︽ᠭᠡᠮᠰᠢᠯ ᠤᠬᠠᠭᠠᠷᠠᠯ︾ ᠭᠡᠬᠦ ᠨᠤᠮ ᠤᠨ ᠲᠤᠬᠠᠢ ᠳᠦᠭᠦᠮ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2016-07-18
        ᠲᠠ ᠪᠦᠬᠦᠨ ᠳᠤ ᠦᠪᠡᠷ ᠤᠨ ᠤᠶᠢᠯᠠᠭᠠᠯᠲᠠ ᠪᠠᠷ ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠲᠤᠭᠤᠵᠢᠰ ᠤᠨ ᠳᠠᠯᠠᠢ ᠴᠤᠪᠤᠷᠠᠯ ᠤᠨ ︽ᠭᠡᠮᠰᠢᠯ ᠤᠬᠠᠭᠠᠷᠠᠯ︾ ᠭᠡᠬᠦ ᠨᠤᠮ ᠢ ᠲᠠᠨᠢᠯᠴᠠᠭᠤᠯᠤᠶ᠎ᠠ᠃ ᠮᠤᠩᠭᠤᠯ ᠤᠯᠤᠰ ᠤᠨ ᠵ᠊᠂ ᠫᠦᠷᠪᠦ ᠭᠤᠸᠠᠢ ᠶᠢᠨ ︽ᠭᠡᠮᠰᠢᠯ ᠤᠬᠠᠭᠠᠷᠠᠯ︾ ᠨᠤᠮ ᠪᠤᠯ 13-14 ᠳ᠋ᠦ᠋ᠭᠡᠷ ᠵᠠᠭᠤᠨ ᠤ ᠵᠠᠭᠠᠭ᠂ 14 ᠳ᠋ᠦ᠋ᠭᠡᠷ ᠵᠠᠭᠤᠨ ᠤ ᠳᠤᠮᠳᠠ ᠦᠶ᠎ᠡ ᠶᠢᠨ ᠮᠤᠩᠭᠤᠯ ᠤᠨ ᠶᠡᠭᠡ ᠶᠤᠸᠠᠨ ᠤᠯᠤᠰ ᠤᠨ ᠨᠡᠶᠢᠭᠡᠮ ᠤᠯᠤᠰ ᠲᠦᠷᠦ ᠶᠢᠨ ᠪᠠᠶᠢᠳᠠᠯ᠂ ᠲᠡᠭᠦᠨ ᠢ ᠲᠦᠷᠦᠭᠦᠯᠡᠵᠦ ᠪᠠᠶᠢᠭᠰᠠᠨ ᠬᠠᠭᠠᠳ ᠨᠤᠶᠠᠳ᠂ ᠲᠡᠷᠡ ᠤᠯᠤᠰ ᠲᠤ ᠬᠠᠷᠢᠶᠠᠯᠠᠭᠳᠠᠵᠤ ᠪᠠᠶᠢᠭᠰᠠᠨ ᠮᠤᠩᠭᠤᠯ ᠬᠢᠳᠡᠳ ᠬᠦᠮᠦᠰ ᠤᠨ ᠳᠦᠷᠢ ᠳᠦᠷᠬᠦ ᠶᠢ ᠲᠤᠬᠠᠢ ᠶᠢᠨ ᠴᠠᠭ ᠤᠨ ᠠᠭᠤᠷ ᠠᠮᠢᠰᠬᠤᠯ ᠳᠤ ᠨᠡᠶᠢᠴᠡᠭᠦᠯᠦᠨ ᠲᠡᠦᠬᠡᠲᠦ ᠪᠠᠶᠢᠳᠠᠯ ᠢᠶᠠᠷ ᠨᠢ ᠬᠠᠷᠠᠭᠤᠯᠬᠤ ᠰᠠᠨ ᠭᠡᠵᠦ ᠵᠤᠷᠢᠭᠰᠠᠨ ᠵᠤᠬᠢᠶᠠᠯ ᠶᠤᠮ᠃         ᠶᠤᠸᠠᠨ ᠭᠦᠷᠦᠨ ᠤ ᠤᠷᠤᠰᠢᠵᠤ ᠪᠠᠶᠢᠭᠰᠠᠨ ᠦᠶ᠎ᠡ ᠪᠤᠯ ᠠᠩᠬ᠎ᠠ ᠪᠠᠶᠢᠭᠤᠯᠤᠭᠳᠠᠭᠰᠠᠨ ᠴᠠᠭ ᠠᠴᠠ ᠪᠠᠨ ᠡᠬᠢᠯᠡᠨ ᠡᠯᠳᠡᠪ ᠮᠠᠷᠭᠤᠭᠠᠨ᠂ ᠵᠦᠷᠢᠴᠡᠯ ᠲᠡᠮᠡᠴᠡᠯ — ᠪᠤᠰᠤᠯᠭ᠎ᠠ ᠬᠦᠳᠡᠯᠭᠡᠭᠡᠨ ᠢᠶᠠᠷ ᠳᠦᠭᠦᠷᠦᠭᠰᠡᠨ ᠲᠡᠦᠬᠡ ᠶᠢᠨ ᠠᠰᠤᠷᠤ ᠶᠡᠭᠡ ᠡᠭᠡᠳᠡᠷᠡᠭᠡᠨ ᠳᠤᠮᠳᠠ ᠶᠠᠪᠤᠵᠤ ᠢᠷᠡᠭᠰᠡᠨ ᠨᠢ ᠵᠦᠪᠬᠡᠨ ᠡᠨᠡ ᠭᠦᠷᠦᠨ ᠢ ᠲᠤᠯᠤᠭᠠᠶᠢᠯᠠᠵᠤ ᠪᠠᠶᠢᠭᠰᠠᠨ ᠬᠠᠭᠠᠳ ᠭᠡᠬᠦ ᠳᠤ ᠯᠡ ᠵᠠᠭᠤ ᠬᠦᠷᠬᠦ ᠦᠭᠡᠢ ᠵᠢᠯ ᠤᠨ ᠲᠤᠲᠤᠷ᠎ᠠ ᠠᠷᠪᠠ ᠭᠠᠷᠤᠢ ᠤᠳᠠᠭ᠎ᠠ ᠰᠤᠯᠢᠭᠳᠠᠵᠤ ᠪᠠᠶᠢᠭᠰᠠᠨ  ᠨᠢ ᠴᠦ ᠨᠠᠭᠠᠲᠤ ᠵᠠᠬ᠎ᠠ ᠶᠢᠨ ᠪᠠᠷᠢᠮᠲᠠ ᠪᠤᠯᠬᠤ ᠪᠢᠵᠡ᠃ ᠭᠦᠷᠦᠨ ᠤ ᠠᠩᠬᠠᠨ ᠤ ᠬᠠᠭᠠᠨ ᠨᠢ ᠬᠤᠪᠢᠯᠠᠢ 1260 ᠤᠨ ᠠᠴᠠ ᠬᠠᠭᠠᠨ ᠰᠠᠭᠤᠵᠤ 34 ᠵᠢᠯ ᠬᠠᠭᠠᠨᠴᠢᠯᠠᠵᠤ ᠪᠠᠶᠢᠭᠰᠠᠨ᠃ ᠳᠠᠷᠠᠭ᠎ᠠ ᠨᠢ ᠦᠯᠵᠡᠶᠢᠲᠡᠮᠦᠷ 3 ᠵᠢᠯ᠂ ᠬᠠᠶᠢᠰᠠᠩ ᠬᠦᠯᠦᠭ 3 ᠵᠢᠯ᠂ ᠠᠶᠤᠷᠪᠠᠳᠠᠷᠠᠪᠠᠯᠠ ᠪᠤᠶᠠᠨᠲᠤ 8 ᠵᠢᠯ᠂ ᠱᠤᠳᠪᠠᠯᠠ ᠭᠡᠭᠡᠨ 3 ᠵᠢᠯ᠂ ᠶᠢᠰᠦᠨᠲᠡᠮᠦᠷ 4 ᠵᠢᠯ᠂ ᠠᠰᠦ᠋ᠭᠪᠡᠯᠡ 4 ᠵᠢᠯ᠂ ᠬᠦᠰᠡᠯᠡ 1 ᠵᠢᠯ᠂ ᠲᠦᠪᠲᠡᠮᠦᠷ 3 ᠵᠢᠯ᠂ ᠷᠢᠨᠴᠢᠨᠪᠠᠯ 2 ᠰᠠᠷ᠎ᠠ᠂ ᠳᠤᠭᠤᠨᠲᠡᠮᠦᠷ 37 ᠵᠢᠯ ᠲᠤᠰ ᠲᠤᠰ ᠬᠠᠭᠠᠨ ᠰᠠᠭᠤᠷᠢᠨ ᠳᠤ ᠪᠠᠶᠢᠭᠰᠠᠨ᠃ ᠲᠡᠳᠡ ᠬᠤᠭᠤᠷᠤᠨᠳᠦ ᠪᠠᠨ ᠲᠡᠮᠡᠴᠡᠯᠳᠦᠨ ᠡᠯᠳᠡᠪ ᠠᠷᠭ᠎ᠠ ᠪᠠᠷ ᠪᠡᠶ᠎ᠡ ᠪᠡᠶ᠎ᠡ ᠪᠠᠨ ᠵᠠᠶᠢᠯᠠᠭᠤᠯᠵᠤ ᠢᠷᠡᠵᠡᠢ᠃ ᠰᠡᠭᠦᠯᠴᠢ ᠶᠢᠨ ᠬᠠᠭᠠᠨ ᠨᠢ ᠬᠢᠲᠡᠳ ᠤᠷᠤᠨ ᠪᠦᠬᠦᠯᠢ ᠳᠡᠭᠡᠨ ᠪᠤᠰᠤᠯᠭ᠎ᠠ ᠬᠦᠳᠡᠯᠭᠡᠭᠡᠨ ᠳᠤ ᠠᠪᠲᠠᠭᠰᠠᠨ ᠬᠡᠴᠡᠭᠦᠬᠡᠨ ᠦᠶ᠎ᠡ ᠳᠤ ᠬᠠᠭᠠᠨᠴᠢᠯᠠᠵᠤ ᠪᠠᠶᠢᠭᠠᠳ ᠬᠦᠴᠦᠨ ᠮᠡᠬᠦᠰᠲᠡᠵᠦ ᠲᠡᠨᠳᠡ ᠠᠴᠠ ᠪᠠᠨ ᠬᠦᠭᠡᠭᠡᠭᠳᠡᠭᠰᠡᠨ ᠪᠠᠶᠢᠨ᠎ᠠ᠃ ᠳᠡᠭᠡᠬᠦ ᠳᠡᠭᠡᠨ ᠮᠤᠩᠭᠤᠯ ᠤᠨ ᠪᠠᠶᠢᠯᠳᠤᠨ ᠳᠠᠭᠠᠭᠤᠯᠤᠭᠴᠢᠳ ᠨᠢ ᠬᠢᠲᠡᠳ ᠤᠨ ᠠᠯᠲᠠᠨ ᠤᠯᠤᠰ᠂ ᠰᠦᠩ ᠤᠨ ᠤᠯᠤᠰ ᠤᠨ ᠬᠠᠭᠠᠳ ᠰᠢᠭ᠋ ᠳᠠᠶᠢᠰᠤᠨ ᠡᠲᠡᠭᠡᠳ ᠲᠡᠭᠡᠨ ᠪᠠᠷᠢᠭᠳᠠᠨ ᠪᠤᠰᠤᠳ ᠤᠨ ᠡᠷᠬᠡᠰᠢᠶᠡᠯ ᠳᠤ ᠤᠷᠤᠵᠤ ᠤᠯᠤᠰ ᠤᠷᠤᠨ ᠢᠶᠠᠨ ᠲᠠᠯᠪᠢᠵᠤ ᠦᠭᠭᠦᠭᠡᠳᠦᠢ᠂ ᠠᠮᠢᠳᠤ ᠮᠡᠨᠳᠦ ᠪᠠᠶᠢᠵᠤ ᠲᠡᠮᠡᠴᠡᠯᠳᠦᠨ ᠲᠤᠯᠤᠯᠳᠤᠭᠰᠠᠭᠠᠷ ᠲᠦᠷᠦᠯᠬᠢ ᠨᠤᠲᠤᠭ ᠲᠠᠭᠠᠨ ᠡᠷᠭᠢᠨ ᠢᠷᠡᠵᠦ ᠬᠦᠮᠦᠨ ᠤᠯᠠᠨ ᠢᠶᠠᠨ ᠬᠠᠭᠠᠨᠴᠢᠯᠠᠨ ᠤᠳᠤᠷᠢᠳᠤᠭᠰᠠᠭᠠᠷ ᠢᠷᠡᠭᠰᠡᠨ ᠨᠢ ᠰᠤᠨᠢᠷᠬᠠᠯᠲᠠᠢ᠃         ᠲᠤᠰ ᠨᠤᠮ ᠨᠢ ᠬᠡᠯᠡ ᠶᠠᠷᠢᠶᠠᠨ ᠤ ᠬᠤᠪᠢ ᠳᠤ᠂ ᠡᠰᠡᠬᠦᠯ᠎ᠡ ᠲᠡᠦᠬᠡ ᠶᠢᠨ ᠮᠠᠲ᠋ᠧᠷᠢᠶᠠᠯ ᠤᠨ ᠬᠤᠪᠢ ᠳᠤ ᠴᠦ ᠤᠷᠤᠰᠤᠮ᠎ᠠ ᠢᠷᠡᠭᠤ᠂ ᠦᠪᠡᠷᠮᠢᠴᠡ ᠤᠨᠴᠠᠯᠢᠭ ᠬᠠᠷᠠᠭᠠᠰᠤ ᠲᠠᠢ᠂ ᠦᠨᠡᠨ ᠢ ᠮᠦᠷᠳᠡᠭᠰᠡᠨ ᠦᠨᠡᠲᠦ ᠪᠦᠲᠦᠭᠡᠯ ᠪᠤᠯᠤᠨ᠎ᠠ᠃ ᠬᠡᠷᠪᠡ ᠲᠠ ᠵᠠᠪ ᠲᠠᠢ ᠪᠤᠯᠤᠭᠠᠳ ᠰᠤᠨᠢᠷᠬᠠᠯ ᠲᠠᠢ ᠪᠤᠯ ᠲᠤᠰ ᠨᠤᠮ ᠢ ᠤᠩᠰᠢᠭᠠᠷᠠᠢ︕
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ︽ᠮᠥᠩᠬᠡ ᠭᠠᠯ︾ ᠺᠣᠮᠫᠢᠦ᠋ᠲ᠋ᠧᠷ ᠰᠣᠹᠲ ᠤᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号