ᠳᠡᠯᠡᠬᠡᠢ ᠶᠢᠨ ᠠᠭᠤᠤ ᠶᠡᠭᠡ ᠡᠭᠦᠳᠦᠯᠲᠡ
ᠨᠡᠶᠢᠲᠡᠯᠡᠭᠰᠡᠨ ᠴᠠᠭ᠄
2016-08-19
       ᠴᠢᠩᠭ᠎ᠠ ᠬᠠᠷᠢᠮᠠᠬᠠᠢ ᠴᠠᠪᠠᠤ        ᠨᠢᠭᠡ ᠯᠡ ᠲᠤᠰᠤᠯ ᠴᠢᠩᠭ᠎ᠠ ᠬᠠᠷᠢᠮᠠᠬᠠᠢ ᠴᠠᠪᠠᠤ ᠡᠷᠡᠬᠡᠢ ᠬᠤᠷᠤᠭᠤ ᠪᠤᠯᠤᠨ ᠳᠤᠯᠤᠪᠤᠷ ᠬᠤᠷᠤᠭᠤ ᠶᠢ ᠴᠢᠨᠢ ᠡᠭᠦᠷᠢᠳᠡ ᠨᠠᠭᠠᠯᠳᠤᠭᠤᠯᠵᠤ ᠲᠠᠯᠪᠢᠳᠠᠭ ᠷᠢᠳᠢ ᠰᠢᠳᠢ ᠲᠠᠢ ᠪᠠᠶᠢᠳᠠᠭ ᠪᠢᠯᠡ᠃ 6 ᠺᠤᠸᠠᠲ ᠰᠡᠨᠲ᠋ᠢᠮᠧᠲᠷ ᠨᠠᠭᠠᠯᠳᠤᠭᠤᠯᠬᠤ ᠡᠳ᠋ ᠨᠢ ᠨᠢᠭᠡ ᠳᠤᠨ ᠪᠤᠳᠠᠰ ᠢ ᠴᠦᠮ ᠨᠠᠭᠠᠯᠳᠤᠭᠤᠯᠵᠤ ᠴᠢᠳᠠᠳᠠᠭ᠃ ᠲᠡᠭᠦᠨ ᠤ ᠴᠤᠷ ᠤᠨ ᠭᠠᠭᠴᠠ ᠤᠷᠪᠠᠯ ᠤᠨ ᠬᠦᠷᠦᠯᠴᠡᠬᠦ ᠡᠭᠦᠰᠦᠭᠦᠷ ᠨᠢ ᠤᠰᠤᠨ ᠳᠤᠲᠤᠷ᠎ᠠ ᠠᠬᠤᠭᠤᠯᠤᠭᠳᠠᠬᠤ ᠤᠰᠤᠮᠠᠭᠲᠤ ᠢᠶᠤᠨ ᠪᠤᠯᠤᠨ᠎ᠠ᠃ ᠲᠡᠭᠡᠪᠡᠯ ᠡᠨᠡᠬᠦ ᠬᠠᠴᠢᠨ ᠪᠤᠳᠠᠰ ᠨᠢ ᠶᠠᠮᠠᠷ ᠪᠦᠷᠢᠯᠳᠦᠭᠦᠨ ᠲᠠᠢ ᠪᠤᠯ︖ ᠭᠡᠪᠡᠯ᠂ ᠲᠡᠭᠦᠨ ᠤ ᠭᠤᠤᠯ ᠪᠦᠷᠢᠯᠳᠦᠭᠦᠨ ᠨᠢ ᠼᠢᠶᠠᠨ ᠪᠦᠯᠦᠭ ᠤᠨ ᠫᠷᠦᠫᠧᠨ ᠬᠦᠴᠢᠯ ᠤᠨ ᠡᠰᠲ᠋ᠧᠷ ᠪᠤᠯᠤᠨ᠎ᠠ᠃         1942 ᠤᠨ ᠳᠤ ᠠᠮᠧᠷᠢᠺᠡ ᠶᠢᠨ ᠢᠨᠵᠧᠨᠧᠷ ᠬᠠᠯᠢ᠂ ᠺᠦᠹ ᠤᠨ ᠬᠢᠵᠦ ᠪᠠᠶᠢᠭᠰᠠᠨ ᠠᠵᠢᠯ ᠨᠢ ᠪᠤᠯ ᠵᠡᠪᠰᠡᠭ ᠰᠤᠳᠤᠯᠤᠨ ᠪᠦᠲᠦᠭᠡᠳᠡᠭ᠂ ᠲᠤᠬᠠᠢ ᠶᠢᠨ ᠦᠶ᠎ᠡ ᠳᠤ᠂ ᠲᠡᠭᠦᠨ ᠤ ᠤᠷᠮ᠎ᠠ ᠰᠡᠳᠬᠢᠯᠭᠡ ᠨᠢ ᠲᠤᠩ ᠮᠠᠭᠤ ᠪᠠᠶᠢᠵᠠᠢ᠃ ᠤᠴᠢᠷ ᠨᠢ ᠲᠡᠭᠦᠨ ᠤ ᠬᠢᠵᠦ ᠪᠦᠲᠦᠭᠡᠭᠰᠡᠨ ᠨᠢᠭᠡᠨ ᠪᠤᠳᠠᠰ ᠨᠢ ᠲᠤᠩ ᠨᠠᠶᠢᠳᠠᠪᠤᠷᠢ ᠦᠭᠡᠢ ᠪᠠᠶᠢᠵᠤ᠂ ᠶᠠᠭᠤᠨ ᠳᠡᠭᠡᠷ᠎ᠡ ᠬᠦᠷᠪᠡᠯ ᠶᠠᠭᠤᠨ ᠳᠡᠭᠡᠷ᠎ᠡ ᠨᠠᠭᠠᠯᠳᠤᠨ ᠶᠡᠭᠡ ᠶᠠᠷᠰᠢᠭ ᠲᠠᠢ ᠪᠠᠶᠢᠵᠠᠢ᠃ ᠲᠡᠷᠡ ᠡᠨᠡᠬᠦ ᠪᠤᠳᠠᠰ ᠢᠶᠠᠨ ᠬᠠᠶᠠᠬᠤ ᠪᠠᠷ ᠲᠦᠯᠦᠪᠯᠡᠵᠦ ᠪᠦᠬᠦᠨ ᠢ ᠬᠤᠭ ᠤᠨ ᠰᠠᠪᠠᠨ ᠳᠤ ᠴᠢᠳᠬᠤᠨ ᠤᠷᠤᠭᠤᠯᠤᠭᠰᠠᠨ ᠪᠠᠶᠢᠨ᠎ᠠ᠃         ᠪᠤᠳᠤᠯᠭᠠᠨ ᠳᠤ ᠦᠭᠡᠢ 6 ᠵᠢᠯ ᠤᠨ ᠳᠠᠷᠠᠭ᠎ᠠ ᠲᠡᠭᠦᠨ ᠤ ᠲᠤᠬᠠᠢ ᠶᠢᠨ ᠦᠶ᠎ᠡ ᠳᠤ ᠴᠢᠳᠬᠤᠨ ᠤᠷᠤᠭᠤᠯᠤᠭᠰᠠᠨ ᠬᠤᠭ ᠤᠨ ᠰᠠᠪᠠ ᠨᠢ ᠲᠡᠮᠦᠷ ᠪᠠᠶᠢᠭᠰᠠᠨ ᠪᠤᠯᠬᠤᠷ ᠲᠤᠰ ᠪᠤᠳᠠᠰ ᠤᠨ ᠭᠤᠤᠯ ᠪᠦᠷᠢᠯᠳᠦᠭᠦᠨ ᠪᠤᠯᠬᠤ ᠼᠢᠶᠠᠨ ᠪᠦᠯᠦᠭ ᠤᠨ ᠫᠷᠦᠫᠧᠨ ᠬᠦᠴᠢᠯ ᠤᠨ ᠡᠰᠲ᠋ᠧᠷ ᠲᠤ ᠨᠠᠭᠠᠯᠳᠤᠭᠠᠳ ᠬᠤᠭ ᠤᠨ ᠰᠠᠪᠠ ᠶᠢᠨ ᠢᠷᠤᠭᠠᠷ  ᠨᠢ ᠮᠠᠰᠢ ᠪᠠᠬᠢ ᠪᠤᠯᠤᠭᠰᠠᠨ ᠪᠠᠶᠢᠨ᠎ᠠ᠃ ᠡᠭᠦᠨ ᠢ ᠦᠵᠡᠭᠡᠳ ᠲᠡᠷᠡ ᠲᠤᠰ ᠪᠤᠳᠠᠰ ᠢᠶᠠᠷ ᠨᠠᠭᠠᠯᠳᠤᠮᠠᠬᠠᠢ ᠪᠤᠳᠠᠰ ᠪᠤᠯᠭᠠᠵᠤ᠂ ᠬᠠᠭᠠᠷᠠᠵᠤ ᠰᠠᠯᠤᠭᠰᠠᠨ ᠵᠦᠢᠯ ᠢ ᠨᠠᠭᠠᠯᠳᠤᠭᠤᠯᠵᠤ ᠲᠠᠯᠪᠢᠪᠠᠯ ᠲᠠᠬᠢᠨ ᠬᠡᠷᠡᠭᠯᠡᠵᠦ ᠪᠤᠯᠬᠤ ᠮᠠᠭᠠᠳ ᠭᠡᠵᠦ ᠪᠤᠳᠤᠭᠠᠳ ᠲᠡᠷᠡ ᠳᠤᠤᠷ᠎ᠠ ᠨᠢ ᠲᠤᠰᠬᠠᠢ ᠠᠰᠢᠭ ᠤᠨ ᠡᠷᠬᠡ ᠶᠢ ᠡᠷᠡᠮᠡᠯᠵᠡᠵᠦ᠂ ᠵᠠᠬ᠎ᠠ ᠳᠡᠯᠭᠡᠭᠦᠷ ᠤᠨ ᠦᠨ᠎ᠡ ᠦᠷᠲᠡᠭ ᠢ ᠨᠢ ᠬᠦᠭᠡᠭᠡᠴᠡᠯᠳᠦᠭᠰᠡᠨ ᠪᠠᠶᠢᠨ᠎ᠠ᠃        1958 ᠤᠨ ᠪᠤᠯᠬᠤ ᠳᠤ᠂ ᠲᠡᠭᠦᠨ ᠤ ᠠᠩᠬᠠᠳᠠᠭᠴᠢ ᠰᠢᠬᠠᠭᠤᠷ ᠯᠤᠩᠬᠤᠨ ᠬᠡᠯᠪᠡᠷᠢ ᠶᠢᠨ ︽ᠺᠧᠳᠠ︾ ᠲᠡᠮᠳᠡᠭᠲᠦ ᠴᠢᠩᠭ᠎ᠠ ᠬᠠᠷᠢᠮᠠᠬᠠᠢ ᠴᠠᠪᠠᠤ ᠵᠠᠬ᠎ᠠ ᠳᠡᠯᠭᠡᠭᠦᠷ ᠲᠤ ᠡᠬᠢᠯᠡᠨ ᠪᠤᠷᠤᠯᠠᠭᠤᠯᠤᠭᠳᠠᠭᠰᠠᠨ ᠪᠠᠶᠢᠨ᠎ᠠ᠃         ᠪᠠᠯᠠᠯᠤᠨ ᠵᠠᠰᠠᠬᠤ ᠰᠢᠩᠭᠡᠨ         ᠪᠠᠯᠠᠯᠤᠨ ᠵᠠᠰᠠᠬᠤ ᠰᠢᠩᠭᠡᠨ ᠢ ᠪᠠᠰᠠ ︽ᠵᠠᠰᠠᠨ ᠵᠠᠯᠠᠷᠠᠭᠤᠯᠬᠤ ᠰᠢᠩᠭᠡᠨ︾ ᠭᠡᠳᠡᠭ᠃ ᠲᠡᠷᠡ ᠨᠢ ᠤᠳᠤ ᠪᠤᠯ ᠨᠢᠭᠡ ᠵᠦᠢᠯ ᠤᠨ ᠪᠢᠴᠢᠭ ᠤᠨ ᠬᠡᠷᠡᠭᠰᠡᠯ ᠪᠤᠯᠪᠠ᠂ ᠴᠠᠭᠠᠨ ᠦᠩᠭᠡᠲᠡᠢ ᠲᠤᠩᠭᠠᠯᠠᠭ ᠪᠤᠳᠤᠭ ᠭᠠᠷᠬᠤ ᠪᠠ ᠴᠠᠭᠠᠰᠤᠨ ᠳᠡᠭᠡᠷ᠎ᠡ ᠲᠦᠷᠬᠢᠵᠦ ᠪᠤᠷᠤᠭᠤ ᠦᠰᠦᠭ ᠢ ᠳᠠᠯᠳᠠᠯᠠᠵᠤ ᠲᠠᠯᠪᠢᠳᠠᠭ᠂ ᠬᠠᠲᠠᠭᠰᠠᠨ ᠤ ᠳᠠᠷᠠᠭ᠎ᠠ ᠳᠡᠭᠡᠷ᠎ᠡ ᠨᠢ ᠲᠠᠬᠢᠨ ᠪᠢᠴᠢᠵᠦ ᠪᠤᠯᠳᠠᠭ᠃         1951 ᠤᠨ ᠳᠤ ᠠᠮᠧᠷᠢᠺᠡ ᠶᠢᠨ ᠭᠷᠸᠢᠢᠶᠠᠮ ᠭᠡᠰᠡᠨ ᠨᠡᠷ᠎ᠡ ᠲᠠᠢ ᠨᠢᠭᠡᠨ ᠪᠦᠰᠡᠭᠦᠢ ᠤᠷᠤᠭ ᠰᠠᠯᠤᠭᠰᠠᠨ ᠤ ᠪᠠᠨ ᠳᠠᠷᠠᠭ᠎ᠠ ᠨᠢᠭᠡᠨ ᠺᠤᠮᠫᠠᠨᠢ ᠳᠤ ᠤᠷᠤᠵᠤ ᠦᠰᠦᠭ ᠮᠠᠰᠢᠨᠳᠠᠭᠴᠢ ᠶᠢᠨ ᠠᠵᠢᠯ ᠬᠢᠵᠦ ᠪᠠᠶᠢᠵᠠᠢ᠃ ᠲᠡᠷᠡ ᠰᠡᠳᠬᠢᠯ ᠰᠠᠨᠠᠭ᠎ᠠ ᠲᠦᠪᠯᠡᠷᠡᠬᠦ ᠦᠭᠡᠢ ᠠᠴᠠ ᠪᠤᠯᠵᠤ ᠦᠰᠦᠭ ᠢᠶᠠᠨ ᠤᠯᠠᠨ ᠪᠤᠷᠤᠭᠤ ᠴᠤᠬᠢᠵᠤ᠂ ᠦᠷᠭᠦᠯᠵᠢ ᠪᠠᠯᠠᠯᠤᠭᠤᠷ ᠢᠶᠠᠷ ᠠᠷᠴᠢᠳᠠᠭ ᠪᠤᠯᠬᠤᠷ ᠵᠠᠰᠠᠭᠰᠠᠨ ᠦᠰᠦᠭ ᠨᠢ ᠬᠡᠵᠢᠶᠡᠳᠡ ᠤᠷᠤ ᠮᠦᠷ ᠦᠯᠡᠳᠡᠬᠦ ᠪᠤᠶᠤ ᠬᠠᠷᠠᠯᠠᠴᠢᠬᠠᠳᠠᠭ ᠠᠴᠠ ᠬᠠᠷᠢᠭᠤᠴᠠᠯᠭᠠᠲᠠᠨ ᠳᠠᠭᠠᠨ ᠦᠷᠭᠦᠯᠵᠢ ᠵᠢᠮᠡᠯᠡᠭᠳᠡᠳᠡᠭ ᠪᠠᠶᠢᠪᠠ᠃ ᠨᠢᠭᠡ ᠤᠳᠠᠭ᠎ᠠ ᠲᠡᠷᠡ ᠠᠮᠠᠷᠠᠯᠲᠠ ᠪᠠᠷ ᠭᠠᠳᠠᠭᠰᠢ ᠭᠠᠷᠬᠤ ᠳᠠᠭᠠᠨ ᠠᠵᠢᠯᠴᠢᠳ ᠠᠷᠤ ᠦᠵᠡᠭᠳᠡᠯ ᠤᠨ ᠵᠢᠷᠤᠭ ᠲᠦᠷᠰᠦ ᠶᠢᠨ ᠬᠠᠪᠲᠠᠰᠤᠨ ᠳᠡᠭᠡᠷᠡᠬᠢ ᠲᠤᠯᠪᠤ ᠴᠡᠭ ᠢ ᠰᠢᠷ ᠢᠶᠠᠷ ᠪᠤᠳᠤᠵᠤ ᠬᠠᠯᠬᠠᠯᠠᠵᠤ ᠪᠠᠶᠢᠭᠰᠠᠨ ᠢ ᠤᠪᠠᠶᠢᠨ ᠳᠤ ᠦᠭᠡᠢ ᠤᠯᠵᠤ ᠬᠠᠷᠠᠭᠠᠳ᠂ ᠦᠪᠡᠷ ᠤᠨ ᠦᠰᠦᠭ ᠴᠤᠬᠢᠬᠤ ᠳᠠᠭᠠᠨ ᠠᠯᠳᠠᠭ᠎ᠠ ᠭᠠᠷᠭᠠᠵᠤ ᠪᠠᠯᠠᠯᠵᠤ ᠳᠡᠶᠢᠯᠬᠦ ᠦᠭᠡᠢ ᠪᠠᠶᠢᠳᠠᠭ ᠢᠶᠠᠨ ᠪᠤᠳᠤᠵᠤ ᠤᠯᠤᠭᠠᠳ ᠪᠢ ᠡᠨᠡ ᠠᠷᠭ᠎ᠠ ᠶᠢ ᠬᠡᠷᠡᠭᠯᠡᠪᠡᠯ ᠶᠠᠭᠠᠬᠢᠳᠠᠭ ᠪᠤᠯ ᠭᠡᠵᠦ ᠪᠤᠳᠤᠭᠠᠳ ᠰᠢᠷ ᠬᠤᠳᠠᠯᠳᠤᠨ ᠠᠪᠤᠭᠰᠠᠨ ᠪᠠᠶᠢᠨ᠎ᠠ᠃ ᠲᠡᠷᠡ ᠰᠢᠷ ᠢᠶᠠᠨ ᠰᠢᠩᠭᠡᠯᠡᠭᠰᠡᠨ ᠤ ᠳᠠᠷᠠᠭ᠎ᠠ ᠨᠢᠭᠤᠷ ᠭᠤᠶᠤᠯᠠᠬᠤ ᠳᠠᠭᠠᠨ ᠬᠡᠷᠡᠭᠯᠡᠳᠡᠭ ᠵᠢᠵᠢᠭ ᠱᠤᠸᠠᠵᠠ ᠪᠠᠨ ᠠᠪᠤᠭᠠᠳ ᠠᠵᠢᠯᠯᠠᠬᠤ ᠭᠠᠵᠠᠷ ᠲᠠᠭᠠᠨ ᠬᠦᠷᠴᠡᠢ᠃ ᠠᠯᠢ ᠨᠢᠭᠡᠨ ᠦᠰᠦᠭ ᠢ ᠪᠤᠷᠤᠭᠤ ᠮᠠᠰᠢᠨᠳᠠᠪᠠᠯ᠂ ᠲᠡᠷᠡ ᠳᠡᠭᠡᠷ᠎ᠡ ᠨᠢ ᠰᠢᠷ ᠢᠶᠠᠨ ᠲᠦᠷᠬᠢᠵᠦ ᠬᠠᠲᠠᠭᠰᠠᠨ ᠤ ᠳᠠᠷᠠᠭ᠎ᠠ ᠲᠠᠬᠢᠨ ᠵᠦᠪ ᠢᠶᠠᠷ ᠮᠠᠰᠢᠨᠳᠠᠳᠠᠭ ᠪᠠᠶᠢᠨ᠎ᠠ᠃ ᠦᠪᠡᠷ ᠤᠨ ᠦᠢᠯᠡᠳᠦᠨ ᠪᠦᠲᠦᠭᠡᠭᠰᠡᠨ ︽ᠪᠠᠯᠠᠯᠤᠨ ᠵᠠᠰᠠᠬᠤ ᠰᠢᠩᠭᠡᠨ︾ ᠢᠶᠠᠨ ᠬᠡᠷᠡᠭᠯᠡᠭᠰᠡᠨ ᠠᠴᠠ ᠮᠠᠰᠢᠨᠳᠠᠵᠤ ᠭᠠᠷᠭᠠᠭᠰᠠᠨ ᠮᠠᠲ᠋ᠧᠷᠢᠶᠠᠯ ᠨᠢ ᠴᠡᠪᠡᠷ ᠲᠤᠳᠤ ᠪᠤᠯᠤᠭᠰᠠᠨ ᠳᠤ ᠲᠡᠭᠦᠨ ᠤ ᠳᠠᠷᠤᠭᠠᠯᠠᠭᠴᠢ ᠨᠢ ᠲᠤᠶᠢᠯ ᠢᠶᠠᠷ ᠰᠡᠳᠬᠢᠯ ᠬᠠᠨᠤᠮᠵᠢ ᠲᠠᠢ ᠪᠤᠯᠤᠭᠰᠠᠨ ᠪᠠᠶᠢᠨ᠎ᠠ᠃ ᠠᠯᠢ ᠤᠯᠠᠨ ᠬᠠᠯᠠᠨ ᠰᠠᠶᠢᠵᠢᠷᠠᠭᠤᠯᠤᠯᠲᠠ ᠬᠢᠬᠦ ᠪᠠᠷ ᠳᠠᠮᠵᠢᠭᠤᠯᠤᠨ᠂ ᠲᠡᠷᠡ ᠲᠤᠰᠬᠠᠢ ᠠᠰᠢᠭ ᠤᠨ ᠡᠷᠬᠡ ᠶᠢ ᠡᠷᠡᠮᠡᠯᠵᠡᠭᠰᠡᠨ ᠤ ᠬᠠᠮᠲᠤ ᠺᠤᠮᠫᠠᠨᠢ ᠪᠠᠶᠢᠭᠤᠯᠵᠤ᠂ ᠪᠠᠯᠠᠯᠤᠨ ᠵᠠᠰᠠᠬᠤ ᠰᠢᠩᠭᠡᠨ ᠢᠶᠠᠨ ᠵᠠᠬ᠎ᠠ ᠳᠡᠯᠭᠡᠭᠦᠷ ᠲᠤ ᠭᠠᠷᠭᠠᠭᠰᠠᠨ ᠳᠤ ᠨᠢᠭᠡ ᠦᠶ᠎ᠡ ᠲᠤᠩ ᠶᠡᠭᠡ ᠪᠠᠷ ᠪᠤᠷᠤᠯᠠᠭᠤᠯᠤᠭᠳᠠᠭᠰᠠᠨ ᠪᠠᠶᠢᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ︽ᠮᠥᠩᠬᠡ ᠭᠠᠯ︾ ᠺᠣᠮᠫᠢᠦ᠋ᠲ᠋ᠧᠷ ᠰᠣᠹᠲ ᠤᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号