ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠦᠭᠡᠷᠡᠴᠢᠯᠡᠯᠲᠡ ᠶᠢᠨ ᠲᠤᠬᠠᠢ ᠲᠤᠰᠬᠠᠢ ᠮᠡᠷᠭᠡᠵᠢᠯᠲᠡᠳ ᠶᠠᠭᠤ ᠶᠠᠷᠢᠪᠠ︖
ᠨᠡᠶᠢᠲᠡᠯᠡᠭᠰᠡᠨ ᠴᠠᠭ᠄
2016-09-22
        ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠪᠤᠯ ᠤᠯᠤᠰ ᠤᠨ ᠡᠳ᠋ ᠤᠨ ᠵᠠᠰᠠᠭ ᠤᠨ ᠤᠷᠤᠯᠭ᠎ᠠ ᠶᠢᠨ ᠢᠷᠡᠯᠲᠡ ᠶᠢᠨ ᠴᠢᠬᠤᠯᠠ ᠠᠷᠭ᠎ᠠ ᠵᠠᠮ ᠪᠤᠯᠤᠨ᠎ᠠ᠂ ᠮᠦᠨ ᠴᠦ ᠨᠡᠶᠢᠭᠡᠮ ᠤᠨ ᠪᠦᠷᠢᠯᠳᠦᠭᠦᠨ ᠤ ᠤᠷᠤᠯᠭ᠎ᠠ ᠶᠢᠨ ᠬᠤᠪᠢᠶᠠᠷᠢᠯᠠᠯ ᠢ ᠲᠤᠬᠢᠷᠠᠭᠤᠯᠬᠤ ᠪᠠ ᠠᠵᠤ ᠠᠬᠤᠢ ᠶᠢᠨ ᠲᠤᠭᠲᠠᠭᠤᠨ ᠨᠡᠮᠡᠭᠳᠡᠯ ᠢ ᠪᠠᠲᠤᠯᠠᠬᠤ ᠴᠢᠬᠤᠯᠠ ᠠᠵᠤ ᠠᠬᠤᠢ ᠶᠢᠨ ᠠᠷᠭ᠎ᠠ ᠪᠤᠳᠤᠯᠭ᠎ᠠ ᠪᠤᠯᠤᠨ᠎ᠠ᠃ ᠤᠶᠢᠷ᠎ᠠ ᠶᠢᠨ ᠵᠢᠯ ᠠᠵᠤ ᠠᠬᠤᠢ ᠶᠢᠨ ᠦᠳᠲᠡᠷ ᠲᠦᠷᠭᠡᠨ ᠬᠦᠭᠵᠢᠬᠦ ᠶᠢ ᠳᠠᠭᠠᠯᠳᠤᠨ ᠰᠠᠭᠤᠭᠠᠯᠢ ᠠᠷᠠᠳ ᠤᠨ ᠤᠷᠤᠯᠭ᠎ᠠ ᠶᠢᠨ ᠬᠢᠷᠢ ᠲᠦᠪᠰᠢᠨ ᠲᠠᠰᠤᠷᠠᠯᠲᠠ ᠦᠭᠡᠢ ᠨᠡᠮᠡᠭᠳᠡᠵᠦ ᠂ ᠬᠤᠪᠢ ᠬᠦᠮᠦᠨ ᠤ ᠤᠯᠵᠠᠪᠤᠷᠢ ᠶᠢᠨ ᠨᠡᠮᠡᠭᠳᠡᠯ ᠤᠨ ᠬᠤᠷᠳᠤᠴᠠ ᠲᠦᠷᠭᠡᠳᠴᠦ᠂ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠬᠠᠮᠤᠭ ᠤᠨ ᠶᠡᠭᠡ ᠬᠦᠭᠵᠢᠯᠲᠡ ᠶᠢᠨ ᠢᠷᠡᠭᠡᠳᠦᠢ ᠲᠠᠢ ᠭᠠᠶᠢᠯᠢ ᠶᠢᠨ ᠨᠢᠭᠡ ᠪᠤᠯᠤᠭᠰᠠᠨ ᠪᠠᠶᠢᠨ᠎ᠠ᠃        ᠮᠠᠨ ᠤ ᠤᠯᠤᠰ ᠤᠨ ᠠᠵᠤ ᠠᠬᠤᠢ ᠶᠢᠨ ᠬᠦᠭᠵᠢᠯᠲᠡ ᠶᠢ ᠳᠠᠭᠠᠯᠳᠤᠨ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠰᠢᠨ᠎ᠡ ᠬᠤᠪᠢᠷᠠᠯᠲᠠ ᠲᠠᠢ ᠪᠤᠯᠵᠤ᠂ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠳᠦᠷᠢᠮ ᠤᠨ ᠭᠦᠢᠴᠡᠳ ᠪᠤᠰᠤ ᠲᠠᠯ᠎ᠠ ᠶᠢ ᠢᠯᠡᠷᠡᠭᠦᠯᠦᠭᠰᠡᠨ ᠪᠠᠶᠢᠨ᠎ᠠ᠃ ᠮᠠᠨ ᠤ ᠤᠯᠤᠰ ᠤᠨ ᠤᠳᠤᠬᠠᠨ ᠳᠤ ᠬᠡᠷᠡᠭᠯᠡᠵᠦ ᠪᠠᠶᠢᠭ᠎ᠠ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠳᠦᠷᠢᠮ ᠪᠤᠯ ᠲᠦᠷᠦᠯ ᠬᠤᠪᠢᠶᠠᠨ ᠬᠤᠷᠢᠶᠠᠬᠤ ᠭᠠᠶᠢᠯᠢ ᠶᠢᠨ ᠳᠦᠷᠢᠮ ᠪᠤᠯᠤᠨ᠎ᠠ᠂ ᠭᠠᠶᠢᠯᠢ ᠬᠤᠷᠢᠶᠠᠬᠤ ᠬᠠᠮᠢᠶᠠᠷᠤᠯᠲᠠ ᠶᠢᠨ ᠲᠠᠯ᠎ᠠ ᠪᠠᠷ ᠬᠤᠪᠢ ᠬᠦᠮᠦᠨ ᠤ ᠤᠯᠵᠠᠪᠤᠷᠢ ᠶᠢᠨ ᠶᠡᠷᠦᠩᠬᠡᠢ ᠨᠤᠷᠮ᠎ᠠ ᠶᠢᠨ ᠬᠠᠷᠢᠴᠠᠯ ᠢᠶᠠᠷ ᠰᠠᠭᠤᠷᠢ ᠪᠤᠯᠭᠠᠵᠤ ᠵᠤᠬᠢᠬᠤ ᠬᠠᠷᠢᠴᠠᠯ ᠢᠶᠠᠷ ᠭᠠᠶᠢᠯᠢ ᠬᠤᠷᠢᠶᠠᠬᠤ ᠪᠠᠷ ᠭᠤᠤᠯ ᠪᠤᠯᠭᠠᠵᠤ᠂ ᠦᠪᠡᠷ ᠤᠨ ᠰᠠᠶᠢᠨ ᠳᠤᠷ᠎ᠠ ᠠᠴᠠ ᠪᠠᠨ ᠮᠡᠳᠡᠭᠦᠯᠦᠨ ᠲᠤᠰᠢᠶᠠᠬᠤ ᠠᠷᠭ᠎ᠠ ᠶᠢ ᠬᠡᠷᠡᠭᠵᠢᠭᠦᠯᠵᠦ ᠪᠠᠶᠢᠨ᠎ᠠ᠃        ᠤᠳᠤᠬᠠᠨ ᠳᠤ ᠬᠡᠷᠡᠭᠵᠢᠭᠦᠯᠵᠦ ᠪᠠᠶᠢᠭ᠎ᠠ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠲᠦᠷᠦᠯ ᠬᠤᠪᠢᠶᠠᠨ ᠭᠠᠶᠢᠯᠢ ᠬᠤᠷᠢᠶᠠᠬᠤ ᠳᠦᠷᠢᠮ ᠨᠢ ᠭᠠᠶᠢᠯᠢ ᠲᠤᠰᠢᠶᠠᠭᠴᠢᠳ ᠤᠨ ᠬᠤᠪᠢ ᠬᠦᠮᠦᠨ ᠤ ᠤᠷᠤᠰᠢᠨ ᠰᠠᠭᠤᠭ᠎ᠠ ᠭᠠᠵᠠᠷ ᠤᠷᠤᠨ ᠤ ᠵᠦᠷᠢᠶ᠎ᠠ ᠪᠠ ᠭᠡᠷ ᠪᠦᠯᠢ ᠶᠢᠨ ᠬᠤᠭᠤᠷᠤᠨᠳᠤᠬᠢ ᠵᠦᠷᠢᠶ᠎ᠡ ᠵᠢᠴᠢ ᠮᠠᠨ ᠤ ᠤᠯᠤᠰ ᠤᠨ ᠤᠷᠤᠨ ᠰᠠᠭᠤᠴᠠ᠂ ᠡᠮ ᠡᠮᠨᠡᠯᠭᠡ ᠪᠠ ᠰᠤᠷᠭᠠᠨ ᠬᠦᠮᠦᠵᠢᠯ ᠤᠨ ᠵᠠᠬ᠎ᠠ ᠳᠡᠯᠭᠡᠭᠦᠷᠴᠢᠯᠡᠭᠰᠡᠨ ᠦᠭᠡᠷᠡᠴᠢᠯᠡᠯᠲᠡ ᠠᠴᠠ ᠪᠤᠯᠤᠭᠰᠠᠨ ᠭᠡᠷ ᠪᠦᠯᠢ ᠶᠢᠨ ᠵᠠᠷᠤᠯᠭ᠎ᠠ ᠶᠢᠨ ᠨᠡᠮᠡᠭᠳᠡᠯ ᠢ ᠪᠤᠳᠤᠯᠬᠢᠯᠠᠭᠰᠠᠨ ᠦᠭᠡᠢ ᠶᠢᠨ ᠳᠡᠭᠡᠷ᠎ᠡ ᠬᠠᠮᠢᠶᠠᠷᠤᠯᠲᠠ ᠶᠢᠨ ᠠᠷᠭ᠎ᠠ ᠬᠡᠯᠪᠡᠷᠢ ᠨᠢ ᠬᠤᠴᠤᠷᠤᠩᠭᠤᠢ ᠠᠴᠠ ᠪᠤᠯᠵᠤ᠂ ᠭᠠᠶᠢᠯᠢ ᠶᠢᠨ ᠬᠠᠤᠯᠢ ᠶᠢᠨ ᠡᠷᠬᠡ ᠲᠡᠭᠰᠢ ᠶᠢᠨ ᠵᠠᠷᠴᠢᠮ ᠢ ᠵᠦᠷᠢᠴᠡᠭᠰᠡᠨ ᠪᠠᠶᠢᠨ᠎ᠠ᠃ ᠡᠶᠢᠮᠦ ᠠᠴᠠ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠳᠦᠷᠢᠮ ᠤᠨ ᠦᠭᠡᠷᠡᠴᠢᠯᠡᠯᠲᠡ ᠶᠢ ᠲᠦᠷᠭᠡᠳᠬᠡᠨ ᠠᠬᠢᠭᠤᠯᠬᠤ ᠨᠢ ᠪᠦᠬᠦ ᠤᠯᠤᠰ ᠤᠨ ᠡᠯ᠎ᠡ ᠦᠨᠳᠦᠰᠦᠲᠡᠨ ᠤ ᠠᠷᠠᠳ ᠲᠦᠮᠡᠨ ᠤ ᠠᠰᠢᠭ ᠤᠯᠵᠠᠪᠤᠷᠢ ᠶᠢ ᠪᠠᠲᠤᠯᠠᠵᠤ᠂ ᠠᠮᠢᠳᠤᠷᠠᠯ ᠤᠨ ᠬᠢᠷᠢ ᠲᠦᠪᠰᠢᠨ ᠢ ᠳᠡᠭᠡᠭᠰᠢᠯᠡᠭᠦᠯᠬᠦ ᠴᠢᠬᠤᠯᠠ ᠪᠦᠬᠦᠢ ᠠᠷᠭ᠎ᠠ ᠵᠠᠮ ᠤᠨ ᠨᠢᠭᠡ ᠪᠤᠯᠤᠨ᠎ᠠ᠃        ᠬᠤᠯᠪᠤᠭᠳᠠᠯ ᠪᠦᠬᠦᠢ ᠮᠡᠳᠡᠭᠡ ᠶᠢ ᠦᠨᠳᠦᠰᠦᠯᠡᠪᠡᠯ᠂ ᠡᠵᠡᠩᠨᠡᠯᠲᠡ ᠶᠢᠨ ᠭᠠᠶᠢᠯᠢ ᠶᠢ ᠨᠡᠮᠡᠭᠳᠡᠯ ᠦᠷᠲᠡᠭ ᠤᠨ ᠭᠠᠶᠢᠯᠢ ᠪᠤᠯᠭᠠᠭᠰᠠᠨ ᠤ ᠳᠠᠷᠠᠭᠠᠬᠢ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠦᠭᠡᠷᠡᠴᠢᠯᠡᠯᠲᠡ ᠨᠢ ᠳᠠᠷᠠᠭᠠᠴᠢ ᠶᠢᠨ ᠠᠯᠬᠤᠮ ᠤᠨ ᠭᠠᠶᠢᠯᠢ ᠶᠢᠨ ᠦᠭᠡᠷᠡᠴᠢᠯᠡᠯᠲᠡ ᠶᠢᠨ ᠬᠠᠮᠤᠭ ᠤᠨ ᠶᠡᠭᠡ ᠦᠭᠡᠷᠡᠴᠢᠯᠡᠯᠲᠡ ᠪᠠᠶᠢᠵᠤ᠂ ᠳᠤᠤᠷ᠎ᠠ ᠬᠠᠭᠠᠰ ᠵᠢᠯ ᠳᠤ ᠡᠨᠡᠬᠦ ᠦᠭᠡᠷᠡᠴᠢᠯᠡᠯᠲᠡ ᠶᠢ ᠲᠦᠷᠭᠡᠳᠬᠡᠬᠦ ᠪᠤᠯᠤᠨ᠎ᠠ᠃ ᠮᠠᠨ ᠤ ᠤᠯᠤᠰ ᠤᠨ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠨᠢ ᠶᠡᠷᠦᠩᠬᠡᠶᠢᠯᠡᠨ ᠪᠤᠳᠤᠬᠤ ᠪᠠ ᠲᠦᠷᠦᠯ ᠬᠤᠪᠢᠶᠠᠬᠤ ᠶᠢ ᠤᠶᠠᠯᠳᠤᠭᠤᠯᠤᠭᠰᠠᠨ ᠤᠯᠵᠠᠪᠤᠷᠢ ᠶᠢᠨ ᠭᠠᠶᠢᠯᠢ ᠶᠢᠨ ᠳᠦᠷᠢᠮ ᠲᠡᠶᠢᠰᠢ ᠳᠡᠪᠰᠢᠵᠦ᠂ ᠴᠠᠯᠢᠩ ᠮᠦᠩᠭᠦ᠂ ᠬᠦᠳᠡᠯᠮᠦᠷᠢ ᠦᠢᠯᠡᠴᠢᠯᠡᠭᠡᠨ ᠤ ᠬᠠᠷᠠᠮᠵᠢ ᠵᠡᠷᠭᠡ ᠶᠢ ᠶᠡᠷᠦᠩᠬᠡᠶᠢᠯᠡᠨ ᠪᠤᠳᠤᠬᠤ ᠬᠡᠪᠴᠢᠶᠡᠨ ᠳᠤ ᠨᠢᠭᠡᠲᠦᠯᠲᠡᠢ ᠤᠷᠤᠭᠤᠯᠤᠨ ᠭᠠᠶᠢᠯᠢ ᠬᠤᠷᠢᠶᠠᠬᠤ ᠪᠤᠯᠭᠠᠵᠤ᠂ ᠨᠠᠰᠤᠵᠢᠯ ᠤᠨ ᠠᠰᠠᠷᠠᠮᠵᠢ᠂ ᠬᠤᠶᠠᠳᠤᠭᠠᠷ ᠬᠡᠦᠬᠡᠳ ᠠᠪᠬᠤ᠂ ᠤᠷᠤᠨ ᠰᠠᠭᠤᠴᠠ ᠶᠢᠨ ᠵᠢᠭᠡᠯᠡᠯᠭᠡ ᠶᠢᠨ ᠬᠦᠦ ᠮᠦᠩᠭᠦ ᠵᠡᠷᠭᠡ ᠭᠡᠷ ᠪᠦᠯᠢ ᠶᠢᠨ ᠳᠠᠷᠤᠭᠠᠰᠤ ᠶᠢ ᠰᠠᠭᠤᠯᠭᠠᠨ ᠠᠪᠬᠤ ᠳᠤ ᠤᠷᠤᠭᠤᠯᠬᠤ ᠪᠤᠯᠤᠨ᠎ᠠ        ᠳᠡᠯᠡᠬᠡᠢ ᠶᠢᠨ ᠪᠠᠶᠢᠳᠠᠯ ᠠᠴᠠ ᠦᠵᠡᠪᠡᠯ᠂ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠬᠤᠷᠢᠶᠠᠬᠤ ᠶᠢ ᠬᠡᠯᠪᠡᠷᠢ ᠶᠢ ᠶᠡᠷᠦᠩᠬᠡᠶᠢᠯᠡᠨ ᠪᠤᠳᠤᠬᠤ ᠭᠠᠶᠢᠯᠢ ᠶᠢᠨ ᠳᠦᠷᠢᠮ᠂ ᠲᠦᠷᠦᠯ ᠬᠤᠪᠢᠶᠠᠭᠰᠠᠨ ᠭᠠᠶᠢᠯᠢ ᠶᠢᠨ ᠳᠦᠷᠢᠮ᠂ ᠶᠡᠷᠦᠩᠬᠡᠶᠢᠯᠡᠨ ᠪᠤᠳᠤᠬᠤ ᠪᠠ ᠲᠦᠷᠦᠯ ᠬᠤᠪᠢᠶᠠᠬᠤ ᠶᠢ ᠤᠶᠠᠯᠳᠤᠭᠤᠯᠤᠭᠰᠠᠨ ᠭᠠᠶᠢᠯᠢ ᠶᠢᠨ ᠳᠦᠷᠢᠮ ᠭᠡᠵᠦ ᠭᠤᠷᠪᠠᠨ ᠲᠦᠷᠦᠯ ᠬᠤᠪᠢᠶᠠᠳᠠᠭ᠃ ᠮᠠᠨ ᠤ ᠤᠯᠤᠰ ᠤᠨ ᠤᠳᠤᠬᠠᠨ ᠳᠤ ᠬᠡᠷᠡᠭᠵᠢᠭᠦᠯᠵᠦ ᠪᠠᠶᠢᠭ᠎ᠠ ᠲᠦᠷᠦᠯ ᠬᠤᠪᠢᠶᠠᠭᠰᠠᠨ ᠭᠠᠶᠢᠯᠢ ᠶᠢᠨ ᠳᠦᠷᠢᠮ ᠨᠢ ᠬᠤᠪᠢ ᠬᠦᠮᠦᠨ ᠤ ᠡᠯ᠎ᠡ ᠵᠦᠢᠯ ᠤᠨ ᠢᠷᠡᠯᠲᠡ ᠨᠢ ᠠᠳᠠᠯᠢ ᠪᠤᠰᠤ᠂ ᠮᠦᠨ ᠴᠢᠨᠠᠷ ᠨᠢ ᠦᠰᠦᠳ ᠦᠭᠡᠷ᠎ᠡ ᠤᠷᠤᠯᠭ᠎ᠠ ᠶᠢ ᠲᠦᠷᠦᠯ ᠬᠤᠪᠢᠶᠠᠨ᠂ ᠲᠤᠰ ᠲᠤᠰ ᠠᠳᠠᠯᠢ ᠪᠤᠰᠤ ᠭᠠᠶᠢᠯᠢ ᠪᠠᠷ ᠰᠠᠭᠤᠯᠭᠠᠨ ᠠᠪᠴᠤ᠂ ᠠᠳᠠᠯᠢ ᠪᠤᠰᠤ ᠶᠢᠨ ᠭᠠᠶᠢᠯᠢ ᠶᠢᠨ ᠨᠤᠷᠮ᠎ᠠ ᠪᠠᠷ ᠬᠤᠪᠢᠶᠠᠵᠤ ᠪᠠᠶᠢᠳᠠᠭ᠃ ᠤᠳᠤ ᠶᠢᠨ ᠬᠡᠷᠡᠭᠵᠢᠭᠦᠯᠵᠦ ᠪᠠᠶᠢᠭ᠎ᠠ ᠭᠠᠶᠢᠯᠢ ᠶᠢᠨ ᠬᠠᠤᠯᠢ ᠳᠠᠬᠢ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠳᠤ ᠴᠠᠯᠢᠩ ᠮᠦᠩᠬᠦ ᠶᠢᠨ ᠤᠷᠤᠯᠭ᠎ᠠ ᠶᠢ ᠪᠠᠭᠲᠠᠭᠠᠬᠤ ᠪᠠᠷ ᠪᠠᠷᠠᠬᠤ ᠦᠭᠡᠢ᠂ ᠬᠤᠪᠢ ᠶᠢᠨ ᠦᠢᠯᠡᠳᠪᠦᠷᠢᠯᠡᠯ ᠬᠤᠳᠠᠯᠳᠤᠭᠠᠨ ᠤ ᠡᠷᠦᠬᠡ ᠶᠢᠨ ᠦᠢᠯᠡᠳᠪᠦᠷᠢᠯᠡᠯ᠂ ᠡᠵᠡᠩᠨᠡᠯᠲᠡ ᠶᠢᠨ ᠤᠷᠤᠯᠭ᠎ᠠ᠂ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠶᠢᠨ ᠳᠠᠭᠠᠭᠠᠴᠢᠯᠠᠭᠰᠠᠨ ᠡᠵᠡᠩᠨᠡᠯᠲᠡ᠂ ᠳᠦᠷᠢᠶᠡᠰᠦᠯᠡᠨ ᠡᠵᠡᠩᠨᠡᠭᠰᠡᠨ ᠤᠷᠤᠯᠭ᠎ᠠ᠂ ᠬᠦᠳᠡᠯᠮᠦᠷᠢ ᠦᠢᠯᠡᠴᠢᠯᠡᠭᠡᠨ ᠤ ᠬᠠᠷᠠᠮᠵᠢ ᠶᠢᠨ ᠤᠷᠤᠯᠭ᠎ᠠ᠂ ᠬᠦᠦ ᠮᠦᠩᠭᠦ᠂ ᠰᠲ᠋ᠤᠺ ᠤᠨ ᠬᠦᠦ ᠮᠦᠩᠭᠦ᠂ ᠤᠯᠵᠠ ᠠᠰᠢᠭ ᠤᠨ ᠬᠤᠪᠢᠶᠠᠷᠢᠯᠠᠯᠲᠠ ᠶᠢᠨ ᠤᠷᠤᠯᠭ᠎ᠠ᠂ ᠡᠳ᠋ ᠬᠦᠷᠦᠩᠭᠡ ᠪᠠᠨ ᠳᠦᠷᠢᠶᠡᠰᠦᠯᠡᠭᠦᠯᠦᠭᠰᠡᠨ ᠤᠷᠤᠯᠭ᠎ᠠ ᠵᠢᠴᠢ ᠡᠳ᠋ ᠬᠦᠷᠦᠩᠭᠡ ᠪᠠᠨ ᠰᠢᠯᠵᠢᠭᠦᠯᠦᠨ ᠦᠭᠭᠦᠭᠰᠡᠨ ᠤᠷᠤᠯᠭ᠎ᠠ ᠵᠡᠷᠭᠡ ᠨᠡᠶᠢᠲᠡ 11 ᠲᠦᠷᠦᠯ ᠬᠤᠪᠢᠶᠠᠳᠠᠭ᠃        2015 ᠤᠨ ᠤ ᠡᠳ᠋ ᠤᠨ ᠵᠠᠰᠠᠭ ᠤᠨ ᠲᠠᠰᠤᠯᠤᠨ ᠪᠤᠳᠤᠯᠲᠠ ᠳᠤ ᠬᠠᠷᠠᠭᠤᠯᠤᠭᠰᠠᠨ ᠢᠶᠠᠷ᠂ ᠮᠠᠨ ᠤ ᠤᠯᠤᠰ ᠤᠨ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠤᠷᠤᠯᠭ᠎ᠠ 8671 ᠳ᠋ᠦᠩᠰᠢᠭᠤᠷ ᠲᠦᠭᠦᠷᠢᠭ ᠲᠤ ᠬᠦᠷᠴᠦ᠂ ᠪᠦᠬᠦ ᠤᠯᠤᠰ ᠤᠨ ᠭᠠᠶᠢᠯᠢ ᠶᠢᠨ ᠤᠷᠤᠯᠭ᠎ᠠ ᠶᠢᠨ 6.9% ᠶᠢ ᠡᠵᠡᠯᠡᠪᠡ᠃        ᠠᠵᠢᠯ ᠲᠦᠷᠦᠯ ᠤᠨ ᠬᠢᠨ ᠤ ᠲᠤᠰᠬᠠᠢ ᠮᠡᠷᠭᠡᠵᠢᠯᠲᠡᠨ ᠤ ᠶᠠᠷᠢᠬᠤ ᠪᠠᠷ᠂ ᠲᠦᠷᠦᠯ ᠬᠤᠪᠢᠶᠠᠨ ᠬᠤᠷᠢᠶᠠᠬᠤ ᠭᠠᠶᠢᠯᠢ ᠶᠢᠨ ᠳᠦᠷᠢᠮ ᠪᠤᠯ ᠮᠠᠨ ᠤ ᠤᠯᠤᠰ ᠤᠨ ᠤᠷᠲᠤ ᠬᠤᠭᠤᠴᠠᠭᠠᠨ ᠤ ᠭᠠᠶᠢᠯᠢ ᠬᠤᠷᠢᠶᠠᠬᠤ ᠦᠢᠯᠡᠳᠦᠯᠭᠡ ᠳᠤᠮᠳᠠ ᠪᠤᠢ ᠪᠤᠯᠵᠤ ᠪᠦᠷᠢᠯᠳᠦᠭᠰᠡᠨ ᠬᠡᠪ ᠵᠠᠭᠪᠤᠷ ᠪᠤᠯᠤᠨ᠎ᠠ᠃ ᠤᠳᠤᠬᠠᠨ ᠤ ᠪᠠᠶᠢᠳᠠᠯ ᠠᠴᠠ ᠠᠪᠴᠤ ᠦᠵᠡᠪᠡᠯ ᠲᠦᠷᠦᠯ ᠬᠤᠪᠢᠶᠠᠨ ᠭᠠᠶᠢᠯᠢ ᠬᠤᠷᠢᠶᠠᠬᠤ ᠳᠦᠷᠢᠮ ᠳᠤ ᠪᠠᠭ᠎ᠠ ᠪᠤᠰᠤ ᠠᠰᠠᠭᠤᠳᠠᠯ ᠤᠷᠤᠰᠢᠵᠤ ᠪᠤᠢ᠃ ᠵᠢᠱᠢᠶᠡᠯᠡᠪᠡᠯ ᠭᠡᠷ ᠪᠦᠯᠢ ᠶᠢᠨ ᠳᠠᠷᠤᠭᠠᠰᠤ ᠶᠢ ᠤᠮᠳᠤᠭᠠᠶᠢᠯᠠᠭᠰᠠᠨ ᠤ ᠬᠠᠮᠲᠤ ᠤᠷᠤᠯᠭ᠎ᠠ ᠶᠢᠨ ᠢᠷᠡᠯᠲᠡ ᠨᠢ ᠳᠠᠩ ᠴᠤᠯᠭᠤᠢ ᠴᠠᠯᠢᠩ ᠲᠦᠰᠢᠵᠦ ᠠᠮᠢᠳᠤᠷᠠᠳᠠᠭ ᠬᠦᠮᠦᠰ ᠠᠴᠠ ᠨᠡᠯᠢᠶᠡᠳ ᠠᠷᠪᠢᠨ ᠭᠠᠶᠢᠯᠢ ᠬᠤᠷᠢᠶᠠᠵᠤ᠂ ᠤᠷᠤᠯᠭ᠎ᠠ ᠶᠢᠨ ᠢᠷᠡᠯᠲᠡ ᠨᠢ ᠤᠯᠠᠨ ᠡᠰᠢᠵᠢᠭ᠍ᠰᠡᠨ ᠦᠨᠳᠦᠷ ᠤᠷᠤᠯᠭ᠎ᠠ ᠲᠠᠢ ᠬᠦᠮᠦᠰ ᠠᠴᠠ ᠬᠠᠷᠢᠨ ᠬᠤᠷᠢᠶᠠᠬᠤ ᠭᠠᠶᠢᠯᠢ ᠨᠢ ᠨᠡᠯᠢᠶᠡᠳ ᠳᠤᠤᠷ᠎ᠠ ᠵᠡᠷᠭᠡ ᠪᠠᠶᠢᠳᠠᠯ ᠤᠷᠤᠰᠢᠵᠤ ᠪᠠᠶᠢᠨ᠎ᠠ᠃        ᠵᠢᠱᠢᠶᠡᠯᠡᠪᠡᠯ ᠨᠢᠭᠡ ᠬᠦᠮᠦᠨ ᠤ ᠰᠠᠷ᠎ᠠ ᠶᠢᠨ ᠴᠠᠯᠢᠩ ᠨᠢ 3200 ᠲᠦᠭᠦᠷᠢᠭ᠂ ᠬᠦᠳᠡᠯᠮᠦᠷᠢ ᠦᠢᠯᠡᠴᠢᠯᠡᠭᠡᠨ ᠤ ᠤᠷᠤᠯᠭ᠎ᠠ ᠨᠢ 800 ᠲᠦᠭᠦᠷᠢᠭ᠂ ᠬᠤᠶᠠᠭᠤᠯᠠ ᠶᠢ ᠨᠡᠶᠢᠯᠡᠭᠦᠯᠪᠡᠯ 4000 ᠲᠦᠭᠦᠷᠢᠭ᠂ ᠦᠭᠡᠷ᠎ᠡ ᠨᠢᠭᠡ ᠬᠦᠮᠦᠨ ᠤ ᠰᠠᠷ᠎ᠠ ᠶᠢᠨ ᠴᠠᠯᠢᠩ ᠨᠢ 4000 ᠲᠦᠭᠦᠷᠢᠭ ᠢᠶᠠᠷ ᠵᠢᠱᠢᠬᠦ ᠳᠤ᠂ ᠤᠳᠤ ᠶᠢᠨ ᠲᠦᠷᠦᠯ ᠬᠤᠪᠢᠶᠠᠵᠤ ᠪᠠᠶᠢᠭ᠎ᠠ ᠭᠠᠶᠢᠯᠢ ᠶᠢᠨ ᠳᠦᠷᠢᠮ ᠢᠶᠠᠷ ᠪᠤᠯ ᠰᠠᠷ᠎ᠠ ᠶᠢᠨ ᠴᠠᠯᠢᠩ ᠨᠢ 4000 ᠲᠦᠭᠦᠷᠢᠭ ᠲᠤ ᠬᠦᠷᠴᠦ ᠪᠠᠶᠢᠭ᠎ᠠ ᠬᠤᠶᠠᠳᠤᠭᠠᠷ ᠬᠦᠮᠦᠨ ᠭᠠᠶᠢᠯᠢ ᠲᠤᠰᠢᠶᠠᠬᠤ ᠬᠡᠷᠡᠭᠲᠡᠢ᠂ ᠶᠡᠷᠦᠩᠬᠡᠢ ᠤᠷᠤᠯᠭ᠎ᠠ ᠨᠢ ᠡᠭᠡᠭᠡ ᠠᠳᠠᠯᠢᠬᠠᠨ ᠨᠢᠭᠡᠳᠦᠭᠡᠷ ᠬᠦᠮᠦᠨ ᠬᠠᠷᠢᠨ ᠬᠤᠶᠠᠷ ᠲᠦᠷᠦᠯ ᠤᠨ ᠤᠷᠤᠯᠭ᠎ᠠ ᠨᠢ ᠴᠦᠮ ᠭᠠᠶᠢᠯᠢ ᠲᠤᠰᠢᠶᠠᠬᠤ ᠪᠠᠷᠢᠮᠵᠢᠶ᠎ᠠ ᠳᠤ ᠬᠦᠷᠦᠭᠰᠡᠨ ᠦᠭᠡᠢ ᠠᠴᠠ ᠭᠠᠶᠢᠯᠢ ᠲᠤᠰᠢᠶᠠᠬᠤ ᠬᠡᠷᠡᠭ ᠦᠭᠡᠢ᠂ ᠡᠨᠡ ᠨᠢ ᠨᠢᠭᠡᠳᠦᠭᠡᠷ ᠬᠦᠮᠦᠨ ᠳᠤ ᠠᠰᠢᠭ ᠬᠦᠷᠲᠡᠭᠡᠵᠦ ᠬᠤᠶᠠᠳᠤᠭᠠᠷ ᠬᠦᠮᠦᠨ ᠢ ᠬᠢᠯᠢᠰᠲᠡᠭᠦᠯᠦᠭᠰᠡᠨ ᠨᠢ ᠶᠠᠷᠢᠶᠠᠨ ᠦᠭᠡᠢ᠃        ᠪᠡᠭᠡᠵᠢᠩ ᠶᠡᠭᠡ ᠰᠤᠷᠭᠠᠭᠤᠯᠢ ᠶᠢᠨ ᠬᠠᠤᠯᠢ ᠴᠠᠭᠠᠵᠠ ᠶᠢᠨ ᠤᠬᠠᠭᠠᠨ ᠤ ᠳᠡᠭᠡᠳᠦ ᠰᠤᠷᠭᠠᠭᠤᠯᠢ ᠶᠢᠨ ᠫᠷᠦᠹᠧᠰᠰᠤᠷ᠂ ᠳᠤᠮᠳᠠᠳᠤ ᠤᠯᠤᠰ ᠤᠨ ᠡᠳ᠋ ᠤᠨ ᠵᠠᠰᠠᠭ ᠭᠠᠶᠢᠯᠢ ᠶᠢᠨ ᠬᠠᠤᠯᠢ ᠶᠢᠨ ᠤᠬᠠᠭᠠᠨ ᠤ ᠰᠤᠳᠤᠯᠭᠠᠨ ᠤ ᠨᠡᠶᠢᠭᠡᠮᠯᠢᠭ ᠤᠨ ᠳᠠᠷᠤᠭ᠎ᠠ ᠯᠢᠦ ᠵᠢᠶᠠᠨ ᠸᠧᠨ ᠤ ᠶᠠᠷᠢᠬᠤ ᠪᠠᠷ᠂ ᠶᠡᠷᠦᠩᠬᠡᠶᠢᠯᠡᠨ ᠪᠤᠳᠤᠬᠤ ᠪᠠ ᠲᠦᠷᠦᠯ ᠬᠤᠪᠢᠶᠠᠬᠤ ᠶᠢ ᠬᠠᠷᠢᠯᠴᠠᠨ ᠤᠶᠠᠯᠳᠤᠭᠤᠯᠤᠭᠰᠠᠨ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠳᠦᠷᠢᠮ ᠢ ᠪᠠᠶᠢᠭᠤᠯᠬᠤ ᠨᠢ ᠬᠤᠪᠢ ᠬᠦᠮᠦᠨ ᠤ ᠤᠷᠤᠯᠭ᠎ᠠ ᠶᠢᠨ ᠬᠤᠪᠢᠶᠠᠷᠢᠯᠠᠯᠲᠠ ᠶᠢᠨ ᠦᠭᠡᠷᠡᠴᠢᠯᠡᠯᠲᠡ ᠶᠢᠨ ᠡᠷᠬᠡ ᠲᠡᠭᠰᠢ ᠪᠠ ᠭᠠᠶᠢᠯᠢ ᠶᠢᠨ ᠳᠦᠷᠢᠮ ᠤᠨ ᠪᠦᠲᠦᠴᠡ ᠶᠢ ᠰᠢᠯᠢᠳᠡᠭᠵᠢᠭᠦᠯᠬᠦ ᠪᠠᠷ ᠰᠠᠭᠤᠷᠢ ᠪᠤᠯᠭᠠᠭᠰᠠᠨ ᠶᠤᠮ᠃ ᠤᠶᠢᠯᠠᠭᠠᠭᠰᠠᠨ ᠢᠶᠠᠷ ᠂ ᠲᠤᠰ ᠤᠳᠠᠭᠠᠨ ᠤ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠦᠭᠡᠷᠡᠴᠢᠯᠡᠯᠲᠡ ᠶᠢᠨ ᠭᠤᠤᠯ ᠠᠭᠤᠯᠭ᠎ᠠ ᠨᠢ ᠳᠠᠷᠤᠢ ᠶᠡᠷᠦᠩᠬᠡᠶᠢᠯᠡᠨ ᠪᠤᠳᠤᠬᠤ ᠪᠠ ᠲᠦᠷᠦᠯ ᠬᠤᠪᠢᠶᠠᠬᠤ ᠶᠢ ᠬᠠᠷᠢᠯᠴᠠᠨ ᠤᠶᠠᠯᠳᠤᠭᠤᠯᠤᠭᠰᠠᠨ ᠤᠯᠵᠠᠪᠤᠷᠢ ᠶᠢᠨ ᠭᠠᠶᠢᠯᠢ ᠶᠢᠨ ᠦᠭᠡᠷᠡᠴᠢᠯᠡᠯᠲᠡ ᠪᠤᠯᠤᠨ᠎ᠠ᠃        ᠶᠡᠷᠦᠩᠬᠡᠶᠢᠯᠡᠨ ᠪᠤᠳᠤᠬᠤ ᠭᠡᠳᠡᠭ ᠨᠢ ᠬᠤᠪᠢ ᠬᠦᠮᠦᠨ ᠤ ᠤᠯᠠᠨ ᠲᠦᠷᠦᠯ ᠤᠨ ᠤᠷᠤᠯᠭ᠎ᠠ ᠶᠢ ᠨᠡᠮᠡᠭᠡᠳ ᠤᠯᠤᠭᠰᠠᠨ ᠶᠡᠷᠦᠩᠬᠡᠢ ᠤᠷᠤᠯᠭ᠎ᠠ ᠶᠢ ᠦᠨᠳᠦᠰᠦᠯᠡᠨ ᠭᠠᠶᠢᠯᠢ ᠬᠤᠷᠢᠶᠠᠬᠤ ᠪᠠ ᠭᠠᠶᠢᠯᠢ ᠶᠢᠨ ᠨᠤᠷᠮ᠎ᠠ ᠶᠢ ᠪᠤᠳᠤᠨ ᠭᠠᠶᠢᠯᠢ ᠬᠤᠷᠢᠶᠠᠬᠤ ᠵᠤᠭᠤᠰᠤᠨ ᠲᠤᠭ᠎ᠠ ᠶᠢ ᠵᠢᠭᠠᠵᠤ ᠪᠤᠢ᠃ ᠭᠡᠶ᠎ᠡ ᠤᠳᠤᠬᠠᠨ ᠤ 11 ᠲᠦᠷᠦᠯ ᠤᠨ ᠤᠷᠤᠯᠭ᠎ᠠ ᠲᠤᠲᠤᠷ᠎ᠠ ᠠᠯᠢ ᠠᠯᠢ ᠶᠢ ᠶᠡᠷᠦᠩᠬᠡᠶᠢᠯᠡᠨ ᠪᠤᠳᠤᠬᠤ ᠭᠠᠶᠢᠯᠢ ᠬᠤᠷᠢᠶᠠᠬᠤ ᠬᠡᠪᠴᠢᠶᠡᠨ ᠳᠤ ᠤᠷᠤᠭᠤᠯᠬᠤ ᠨᠢ ᠬᠠᠮᠤᠭ ᠠᠴᠠ ᠠᠩᠬᠠᠷᠤᠯ ᠲᠠᠲᠠᠵᠤ ᠪᠠᠶᠢᠭ᠎ᠠ ᠠᠰᠠᠭᠤᠳᠠᠯ ᠪᠤᠯᠵᠤ ᠪᠤᠢ᠃ᠯᠢᠦ ᠵᠢᠶᠠᠨ ᠸᠧᠨ ᠤ ᠦᠵᠡᠬᠦ ᠪᠠᠷ᠂ ᠭᠤᠤᠯᠳᠠᠭᠤ ᠤᠯᠵᠠᠪᠤᠷᠢ ᠶᠢᠨ ᠮᠦᠨ ᠴᠢᠨᠠᠷ ᠢ ᠦᠨᠳᠦᠰᠦᠯᠡᠵᠦ ᠲᠦᠷᠦᠯ ᠵᠦᠢᠯ ᠬᠤᠪᠢᠶᠠᠪᠠᠯ ᠵᠤᠬᠢᠨ᠎ᠠ᠂ ᠵᠢᠱᠢᠶᠡᠯᠡᠪᠡᠯ᠂ ᠴᠠᠯᠢᠩ ᠮᠦᠩᠭᠦ ᠪᠠ ᠬᠦᠳᠡᠯᠮᠦᠷᠢ ᠦᠢᠯᠡᠴᠢᠯᠡᠭᠡᠨ ᠤ ᠤᠷᠤᠯᠭ᠎ᠠ᠂ ᠡᠳ᠋ ᠬᠦᠷᠦᠩᠭᠡ ᠪᠠᠨ ᠳᠦᠷᠢᠶᠡᠰᠦᠯᠡᠭᠦᠯᠦᠭᠰᠡᠨ ᠤᠷᠤᠯᠭ᠎ᠠ ᠪᠠ ᠡᠳ᠋ ᠬᠦᠷᠦᠩᠭᠡ ᠪᠠᠨ ᠰᠢᠯᠵᠢᠭᠦᠯᠦᠨ ᠦᠭᠭᠦᠭᠰᠡᠨ ᠤᠷᠤᠯᠭ᠎ᠠ ᠶᠢᠨ ᠡᠮᠦᠨᠡᠬᠢ ᠴᠠᠯᠢᠩ ᠮᠦᠩᠭᠦ ᠪᠠ ᠬᠦᠳᠡᠯᠮᠦᠷᠢ ᠦᠢᠯᠡᠴᠢᠯᠡᠭᠡᠨ ᠤ ᠤᠷᠤᠯᠭ᠎ᠠ ᠪᠤᠯ ᠰᠢᠷᠭᠠᠭᠤ ᠬᠦᠳᠡᠯᠮᠦᠷᠢ ᠪᠠᠷ ᠤᠯᠤᠭᠰᠠᠨ ᠤᠷᠤᠯᠭ᠎ᠠ᠂ ᠬᠤᠶᠢᠨᠠᠬᠢ ᠬᠤᠶᠠᠷ ᠲᠦᠷᠦᠯ ᠤᠨ ᠡᠳ᠋ ᠬᠦᠷᠦᠩᠭᠡ ᠪᠠᠨ ᠳᠦᠷᠢᠶᠡᠰᠦᠯᠡᠭᠦᠯᠦᠭᠰᠡᠨ ᠤᠷᠤᠯᠭ᠎ᠠ ᠪᠠ ᠡᠳ᠋ ᠬᠦᠷᠦᠩᠭᠡ ᠪᠠᠨ ᠰᠢᠯᠵᠢᠭᠦᠯᠦᠨ ᠦᠭᠭᠦᠭᠰᠡᠨ ᠤᠷᠤᠯᠭ᠎ᠠ ᠨᠢ ᠬᠦᠷᠦᠩᠭᠡ ᠶᠢᠨ ᠤᠷᠤᠯᠭ᠎ᠠ ᠪᠤᠯᠤᠨ᠎ᠠ᠂ ᠡᠳᠡᠭᠡᠷ ᠢ ᠢᠯᠭᠠᠨ ᠰᠠᠯᠭᠠᠬᠤ ᠦᠭᠡᠢ ᠪᠠᠷ ᠪᠦᠷ ᠶᠡᠷᠦᠩᠬᠡᠶᠢᠯᠡᠨ ᠪᠤᠳᠤᠬᠤ ᠭᠠᠶᠢᠯᠢ ᠬᠤᠷᠢᠶᠠᠬᠤ ᠬᠡᠪᠴᠢᠶᠡᠨ ᠳᠤ ᠤᠷᠤᠭᠤᠯᠵᠤ ᠪᠤᠯᠤᠨ᠎ᠠ᠂ ᠢᠩᠭᠢᠪᠡᠯ ᠰᠠᠶ᠋ᠢ ᠭᠠᠶᠢᠯᠢ ᠶᠢᠨ ᠬᠠᠤᠯᠢ ᠶᠢᠨ ᠡᠷᠬᠡ ᠲᠡᠭᠰᠢ ᠵᠠᠷᠴᠢᠮ ᠢ ᠪᠠᠲᠤᠯᠠᠵᠤ ᠴᠢᠳᠠᠨ᠎ᠠ᠃        ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠡᠳ᠋ ᠤᠨ ᠵᠠᠰᠠᠭ ᠠᠵᠤ ᠠᠬᠤᠢ ᠶᠢᠨ ᠪᠠᠶᠢᠯᠳᠤᠬᠤ ᠪᠤᠳᠤᠯᠭ᠎ᠠ ᠶᠢᠨ ᠰᠤᠳᠤᠯᠭᠠᠨ ᠤ ᠬᠦᠷᠢᠶᠡᠯᠡᠩ ᠤᠨ ᠳᠡᠳ᠋ ᠰᠤᠳᠤᠯᠭᠠᠲᠠᠨ ᠵᠢᠶᠠᠩ ᠵᠧᠨ ᠤ ᠶᠠᠷᠢᠬᠤ ᠪᠠᠷ᠂ ᠤᠷᠤᠯᠭ᠎ᠠ ᠶᠢᠨ ᠤᠨᠴᠠᠯᠢᠭ ᠠᠴᠠ ᠭᠠᠳᠠᠨ᠎ᠠ ᠮᠡᠳᠡᠭᠡ ᠵᠠᠩᠭᠢ ᠶᠢ ᠡᠵᠡᠮᠰᠢᠵᠦ ᠪᠤᠯᠬᠤ ᠴᠢᠨᠠᠷ ᠢ ᠭᠦᠢᠴᠡᠳ ᠪᠤᠳᠤᠯᠬᠢᠯᠠᠨ ᠂ ᠮᠡᠳᠡᠭᠡ ᠵᠠᠩᠭᠢ ᠶᠢ ᠡᠵᠡᠮᠰᠢᠭᠰᠡᠨ ᠬᠡᠮᠵᠢᠶ᠎ᠡ ᠪᠠᠷ ᠦᠨᠳᠦᠰᠦᠯᠡᠯ ᠪᠤᠯᠭᠠᠵᠤ ᠪᠤᠯᠤᠨ᠎ᠠ᠂ ᠵᠢᠱᠢᠶᠡᠯᠡᠪᠡᠯ ᠬᠦᠳᠡᠯᠮᠦᠷᠢ ᠦᠢᠯᠡᠴᠢᠯᠡᠭᠡᠨ ᠤ ᠬᠠᠷᠠᠮᠵᠢ᠂ ᠡᠬᠡ ᠪᠢᠴᠢᠭ ᠤᠨ ᠬᠠᠷᠠᠮᠵᠢ ᠵᠡᠷᠭᠡ ᠠᠴᠠ ᠤᠯᠤᠭᠰᠠᠨ ᠮᠡᠳᠡᠭᠡ ᠵᠠᠩᠭᠢ ᠶᠢ ᠦᠨᠳᠦᠰᠦᠯᠡᠨ᠂ ᠶᠡᠷᠦᠩᠬᠡᠶᠢᠯᠡᠨ ᠪᠤᠳᠤᠬᠤ ᠭᠠᠶᠢᠯᠢ ᠬᠤᠷᠢᠶᠠᠬᠤ ᠬᠡᠪᠴᠢᠶᠡᠨ ᠳᠤ ᠤᠷᠤᠭᠤᠯᠬᠤ ᠪᠠᠷ ᠪᠤᠳᠤᠯᠬᠢᠯᠠᠵᠤ ᠪᠤᠯᠤᠨ᠎ᠠ᠃        ᠬᠡᠰᠡᠭ ᠤᠷᠤᠯᠭ᠎ᠠ ᠶᠢᠨ ᠶᠡᠷᠦᠩᠬᠡᠶᠢᠯᠡᠨ ᠪᠤᠳᠤᠬᠤ ᠭᠠᠶᠢᠯᠢ ᠠᠴᠠ ᠭᠠᠳᠠᠨ᠎ᠠ ︽ᠰᠠᠭᠤᠯᠭᠠᠨ ᠠᠪᠬᠤ︾ ᠨᠢ ᠴᠦ ᠲᠤᠰ ᠤᠳᠠᠭᠠᠨ ᠤ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠦᠭᠡᠷᠡᠴᠢᠯᠡᠯᠲᠡ ᠶᠢᠨ ᠨᠢᠭᠡᠨ ᠭᠤᠤᠯ ᠠᠭᠤᠯᠭ᠎ᠠ ᠪᠤᠯᠪᠠ᠃ ᠤᠳᠤ ᠶᠢᠨ ᠬᠡᠷᠡᠭᠵᠢᠭᠦᠯᠵᠦ ᠪᠠᠶᠢᠭ᠎ᠠ ᠭᠠᠶᠢᠯᠢ ᠶᠢᠨ ᠳᠦᠷᠢᠮ ᠳᠤ ᠭᠠᠶᠢᠯᠢ ᠲᠤᠰᠢᠶᠠᠭᠴᠢ ᠶᠢᠨ ᠭᠡᠷ ᠪᠦᠯᠢ ᠶᠢᠨ ᠳᠠᠷᠤᠭᠠᠰᠤ ᠶᠢᠨ ᠡᠯᠧᠮᠧᠨ᠋ᠲ ᠢ ᠤᠷᠤᠭᠤᠯᠤᠨ ᠪᠤᠳᠤᠯᠬᠢᠯᠠᠭᠰᠠᠨ ᠦᠭᠡᠢ᠃ ᠡᠳ᠋ ᠤᠨ ᠵᠠᠰᠠᠭ ᠤᠨ ᠶᠠᠮᠤᠨ ᠤ ᠰᠠᠶᠢᠳ ᠯᠸᠦ ᠵᠢᠢ ᠸᠧᠢ ᠶᠢᠨ ᠶᠠᠷᠢᠬᠤ ᠪᠠᠷ ᠨᠢᠭᠡ ᠪᠦᠯᠦᠭ ᠤᠷᠤᠯᠭ᠎ᠠ ᠶᠢᠨ ᠲᠦᠷᠦᠯ ᠢ ᠶᠡᠷᠦᠩᠬᠡᠶᠢᠯᠡᠨ ᠪᠤᠳᠤᠵᠤ ᠭᠠᠶᠢᠯᠢ ᠬᠤᠷᠢᠶᠠᠬᠤ ᠶᠢᠨ ᠬᠠᠮᠲᠤ ᠭᠠᠶᠢᠯᠢ ᠲᠤᠰᠢᠶᠠᠭᠴᠢ ᠶᠢᠨ ᠭᠡᠷ ᠪᠦᠯᠢ ᠶᠢᠨ ᠳᠠᠷᠤᠭᠠᠰᠤ᠂ ᠵᠢᠱᠢᠶᠡᠯᠡᠪᠡᠯ ᠠᠰᠠᠷᠠᠨ ᠲᠡᠵᠢᠭᠡᠬᠦ ᠬᠦᠮᠦᠨ ᠠᠮᠠ᠂ ᠪᠠᠷᠢᠴᠠᠭᠠᠲᠤ ᠵᠢᠭᠡᠯᠡᠯᠭᠡ ᠵᠡᠷᠭᠡ ᠪᠠᠶᠢᠳᠠᠯ ᠢ ᠦᠨᠳᠦᠰᠦᠯᠡᠨ ᠰᠠᠭᠤᠯᠭᠠᠨ ᠠᠪᠬᠤ ᠡᠯᠧᠮᠧᠨ᠋ᠲ ᠲᠤ ᠪᠤᠳᠤᠨ ᠤᠷᠤᠭᠤᠯᠵᠤ᠂ ᠭᠠᠶᠢᠯᠢ ᠬᠤᠷᠢᠶᠠᠬᠤ ᠡᠷᠬᠡ ᠲᠡᠭᠰᠢ ᠶᠢ ᠪᠠᠲᠤᠯᠠᠪᠠᠯ ᠵᠤᠬᠢᠨ᠎ᠠ᠃        ᠯᠢᠦ ᠵᠢᠶᠠᠨ ᠸᠧᠨ ᠤ ᠦᠵᠡᠬᠦ ᠪᠠᠷ᠂ ᠰᠠᠭᠤᠯᠭᠠᠨ ᠠᠪᠬᠤ ᠪᠤᠯ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠳᠦᠷᠢᠮ ᠤᠨ ᠦᠭᠡᠷᠡᠴᠢᠯᠡᠯᠲᠡ ᠳᠤᠮᠳᠠ ᠰᠠᠨᠠᠭᠠᠴᠢᠯᠠᠭᠰᠠᠭᠠᠷ ᠢᠷᠡᠭᠰᠡᠨ ᠵᠦᠢᠯ ᠪᠤᠯᠤᠨ᠎ᠠ᠃ ᠤᠳᠤᠬᠠᠨ ᠤ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠲᠤᠰᠢᠶᠠᠬᠤ ᠭᠤᠤᠯ ᠴᠤᠭᠴᠠ ᠨᠢ ᠬᠤᠪᠢ ᠬᠦᠮᠦᠨ ᠲᠤᠯᠠ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠲᠤᠰᠢᠶᠠᠬᠤ ᠶᠤᠮ ᠦᠦ᠂ ᠡᠰᠡᠬᠦᠯ᠎ᠡ ᠭᠡᠷ ᠪᠦᠯᠢ ᠶᠢᠨ ᠭᠠᠶᠢᠯᠢ ᠲᠤᠰᠢᠶᠠᠬᠤ ᠶᠤᠮ ᠦᠦ ᠭᠡᠳᠡᠭ ᠢ ᠭᠠᠶᠢᠯᠢ ᠲᠤᠰᠢᠶᠠᠭᠴᠢ ᠪᠠᠷ ᠡᠷᠬᠡ ᠮᠡᠳᠡᠭᠦᠯᠦᠨ ᠰᠤᠩᠭᠤᠭᠤᠯᠵᠤ ᠪᠤᠯᠤᠨ᠎ᠠ᠂ ᠵᠢᠱᠢᠶᠡᠯᠡᠪᠡᠯ ᠡᠷ᠎ᠡ ᠡᠮ᠎ᠡ ᠬᠤᠶᠠᠭᠤᠯᠠ ᠶᠢᠨ ᠤᠷᠤᠯᠭ᠎ᠠ ᠶᠢ ᠨᠡᠶᠢᠯᠡᠭᠦᠯᠦᠭᠡᠳ ᠭᠠᠶᠢᠯᠢ ᠲᠤᠰᠢᠶᠠᠵᠤ ᠴᠦ ᠪᠤᠯᠤᠨ᠎ᠠ᠃ ᠭᠡᠶ᠎ᠡ ᠭᠡᠷ ᠪᠦᠯᠢ ᠶᠢᠨ ᠨᠠᠰᠤᠲᠠᠨ ᠤ ᠲᠤᠭ᠎ᠠ ᠪᠠᠷ ᠨᠠᠰᠤᠵᠢᠯ ᠤᠨ ᠠᠰᠠᠷᠠᠮᠵᠢ ᠶᠢᠨ ᠳᠠᠷᠤᠭᠠᠰᠤ ᠶᠢ ᠪᠤᠳᠤᠯᠬᠢᠯᠠᠨ᠂ ᠤᠷᠤᠨ ᠰᠠᠭᠤᠴᠠ ᠶᠢᠨ ᠵᠢᠭᠡᠯᠡᠯᠭᠡ ᠶᠢᠨ ᠬᠦᠦ ᠮᠦᠩᠭᠦ ᠵᠡᠷᠭᠡ ᠶᠢ ᠴᠦᠮ ᠰᠠᠭᠤᠯᠭᠠᠨ ᠠᠪᠬᠤ ᠳᠤ ᠤᠷᠤᠭᠤᠯᠪᠠᠯ ᠵᠤᠬᠢᠨ᠎ᠠ᠃ ᠡᠭᠦᠨ ᠠᠴᠠ ᠭᠠᠳᠠᠨ᠎ᠠ᠂ ᠭᠠᠶᠢᠯᠢ ᠲᠤᠰᠢᠶᠠᠬᠤ ᠬᠠᠷᠠᠭᠠᠯᠵᠠᠯ ᠤᠨ ᠲᠦᠷᠦ ᠶᠢᠨ ᠪᠤᠳᠤᠯᠭ᠎ᠠ ᠳᠤ ᠬᠤᠶᠠᠳᠤᠭᠠᠷ ᠬᠡᠦᠬᠡᠳ ᠠᠪᠬᠤ ᠶᠢ ᠵᠤᠷᠢᠭᠵᠢᠭᠤᠯᠬᠤ ᠠᠷᠭ᠎ᠠ ᠬᠡᠯᠪᠡᠷᠢ ᠪᠤᠯᠭᠠᠬᠤ ᠶᠢ ᠪᠤᠳᠤᠯᠬᠢᠯᠠᠨ᠂ ᠬᠤᠶᠠᠳᠤᠭᠠᠷ ᠬᠡᠦᠬᠡᠳ ᠤᠨ ᠳᠠᠷᠤᠭᠠᠰᠤ ᠶᠢ ᠴᠦ ᠰᠠᠭᠤᠯᠭᠠᠨ ᠠᠪᠬᠤ ᠳᠤ ᠤᠷᠤᠭᠤᠯᠤᠨ ᠪᠤᠳᠤᠯᠬᠢᠯᠠᠪᠠᠯ ᠵᠤᠬᠢᠨ᠎ᠠ᠃        ᠭᠠᠶᠢᠯᠢ ᠶᠢᠨ ᠨᠤᠷᠮ᠎ᠠ ᠶᠢᠨ ᠲᠠᠯ᠎ᠠ ᠪᠠᠷ᠂ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠡᠳ᠋ ᠤᠨ ᠵᠠᠰᠠᠭ ᠠᠵᠤ ᠠᠬᠤᠢ ᠶᠢᠨ ᠪᠠᠶᠢᠯᠳᠤᠬᠤ ᠪᠤᠳᠤᠯᠭ᠎ᠠ ᠶᠢᠨ ᠰᠤᠳᠤᠯᠭᠠᠨ ᠤ ᠬᠦᠷᠢᠶᠡᠯᠡᠩ ᠤᠨ ᠰᠤᠳᠤᠯᠭᠠᠲᠠᠨ ᠶᠠᠩ ᡁᠢ ᠶᠦᠩ ᠤᠨ ᠦᠵᠡᠬᠦ ᠪᠠᠷ᠂ ᠴᠠᠯᠢᠩ ᠮᠦᠩᠭᠦ ᠶᠢᠨ ᠤᠷᠤᠯᠭ᠎ᠠ ᠳᠤ ᠲᠤᠬᠢᠷᠠᠬᠤ ᠭᠠᠶᠢᠯᠢ ᠶᠢᠨ ᠨᠤᠷᠮ᠎ᠠ ᠳᠤ ᠶᠡᠬᠡᠪᠡᠷ ᠲᠤᠬᠢᠷᠠᠭᠤᠯᠤᠯᠲᠠ ᠬᠢᠬᠦ ᠴᠢᠬᠤᠯᠠᠲᠠᠢ᠂ ᠬᠤᠪᠢ ᠬᠦᠮᠦᠨ ᠤ ᠤᠷᠤᠯᠭ᠎ᠠ ᠶᠢᠨ ᠭᠠᠶᠢᠯᠢ ᠶᠢᠨ ᠦᠭᠡᠷᠡᠴᠢᠯᠡᠯᠲᠡ ᠨᠢ ᠭᠠᠶᠢᠯᠢ ᠶᠢ ᠬᠦᠩᠭᠡᠷᠡᠭᠦᠯᠬᠦ ᠦᠭᠡᠷᠡᠴᠢᠯᠡᠯᠲᠡ ᠳᠡᠭᠡᠷ᠎ᠡ ᠰᠠᠭᠤᠷᠢᠯᠠᠬᠤ ᠬᠡᠷᠡᠭᠲᠡᠢ᠃ ᠤᠯᠠᠨ ᠤᠯᠤᠰ ᠤᠨ ᠴᠢᠳᠠᠪᠤᠷᠢᠲᠠᠨ ᠤ ᠦᠷᠢᠰᠦᠯᠳᠦᠭᠡᠨ ᠵᠡᠷᠭᠡ ᠡᠯᠧᠮᠧᠨ᠋ᠲ ᠲᠤ ᠰᠠᠭᠤᠷᠢᠯᠠᠨ᠂ ᠳᠡᠯᠡᠬᠡᠢ ᠶᠢᠨ ᠬᠡᠪᠴᠢᠶᠡᠨ ᠳᠠᠬᠢ ᠬᠤᠪᠢ ᠬᠦᠮᠦᠨ ᠤ ᠤᠷᠤᠯᠭ᠎ᠠ ᠶᠢᠨ ᠭᠠᠶᠢᠯᠢ ᠶᠢᠨ ᠬᠠᠮᠤᠭ ᠤᠨ ᠦᠨᠳᠦᠷ ᠬᠢᠵᠠᠭᠠᠷ ᠤᠨ ᠭᠠᠶᠢᠯᠢ ᠶᠢᠨ ᠨᠤᠷᠮ᠎ᠠ ᠶᠢ ᠳᠤᠷᠤᠭᠰᠢᠯᠠᠭᠤᠯᠬᠤ ᠨᠢ ᠶᠡᠭᠡ ᠬᠠᠨᠳᠤᠰᠢ ᠪᠤᠯᠪᠠ᠃ ᠬᠦᠭᠵᠢᠭᠰᠡᠨ ᠤᠯᠤᠰ ᠪᠠ ᠪᠠᠶᠠᠨ ᠤᠯᠤᠰ ᠤᠳ ᠲᠠᠢ ᠬᠠᠷᠢᠴᠠᠭᠤᠯᠤᠨ ᠠᠳᠠᠯᠢᠳᠬᠠᠵᠤ᠂ ᠮᠠᠨ ᠤ ᠤᠯᠤᠰ ᠤᠨ ᠬᠤᠪᠢ ᠬᠦᠮᠦᠨ ᠤ ᠤᠷᠤᠯᠭ᠎ᠠ ᠶᠢᠨ ᠭᠠᠶᠢᠯᠢ ᠶᠢᠨ ᠬᠠᠮᠤᠭ ᠤᠨ ᠦᠨᠳᠦᠷ ᠬᠢᠵᠠᠭᠠᠷ ᠤᠨ ᠭᠠᠶᠢᠯᠢ ᠶᠢᠨ ᠨᠤᠷᠮ᠎ᠠ ᠶᠢ ᠴᠦ ᠶᠡᠬᠡᠪᠡᠷ ᠳᠤᠷᠤᠭᠰᠢᠯᠠᠭᠤᠯᠪᠠᠯ ᠵᠤᠬᠢᠨ᠎ᠠ᠂ ᠡᠭᠦᠨ ᠤ ᠬᠠᠮᠲᠤ ᠬᠠᠮᠤᠭ ᠤᠨ ᠦᠨᠳᠦᠷ ᠬᠢᠵᠠᠭᠠᠷ ᠲᠤ ᠲᠤᠬᠢᠷᠠᠬᠤ ᠵᠢᠯ ᠤᠨ ᠭᠠᠶᠢᠯᠢ ᠲᠤᠰᠢᠶᠠᠬᠤ ᠵᠤᠬᠢᠰᠲᠠᠢ ᠤᠷᠤᠯᠭ᠎ᠠ ᠶᠢ 20 ᠲᠦᠮᠡᠨ ᠲᠦᠭᠦᠷᠢᠭ ᠪᠤᠶᠤ ᠨᠡᠩ ᠦᠨᠳᠦᠷ ᠪᠤᠯᠭᠠᠪᠠᠯ ᠵᠤᠬᠢᠨ᠎ᠠ᠃        ᠤᠶᠢᠯᠠᠭᠠᠭᠰᠠᠨ ᠢᠶᠠᠷ᠂ ᠤᠳᠤᠬᠠᠨ ᠳᠤ ᠮᠠᠨ ᠤ ᠤᠯᠤᠰ ᠤᠨ ᠬᠤᠪᠢ ᠬᠦᠮᠦᠨ ᠤ ᠤᠯᠵᠠᠪᠤᠷᠢ ᠶᠢᠨ ᠬᠠᠮᠤᠭ ᠤᠨ ᠦᠨᠳᠦᠷ ᠬᠢᠵᠠᠭᠠᠷ ᠤᠨ ᠭᠠᠶᠢᠯᠢ ᠶᠢᠨ ᠨᠤᠷᠮ᠎ᠠ ᠨᠢ 45%᠂ ᠡᠨᠡᠬᠦ ᠪᠠᠷᠢᠮᠵᠢᠶ᠎ᠠ ᠶᠢ 1994 ᠤᠨ ᠤ ᠭᠠᠶᠢᠯᠢ ᠶᠢᠨ ᠳᠦᠷᠢᠮ ᠤᠨ ᠦᠭᠡᠷᠡᠴᠢᠯᠡᠯᠲᠡ ᠶᠢᠨ ᠦᠶᠡᠰ ᠲᠤᠭᠲᠠᠭᠠᠭᠰᠠᠨ ᠶᠤᠮ᠃ ᠤᠳᠤᠬᠠᠨ ᠳᠤ ᠠᠮᠧᠷᠢᠺᠡ᠂ ᠪᠷᠠᠽᠢᠯ᠂ ᠤᠷᠤᠰ᠂ ᠡᠨᠡᠳᠬᠡᠭ᠂ ᠸᠢᠶᠧᠲᠨᠠᠮ ᠤᠨ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠬᠠᠮᠤᠭ ᠤᠨ ᠦᠨᠳᠦᠷ ᠬᠢᠵᠠᠭᠠᠷ ᠤᠨ ᠭᠠᠶᠢᠯᠢ ᠶᠢᠨ ᠨᠤᠷᠮ᠎ᠠ ᠨᠢ ᠲᠤᠰ ᠲᠤᠰ 35%᠂ 27.5%᠂13%᠂30%᠂35% ᠪᠤᠯᠤᠨ᠎ᠠ᠃        ᠯᠢᠦ ᠵᠢᠶᠠᠨ ᠸᠧᠨ ᠤ ᠦᠵᠡᠬᠦ ᠪᠠᠷ᠂ ᠭᠠᠶᠢᠯᠢ ᠶᠢᠨ ᠨᠤᠷᠮ᠎ᠠ ᠶᠢ ᠵᠤᠬᠢᠰᠲᠠᠢ ᠳᠤᠷᠤᠭᠰᠢᠯᠠᠭᠤᠯᠵᠤ ᠪᠤᠯᠤᠨ᠎ᠠ᠂ ᠭᠡᠶ᠎ᠡ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠦᠭᠡᠷᠡᠴᠢᠯᠡᠯᠲᠡ ᠠᠴᠠ ᠬᠤᠶᠢᠰᠢᠬᠢ ᠪᠦᠬᠦᠶᠢᠯᠡ ᠴᠤᠭᠴᠠ ᠶᠢᠨ ᠭᠠᠶᠢᠯᠢ ᠶᠢᠨ ᠡᠭᠦᠷᠭᠡ ᠨᠡᠮᠡᠭᠳᠡᠭᠰᠡᠨ ᠶᠤᠮ ᠦᠦ ᠡᠰᠡᠬᠦᠯ᠎ᠡ ᠬᠠᠰᠤᠭᠳᠠᠭᠰᠠᠨ ᠶᠤᠮ ᠦᠦ ᠭᠡᠬᠦ ᠶᠢ ᠪᠦᠬᠦᠨ ᠢ ᠠᠳᠠᠯᠢ ᠪᠠᠷ ᠦᠵᠡᠵᠦ ᠪᠤᠯᠬᠤ ᠦᠭᠡᠢ᠂ ᠡᠨᠡ ᠪᠤᠯ ᠪᠦᠲᠦᠴᠡ ᠶᠢᠨ ᠴᠢᠨᠠᠷᠲᠠᠢ ᠬᠤᠪᠢᠷᠠᠯᠲᠠ ᠪᠤᠯᠬᠤ ᠶᠤᠮ᠂ ᠳᠠᠩ ᠭᠠᠭᠴᠠ ᠨᠡᠮᠡᠵᠦ ᠬᠠᠰᠤᠭᠰᠠᠨ ᠠᠰᠠᠭᠤᠳᠠᠯ ᠪᠢᠰᠢ᠃ ᠡᠭᠦᠨ ᠳᠤ ᠳᠤᠷᠠᠳᠤᠭᠤᠰᠢᠲᠠᠢ ᠨᠢ ᠭᠠᠶᠢᠯᠢ ᠬᠤᠷᠢᠶᠠᠬᠤ ᠪᠠ ᠬᠠᠮᠢᠶᠠᠷᠤᠯᠲᠠ ᠶᠢᠨ ᠳᠦᠷᠢᠮ ᠤᠨ ᠬᠠᠮᠵᠢᠯᠴᠠᠭ᠎ᠠ ᠶᠢ ᠬᠠᠷᠢᠯᠴᠠᠨ ᠤᠶᠠᠯᠳᠤᠭᠤᠯᠬᠤ ᠴᠢᠬᠤᠯᠠᠲᠠᠢ᠂ ᠦᠨᠳᠦᠷ ᠤᠷᠤᠯᠭ᠎ᠠ ᠲᠠᠢ ᠬᠦᠮᠦᠰ ᠠᠴᠠ ᠭᠠᠶᠢᠯᠢ ᠬᠤᠷᠢᠶᠠᠬᠤ ᠪᠠ ᠬᠠᠮᠢᠶᠠᠷᠤᠯᠲᠠ ᠪᠠᠨ ᠲᠡᠭᠦᠯᠳᠡᠷᠵᠢᠭᠦᠯᠬᠦ ᠨᠢ ᠨᠡᠩ ᠤᠯᠠᠨ ᠭᠠᠶᠢᠯᠢ ᠲᠤᠰᠢᠶᠠᠭᠴᠢᠳ ᠲᠤ ᠠᠰᠢᠭ ᠲᠤᠰᠠ ᠬᠦᠷᠲᠡᠬᠡᠭᠦ ᠨᠢ ᠯᠠᠪᠲᠠᠢ᠃ ᠶᠡᠷᠦᠩᠬᠡᠢ ᠳᠤᠨᠢ ᠠᠪᠴᠤ ᠬᠡᠯᠡᠪᠡᠯ᠂ ᠨᠡᠩ ᠡᠷᠬᠡ ᠲᠡᠭᠰᠢ ᠵᠦᠢ ᠵᠤᠬᠢᠰᠲᠠᠢ ᠭᠠᠶᠢᠯᠢ ᠶᠢᠨ ᠳᠦᠷᠢᠮ ᠢ ᠪᠠᠶᠢᠭᠤᠯᠬᠤ ᠪᠤᠯ ᠵᠠᠩᠭᠢᠯᠠᠭ᠎ᠠ ᠪᠤᠯᠤᠨ᠎ᠠ᠃        ᠳᠤᠮᠳᠠᠳᠤ ᠤᠯᠤᠰ ᠤᠨ ᠡᠳ᠋ ᠤᠨ ᠵᠠᠰᠠᠭ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠬᠦᠷᠢᠶᠡᠯᠡᠩ ᠤᠨ ᠰᠤᠳᠤᠯᠭᠠᠲᠠᠨ ᠯᠢ ᠴᠢᠦᠸᠠᠨ ᠤ ᠶᠠᠷᠢᠬᠤ ᠪᠠᠷ᠂ ᠠᠵᠤ ᠠᠬᠤᠢ ᠶᠢᠨ ᠤᠬᠠᠭᠠᠨ ᠤ ᠦᠨᠳᠦᠰᠦᠨ ᠯᠤᠬᠢᠭ ᠠᠴᠠ ᠠᠪᠴᠤ ᠬᠡᠯᠡᠪᠡᠯ᠂ ᠬᠤᠪᠢ ᠬᠦᠮᠦᠨ ᠤ ᠤᠷᠤᠯᠭ᠎ᠠ ᠨᠢ ᠨᠡᠶᠢᠭᠡᠮ ᠤᠨ ᠡᠳ᠋ ᠬᠦᠷᠦᠩᠭᠡ ᠳᠤ ᠲᠠᠬᠢᠨ ᠬᠤᠪᠢᠶᠠᠷᠢᠯᠠᠯᠲᠠ ᠬᠢᠵᠦ᠂ ᠨᠡᠶᠢᠭᠡᠮ ᠤᠨ ᠬᠢᠵᠠᠭᠠᠷ ᠲᠠᠢ ᠡᠬᠢ ᠪᠠᠶᠠᠯᠢᠭ ᠢᠶᠠᠷ ᠨᠡᠩ ᠶᠡᠭᠡ ᠦᠷ᠎ᠡ ᠠᠰᠢᠭ ᠡᠭᠦᠳᠬᠦ ᠶᠢᠨ ᠲᠦᠯᠦᠭᠡ ᠶᠤᠮ᠃ ᠬᠡᠯᠡᠯᠭᠡᠨ ᠦᠭᠡᠢ᠂ ᠤᠳᠤᠬᠢ ᠱᠠᠲᠤᠨ ᠳᠤ ᠤᠯᠤᠰ ᠤᠨ ᠲᠤᠲᠤᠭᠠᠲᠤ ᠭᠠᠳᠠᠭᠠᠲᠤ ᠶᠢᠨ ᠠᠵᠤ ᠠᠬᠤᠢ ᠶᠢᠨ ᠠᠵᠢᠯᠯᠠᠭᠠᠨ ᠤ ᠡᠯᠧᠮᠧᠨ᠋ᠲ ᠶᠡᠭᠡ ᠬᠤᠪᠢᠷᠠᠯᠲᠠ ᠲᠠᠢ ᠲᠤᠯᠠ ᠠᠵᠤ ᠠᠬᠤᠢ ᠶᠢᠨ ᠰᠠᠭᠤᠷᠢ ᠶᠢ ᠪᠠᠬᠢᠯᠡᠵᠦ ᠪᠠᠶᠢᠭ᠎ᠠ ᠱᠠᠲᠤᠨ ᠳᠤ ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠦᠭᠡᠷᠡᠴᠢᠯᠡᠯᠲᠡ ᠬᠢᠬᠦ ᠨᠢ ᠬᠤᠷᠸ᠎ᠠ ᠭᠠᠶᠢᠯᠢ ᠶᠢ ᠲᠤᠭᠲᠠᠪᠤᠷᠢᠵᠢᠭᠤᠯᠬᠤ ᠦᠢᠯᠡᠳᠦᠯ ᠲᠠᠢ᠃ ᠡᠨᠡᠬᠦ ᠶᠠᠪᠤᠴᠠ ᠳᠤ᠂ ᠤᠯᠠᠨ ᠲᠠᠯ᠎ᠠ ᠶᠢᠨ ᠡᠯᠧᠮᠧᠨ᠋ᠲ ᠬᠠᠷᠢᠯᠴᠠᠨ ᠦᠢᠯᠡᠳᠦᠯᠴᠡᠭᠰᠡᠨ ᠠᠴᠠ ᠪᠤᠯᠵᠤ ᠬᠡᠰᠡᠭ ᠲᠠᠯ᠎ᠠ ᠪᠠᠷ ᠭᠠᠶᠢᠯᠢ ᠨᠡᠮᠡᠭᠳᠡᠭᠰᠡᠨ ᠪᠤᠶᠤ ᠬᠠᠰᠤᠭᠳᠠᠭᠰᠠᠨ ᠪᠠᠶᠢᠳᠠᠯ ᠭᠠᠷᠴᠤ ᠮᠡᠳᠡᠨ᠎ᠡ᠂ ᠭᠡᠶ᠎ᠡ ᠤᠷᠲᠤ ᠬᠤᠭᠤᠴᠠᠭᠠᠨ ᠠᠴᠠ ᠠᠪᠴᠤ ᠦᠵᠡᠪᠡᠯ᠂ ᠭᠠᠶᠢᠯᠢ ᠬᠤᠷᠢᠶᠠᠬᠤ ᠪᠦᠲᠦᠴᠡ ᠶᠢ ᠰᠢᠯᠢᠳᠡᠭᠵᠢᠭᠦᠯᠬᠦ ᠳᠤ ᠨᠡᠩ ᠠᠰᠢᠭᠲᠠᠢ᠃        ᠬᠤᠪᠢ ᠬᠦᠮᠦᠨ ᠤ ᠤᠯᠵᠠᠪᠤᠷᠢ ᠶᠢᠨ ᠭᠠᠶᠢᠯᠢ ᠶᠢᠨ ᠦᠭᠡᠷᠡᠴᠢᠯᠡᠯᠲᠡ ᠶᠢ ᠪᠦᠬᠦᠶᠢᠯᠡ ᠡᠳ᠋ ᠤᠨ ᠵᠠᠰᠠᠭ ᠭᠠᠶᠢᠯᠢ ᠶᠢᠨ ᠪᠦᠲᠦᠴᠡ ᠶᠢᠨ ᠦᠭᠡᠷᠡᠴᠢᠯᠡᠯᠲᠡ ᠶᠢᠨ ᠪᠠᠶᠢᠷᠢᠯᠠᠭᠤᠯᠤᠯᠲᠠ ᠳᠤᠮᠳᠠ ᠤᠷᠤᠭᠤᠯᠵᠤ᠂ ᠭᠠᠶᠢᠯᠢ ᠬᠤᠷᠢᠶᠠᠬᠤ᠂ ᠭᠠᠶᠢᠯᠢ ᠶᠢᠨ ᠬᠠᠮᠢᠶᠠᠷᠤᠯᠲᠠ᠂ ᠨᠡᠮᠡᠭᠳᠡᠯ ᠦᠷᠲᠡᠭ ᠤᠨ ᠭᠠᠶᠢᠯᠢ᠂ ᠬᠡᠷᠡᠭᠯᠡᠭᠡᠨ ᠤ ᠭᠠᠶᠢᠯᠢ᠂ ᠭᠡᠷ ᠭᠠᠵᠠᠷ ᠬᠦᠷᠦᠩᠭᠡ ᠶᠢᠨ ᠭᠠᠶᠢᠯᠢ ᠵᠡᠷᠭᠡ ᠲᠠᠢ ᠴᠤᠭᠭᠠᠷ ᠶᠡᠷᠦᠩᠬᠡᠶᠢᠯᠡᠨ ᠪᠤᠳᠤᠯᠬᠢᠯᠠᠵᠤ᠂ ᠪᠦᠬᠦᠶᠢᠯᠡ ᠴᠤᠭᠴᠠ ᠢᠶᠠᠷ ᠨᠢ ᠠᠬᠢᠭᠤᠯᠪᠠᠯ ᠵᠤᠬᠢᠨ᠎ᠠ ᠭᠡᠵᠦ ᠤᠯᠠᠨ ᠲᠤᠰᠬᠠᠢ ᠮᠡᠷᠭᠡᠵᠢᠯᠲᠡᠨ ᠵᠢᠭᠠᠵᠤ ᠭᠠᠷᠭᠠᠪᠠ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号