶᠠᠪᠤᠴᠠ ᠶᠢ ᠪᠦᠯᠦᠭ᠂ ᠬᠡᠰᠡᠭ ᠬᠤᠪᠢᠶᠠᠨ ᠬᠦᠤᠷᠨᠢᠨ ᠳᠤᠭᠠᠴᠢᠬᠤ ᠳᠤ ᠪᠠᠨ ᠦᠯᠢᠬᠡᠷ ᠤᠴᠢᠷ ᠶᠠᠪᠤᠳᠠᠯ ᠢᠶᠠᠷ ᠳᠡᠤᠬᠡ ᠶᠢ ᠬᠡᠯᠬᠢᠨ᠂ ᠳᠡᠤᠬᠡ ᠶᠢᠨ ᠬᠡᠷᠡᠭ ᠤᠴᠢᠷ ᠢ ᠬᠦᠤᠷᠨᠢᠨ ᠳᠤᠭᠠᠴᠢᠬᠤ ᠳᠤᠮᠳᠠ ᠳᠡᠤᠬᠡ ᠶᠢᠨ ᠮᠡᠳᠡᠯᠬᠡ ᠤᠯᠠᠮᠵᠢᠯᠠᠬᠤ ᠶᠢ ᠬᠢᠴᠢᠶᠡᠭᠰᠡᠨ ᠪᠠᠶᠢᠨ᠎ᠠ᠃
       ᠳᠤᠮᠳᠠᠳᠤ ᠶᠢᠨ ᠦᠨᠳᠦᠰᠦᠳᠡᠨ ᠤ ᠬᠦᠭᠵᠢᠯ ᠤᠨ ᠳᠡᠤᠬᠡᠨ ᠳᠡᠬᠡᠷ᠎ᠡ ᠮᠤᠩᠭᠤᠯ ᠦᠨᠳᠦᠰᠦᠳᠡᠨ ᠤ ᠪᠠᠭᠠᠳᠤᠷ ᠬᠦᠮᠦᠰ ᠮᠠᠰᠢ ᠤᠯᠠᠨ ᠴᠤᠯᠭᠤᠷᠠᠨ ᠭᠠᠷᠴᠤ᠂ ᠡᠬᠡ ᠤᠯᠤᠰ ᠤᠨ ᠨᠢᠬᠡᠳᠦᠯ ᠪᠠ ᠬᠦᠭᠵᠢᠯ ᠪᠠᠳᠠᠷᠠᠯ ᠳᠤ ᠦᠪᠡᠷ ᠦᠪᠡᠷ ᠤᠨ ᠢᠶᠠᠨ ᠬᠤᠪᠢ ᠨᠡᠮᠡᠷᠢ ᠪᠠᠨ ᠦᠵᠡᠬᠦᠯᠦᠭᠰᠡᠨ ᠪᠠᠶᠢᠳᠠᠭ᠃ ᠡᠶᠢᠮᠤ ᠠᠴᠠ᠂ ᠳᠤᠰ ᠨᠤᠮ ᠳᠤ ᠮᠤᠩᠭᠤᠯ ᠦᠨᠳᠦᠰᠦᠳᠡᠨ ᠤ ᠳᠡᠤᠬᠡᠨ ᠬᠦᠮᠦᠰ ᠤᠨ ᠳᠡᠤᠬᠡᠳᠦ ᠦᠢᠯᠡᠳᠦᠯ ᠢ ᠵᠤᠬᠢᠰᠳᠠᠢ ᠪᠠᠷ ᠳᠠᠨᠢᠯᠴᠠᠭᠤᠯᠬᠤ ᠶᠢ ᠮᠦᠨ ᠴᠤ ᠠᠩᠬᠠᠷᠴᠠᠢ᠃
       ᠵᠢᠷᠤᠭᠴᠢᠯᠠᠭᠰᠠᠨ ᠳᠡᠪᠳᠡᠷ ︽ᠮᠤᠩᠭᠤᠯ ᠦᠨᠳᠦᠰᠦᠳᠡᠨ ᠤ ᠨᠡᠪᠳᠡᠷᠬᠡᠢ ᠳᠡᠤᠬᠡ︾ ᠳᠤ ᠤᠳᠤ ᠪᠤᠯᠳᠠᠯᠠᠬᠢ ᠤᠯᠤᠰ ᠤᠨ ᠳᠤᠳᠤᠭᠠᠳᠤ ᠭᠠᠳᠠᠭᠠᠳᠤ ᠶᠢᠨ ᠮᠤᠩᠭᠤᠯ ᠤᠨ ᠳᠡᠤᠬᠡ ᠶᠢᠨ ᠰᠤᠳᠤᠯᠭᠠᠨ ᠤ ᠬᠠᠮᠤᠭ ᠤᠨ ᠰᠢᠨ᠎ᠡ ᠦᠷ᠎ᠡ ᠪᠦᠳᠦᠬᠡᠯ ᠢ ᠰᠢᠩᠬᠡᠬᠡᠨ ᠠᠪᠴᠤ᠂ ᠮᠤᠩᠭᠤᠯ ᠦᠨᠳᠦᠰᠦᠳᠡᠨ ᠤ ᠳᠡᠤᠬᠡ ᠶᠢᠨ ᠬᠦᠭᠵᠢᠯᠳᠡ ᠶᠢᠨ ᠳᠤᠳᠤᠭᠠᠳᠤ ᠵᠢᠮ᠎ᠡ ᠶᠤᠰᠤ ᠶᠢ ᠪᠤᠰᠤᠳᠴᠢ ᠪᠠᠷ ᠪᠦᠷᠢᠨ ᠬᠦᠢᠴᠡᠳ ᠳᠤᠰᠬᠠᠨ ᠦᠵᠡᠬᠦᠯᠵᠤ᠂ ᠦᠨᠳᠦᠰᠦᠳᠡᠨ ᠤ ᠳᠡᠤᠬᠡ ᠶᠢᠨ ᠬᠡᠷᠡᠭ ᠶᠠᠪᠤᠳᠠᠯ ᠤᠨ ᠳᠠᠯ᠎ᠡ ᠪᠠᠷ ᠬᠢᠳᠠᠳ ᠬᠡᠯᠡᠨ ᠤ᠂ ᠭᠠᠳᠠᠭᠠᠳᠤ ᠬᠡᠯᠡᠨ ᠤ ᠳᠡᠤᠬᠡ ᠶᠢᠨ ᠮᠠᠲ᠋ᠧᠷᠢᠶᠠᠯ ᠢ ᠠᠰᠢᠭᠯᠠᠭᠰᠠᠨ ᠠᠴᠠ ᠭᠠᠳᠠᠨ᠎ᠠ᠂ ᠮᠤᠩᠭᠤᠯ ᠦᠨᠳᠦᠰᠦᠳᠡᠨ ᠤ ᠦᠪᠡᠷ ᠤᠨ ᠤᠯᠠᠨ ᠵᠢᠯ ᠬᠤᠷᠠᠮᠳᠤᠭᠤᠯᠤᠭᠰᠠᠨ ᠳᠡᠤᠬᠡ ᠶᠢᠨ ᠮᠠᠲ᠋ᠧᠷᠢᠶᠠᠯ ᠢ ᠬᠦᠢᠴᠡᠳ ᠠᠰᠢᠭᠯᠠᠭᠰᠠᠨ ᠪᠤᠯᠬᠤᠷ ᠳᠡᠤᠬᠡ ᠶᠢᠨ ᠦᠨ᠎ᠡ ᠦᠷᠳᠡᠭ ᠮᠠᠰᠢ ᠦᠨᠳᠦᠷ ᠪᠤᠯᠵᠠᠢ᠃ ᠮᠦᠨ ᠬᠡᠯᠪᠡᠷᠢ ᠶᠠᠩᠵᠤ ᠶᠢᠨ ᠳᠤᠬᠢᠷᠠᠭᠤᠯᠤᠯᠳᠠ᠂ ᠳᠡᠤᠬᠡ ᠶᠢᠨ ᠵᠢᠱᠢᠶ᠎ᠡ ᠮᠠᠲ᠋ᠧᠷᠢᠶᠠᠯ ᠤᠨ ᠬᠡᠷᠡᠭᠯᠡᠯᠳᠡ᠂ ᠠᠭᠤᠯᠭ᠎ᠠ ᠶᠢᠨ ᠬᠦᠤᠷᠨᠢᠯᠳᠡ ᠂ ᠵᠢᠷᠤᠭ ᠳᠦᠷᠢ ᠶᠢᠨ ᠤᠷᠠᠯᠠᠯᠳᠠ ᠵᠡᠷᠬᠡ ᠤᠯᠠᠨ ᠳᠠᠯ᠎ᠠ ᠪᠠᠷ ᠴᠦᠮ ᠮᠤᠩᠭᠤᠯ ᠦᠨᠳᠦᠰᠦᠳᠡᠨ ᠤ ᠳᠡᠤᠬᠡ ᠶᠢᠨ ᠬᠦᠭᠵᠢᠯᠳᠡ ᠶᠢᠨ ᠪᠤᠳᠠᠳᠠᠢ ᠤᠨᠴᠠᠯᠢᠭ ᠢ ᠢᠯᠡᠳᠳᠡ ᠳᠤᠰᠬᠠᠵᠤ ᠴᠢᠳᠠᠭᠰᠠᠨ ᠠᠴᠠ ᠠᠭᠤᠯᠭ᠎ᠠ ᠬᠡᠯᠪᠡᠷᠢ ᠨᠢᠬᠡᠳᠦᠯᠳᠡᠢ ᠂ ᠦᠰᠦᠭ ᠵᠢᠷᠤᠭ ᠤᠶᠠᠯᠳᠤᠩᠭᠤᠢ᠂ ᠤᠩᠰᠢᠬᠤ ᠳᠤ ᠤᠶᠢᠯᠠᠭᠠᠮᠵᠢᠳᠠᠢ ᠪᠤᠯᠤᠭᠰᠠᠨ ᠪᠠᠶᠢᠨ᠎ᠠ᠃
       ᠳᠤᠰ ᠨᠤᠮ ᠤᠨ ᠬᠡᠪᠯᠡᠭᠳᠡᠭᠰᠡᠨ ᠨᠢ ᠰᠤᠶᠤᠯ ᠬᠠᠨᠳᠢᠪᠯᠠᠯ᠂ ᠡᠷᠳᠡᠮ ᠰᠢᠨᠵᠢᠯᠡᠬᠡᠨ ᠪᠠ ᠦᠨᠳᠦᠰᠦᠳᠡᠨ ᠤ ᠳᠡᠤᠬᠡ ᠶᠢᠨ ᠮᠡᠳᠡᠯᠬᠡ ᠶᠢ ᠦᠷᠬᠡᠨ ᠳᠡᠯᠬᠡᠷᠡᠩᠬᠦᠢ ᠳᠦᠬᠡᠮᠡᠯᠵᠢᠬᠦᠯᠬᠦ ᠳᠤ ᠪᠦᠷ ᠴᠤ ᠴᠢᠬᠤᠯᠠ ᠠᠴᠢ ᠬᠤᠯᠪᠤᠭᠳᠠᠯ ᠲᠠᠢ ᠪᠠᠶᠢᠭ᠎ᠠ ᠨᠢ ᠳᠠᠮᠵᠢᠭ ᠦᠬᠡᠢ ᠶᠤᠮ᠃
 
ᠢᠷᠡᠯᠲᠡ᠄ ᠰᠢᠨᠬᠤᠧᠠ ᠮᠤᠩᠭᠤᠯ ᠨᠧᠲ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号