ᠤᠯᠠᠭᠠᠨᠬᠠᠳᠠ ᠦᠷᠲᠡᠭᠡ ᠠᠴᠠ ᠪᠡᠭᠡᠵᠢᠩ ᠬᠦᠷᠬᠦ ᠬᠡᠰᠡᠭ ᠪᠦᠯᠦᠭ ᠭᠠᠯᠲᠤ ᠲᠡᠷᠭᠡᠨ ᠤ ᠡᠴᠦᠰ ᠤᠨ ᠦᠷᠲᠡᠭᠡ ᠨᠢ ᠴᠠᠩᠫᠢᠩ ᠤᠨ ᠬᠤᠶᠢᠲᠤ ᠦᠷᠲᠡᠭᠡ ᠪᠤᠯᠵᠤ ᠬᠤᠪᠢᠷᠠᠵᠠᠢ
ᠨᠡᠶᠢᠲᠡᠯᠡᠭᠰᠡᠨ ᠴᠠᠭ᠄
2016-11-03
       10 ᠰᠠᠷ᠎ᠠ ᠶᠢᠨ 27 ᠤ ᠡᠳᠦᠷ᠂ ᠰᠤᠷᠪᠤᠯᠵᠢᠯᠠᠭᠴᠢ ᠤᠯᠠᠭᠠᠨᠬᠠᠳᠠ ᠶᠢᠨ ᠭᠠᠯᠲᠤ ᠲᠡᠷᠭᠡᠨ ᠦᠷᠲᠡᠭᠡᠨ ᠠᠴᠠ ᠤᠶᠢᠯᠠᠭᠠᠭᠰᠠᠨ ᠢᠶᠠᠷ᠂ ᠪᠡᠭᠡᠵᠢᠩ ᠤᠨ ᠬᠤᠶᠢᠲᠤ ᠦᠷᠲᠡᠭᠡᠨ ᠤ ᠪᠠᠷᠢᠯᠭ᠎ᠠ ᠶᠢᠨ ᠠᠵᠢᠯ ᠤᠨ ᠨᠦᠯᠦᠭᠡ ᠶᠢ ᠬᠦᠷᠲᠡᠨ᠂ 10 ᠰᠠᠷ᠎ᠠ ᠶᠢᠨ 31 ᠤ ᠡᠳᠦᠷ ᠠᠴᠠ ᠡᠬᠢᠯᠡᠨ᠂ ᠤᠯᠠᠭᠠᠨᠬᠠᠳᠠ ᠦᠷᠲᠡᠭᠡᠨ ᠤ 2560᠂ 2622 ᠵᠡᠷᠭᠡ ᠭᠡᠰᠡᠭ ᠪᠦᠯᠦᠭ ᠡᠭᠡᠯᠵᠢ ᠶᠢᠨ ᠪᠡᠭᠡᠵᠢᠩ ᠬᠦᠷᠬᠦ ᠭᠠᠯᠲᠤ ᠲᠡᠷᠭᠡᠨ ᠤ ᠡᠴᠦᠰ ᠤᠨ ᠦᠷᠲᠡᠭᠡ ᠶᠢ ᠪᠡᠭᠡᠵᠢᠩ ᠤᠨ ᠬᠤᠶᠢᠲᠤ ᠦᠷᠲᠡᠭᠡ ᠪᠠᠶᠢᠭᠰᠠᠨ ᠠᠴᠠ ᠴᠠᠩᠫᠢᠩ ᠤᠨ ᠬᠤᠶᠢᠲᠤ ᠦᠷᠲᠡᠭᠡ ᠪᠤᠯᠭᠠᠨ‌ᠦᠭᠡᠷᠡᠴᠢᠯᠡᠪᠡ᠃ ᠬᠤᠶᠢᠰᠢᠲᠠ ᠠᠶᠠᠨᠴᠢᠳ ᠴᠠᠩᠫᠢᠩ ᠤᠨ ᠬᠤᠶᠢᠲᠤ ᠦᠷᠲᠡᠭᠡᠨ ᠠᠴᠠ ᠭᠠᠯᠲᠤ ᠲᠡᠷᠭᠡᠨ ᠳᠤ ᠰᠠᠭᠤᠵᠤ ᠤᠯᠠᠭᠠᠨᠬᠠᠳᠠ ᠬᠦᠷᠴᠦ ᠪᠤᠯᠬᠤ ᠠᠴᠠ ᠭᠠᠳᠠᠨ᠎ᠠ᠂ ᠪᠠᠰᠠ ᠪᠡᠭᠡᠵᠢᠩ ᠦᠷᠲᠡᠭᠡᠨ ᠠᠴᠠ 1189 ᠡᠭᠡᠯᠵᠢ ᠶᠢᠨ ᠭᠠᠯᠲᠤ ᠲᠡᠷᠭᠡᠨ ᠳᠤ ᠰᠠᠭᠤᠬᠤ ᠡᠰᠡᠬᠦᠯ᠎ᠡ ᠪᠡᠭᠡᠵᠢᠩ ᠤᠨ ᠵᠡᠭᠦᠨ ᠦᠷᠲᠡᠭᠡᠨ ᠠᠴᠠ K979 ᠡᠭᠡᠯᠵᠢ ᠶᠢᠨ ᠭᠠᠯᠲᠤ ᠲᠡᠷᠭᠡᠨ ᠳᠤ ᠰᠠᠭᠤᠵᠤ ᠤᠯᠠᠭᠠᠨᠬᠠᠳᠠ ᠬᠦᠷᠴᠦ ᠪᠤᠯᠤᠨ᠎ᠠ᠃ ᠤᠶᠢᠯᠠᠭᠠᠭᠰᠠᠨ ᠢᠶᠠᠷ᠂ ᠪᠡᠭᠡᠵᠢᠩ ᠤᠨ ᠬᠤᠶᠢᠲᠤ ᠦᠷᠲᠡᠭᠡᠨ ᠤ ᠠᠶᠠᠨᠴᠢᠳ ᠤᠨ ᠲᠡᠭᠡᠭᠡᠪᠦᠷᠢ ᠶᠢᠨ ᠠᠵᠢᠯ 3 ᠵᠢᠯ ᠤᠨ ᠬᠤᠭᠤᠴᠠᠭ᠎ᠠ ᠵᠤᠭᠰᠤᠬᠤ ᠪᠤᠯᠤᠨ᠎ᠠ᠃        10 ᠰᠠᠷ᠎ᠠ ᠶᠢᠨ 27 ᠤ ᠡᠳᠦᠷ᠂ ᠰᠤᠷᠪᠤᠯᠵᠢᠯᠠᠭᠴᠢ ᠤᠯᠠᠭᠠᠨᠬᠠᠳᠠ ᠭᠠᠯᠲᠤ ᠲᠡᠷᠭᠡᠨ ᠦᠷᠲᠡᠭᠡᠨ ᠠᠴᠠ ᠤᠶᠢᠯᠠᠭᠠᠭᠰᠠᠨ ᠢᠶᠠᠷ᠂ 2560 ᠡᠭᠡᠯᠵᠢ ᠶᠢᠨ ︵ᠤᠯᠠᠭᠠᠨᠬᠠᠳᠠ ᠦᠷᠲᠡᠭᠡ — ᠪᠡᠭᠡᠵᠢᠩ ᠤᠨ ᠬᠤᠶᠢᠲᠤ ᠦᠷᠲᠡᠭᠡ︶ ᠭᠠᠯᠲᠤ ᠲᠡᠷᠭᠡ 10 ᠰᠠᠷ᠎ᠠ ᠶᠢᠨ 31 ᠤ ᠡᠳᠦᠷ ᠠᠴᠠ ᠡᠬᠢᠯᠡᠨ ᠴᠠᠩᠫᠢᠩ ᠦᠷᠲᠡᠭᠡ ᠪᠠᠷ ᠡᠴᠦᠰ ᠤᠨ ᠦᠷᠲᠡᠭᠡ ᠪᠤᠯᠭᠠᠵᠤ᠂ 2559 ᠡᠭᠡᠯᠵᠢ ︵ᠪᠡᠭᠡᠵᠢᠩ ᠤᠨ ᠬᠤᠶᠢᠲᠤ ᠦᠷᠲᠡᠭᠡ — ᠤᠯᠠᠭᠠᠨᠬᠠᠳᠠ︶᠂ 2621 ᠡᠭᠡᠯᠵᠢ ᠶᠢᠨ ︵ᠪᠡᠭᠡᠵᠢᠩ ᠤᠨ ᠬᠤᠶᠢᠲᠤ ᠦᠷᠲᠡᠭᠡ — ᠤᠯᠠᠭᠠᠨᠬᠠᠳᠠ ᠦᠷᠲᠡᠭᠡ︶ ᠭᠠᠯᠲᠤ ᠲᠡᠷᠭᠡ 11 ᠰᠠᠷ᠎ᠠ ᠶᠢᠨ 1 ᠤ ᠡᠳᠦᠷ ᠠᠴᠠ ᠡᠬᠢᠯᠡᠨ ᠴᠠᠩᠫᠢᠩ ᠤᠨ ᠬᠤᠶᠢᠲᠤ ᠦᠷᠲᠡᠭᠡ ᠪᠠᠷ ᠡᠬᠢᠯᠡᠯᠲᠡ ᠶᠢᠨ ᠦᠷᠲᠡᠭᠡ ᠪᠤᠯᠭᠠᠵᠠᠢ᠃ 2559 ᠡᠭᠡᠯᠵᠢ ᠶᠢᠨ ᠭᠠᠯᠲᠤ ᠲᠡᠷᠭᠡᠨ ᠤ ᠴᠠᠩᠫᠢᠩ ᠤᠨ ᠬᠤᠶᠢᠲᠤ ᠦᠷᠲᠡᠭᠡᠨ ᠠᠴᠠ ᠲᠡᠷᠭᠡ ᠬᠦᠳᠡᠯᠬᠦ ᠴᠠᠭ ᠨᠢ᠄ 22᠄ 02 ᠪᠠᠶᠢᠵᠤ᠂ 2622 ᠡᠭᠡᠯᠵᠢ ᠶᠢᠨ ᠭᠠᠯᠲᠤ ᠲᠡᠷᠭᠡᠨ ᠤ ᠴᠠᠩᠫᠢᠩ ᠤᠨ ᠬᠤᠶᠢᠲᠤ ᠦᠷᠲᠡᠭᠡᠨ ᠠᠴᠠ ᠲᠡᠷᠭᠡ ᠬᠦᠳᠡᠯᠬᠦ ᠴᠠᠭ ᠨᠢ 10᠄ 00 ᠪᠤᠯᠤᠨ᠎ᠠ᠃ 2560 ᠡᠭᠡᠯᠵᠢ ᠶᠢᠨ ᠪᠠ 2622 ᠡᠭᠡᠯᠵᠢ ᠶᠢᠨ ᠭᠠᠯᠲᠤ ᠲᠡᠷᠭᠡ ᠤᠯᠠᠭᠠᠨᠬᠠᠳᠠ ᠦᠷᠲᠡᠭᠡ ᠠᠴᠠ ᠲᠡᠷᠭᠡ ᠬᠦᠳᠡᠯᠬᠦ ᠴᠠᠭ ᠬᠤᠪᠢᠷᠠᠭᠰᠠᠨ ᠦᠭᠡᠢ᠃        ᠭᠠᠯᠲᠤ ᠲᠡᠷᠭᠡᠨ ᠦᠷᠲᠡᠭᠡᠨ ᠤ ᠬᠤᠯᠪᠤᠭᠳᠠᠯ ᠪᠦᠬᠦᠢ ᠬᠠᠷᠢᠭᠤᠴᠠᠯᠭᠠᠲᠠᠨ ᠤ ᠲᠠᠨᠢᠯᠴᠠᠭᠤᠯᠤᠭᠰᠠᠨ ᠢᠶᠠᠷ᠂ ᠤᠯᠠᠭᠠᠨᠬᠠᠳᠠ ᠦᠷᠲᠡᠭᠡᠨ ᠲᠤᠲᠤᠷᠠᠬᠢ K1190 ᠡᠭᠡᠯᠵᠢ ᠶᠢᠨ ᠭᠠᠯᠲᠤ ᠲᠡᠷᠭᠡᠨ ᠤ ᠪᠡᠭᠡᠵᠢᠩ ᠬᠦᠷᠬᠦ ᠡᠴᠦᠰ ᠤᠨ ᠦᠷᠲᠡᠭᠡ ᠮᠦᠨ ᠬᠦ ᠪᠡᠭᠡᠵᠢᠩ ᠦᠷᠲᠡᠭᠡ ᠪᠠᠶᠢᠵᠤ᠂ K980 ᠡᠭᠡᠯᠵᠢ ᠶᠢᠨ ᠭᠠᠯᠲᠤ ᠲᠡᠷᠭᠡᠨ ᠤ ᠪᠡᠭᠡᠵᠢᠩ ᠬᠦᠷᠬᠦ ᠡᠴᠦᠰ ᠤᠨ ᠦᠷᠲᠡᠭᠡ ᠨᠢ ᠮᠦᠨ ᠬᠦ ᠪᠡᠭᠡᠵᠢᠩ ᠤᠨ ᠵᠡᠭᠦᠨ ᠦᠷᠲᠡᠭᠡ ᠪᠠᠶᠢᠵᠤ᠂ ᠪᠡᠭᠡᠵᠢᠩ ᠤᠨ ᠬᠤᠶᠢᠲᠤ ᠦᠷᠲᠡᠭᠡᠨ ᠤ ᠪᠠᠷᠢᠯᠭ᠎ᠠ ᠶᠢᠨ ᠠᠵᠢᠯ ᠤᠨ ᠨᠦᠯᠦᠭᠡ ᠶᠢ ᠬᠦᠷᠲᠡᠭᠰᠡᠨ ᠦᠭᠡᠢ᠃        ᠪᠡᠭᠡᠵᠢᠩ ᠠᠴᠠ ᠤᠯᠠᠭᠠᠨᠬᠠᠳᠠ ᠬᠦᠷᠬᠦ ᠠᠶᠠᠨᠴᠢᠳ ᠴᠠᠩᠫᠢᠩ ᠤᠨ ᠬᠤᠶᠢᠲᠤ ᠦᠷᠲᠡᠭᠡᠨ ᠠᠴᠠ ᠭᠠᠯᠲᠤ ᠲᠡᠷᠭᠡᠨ ᠳᠤ ᠰᠠᠭᠤᠵᠤ ᠪᠤᠯᠬᠤ ᠠᠴᠠ ᠭᠠᠳᠠᠨ᠎ᠠ᠂ ᠪᠠᠰᠠ ᠪᠡᠭᠡᠵᠢᠩ ᠦᠷᠲᠡᠭᠡᠨ ᠠᠴᠠ 1189 ᠡᠭᠡᠯᠵᠢ ᠶᠢᠨ ︵ᠪᠡᠭᠡᠵᠢᠩ ᠦᠷᠲᠡᠭᠡ — ᠤᠯᠠᠭᠠᠨᠬᠤᠲᠠ ᠦᠷᠲᠡᠭᠡ︶ ᠭᠠᠯᠲᠤ ᠲᠡᠷᠭᠡᠨ ᠳᠤ ᠰᠠᠭᠤᠬᠤ᠂ ᠡᠰᠡᠬᠦᠯ᠎ᠡ ᠪᠡᠭᠡᠵᠢᠩ ᠤᠨ ᠵᠡᠭᠦᠨ ᠦᠷᠲᠡᠭᠡᠨ ᠠᠴᠠ K979 ᠡᠭᠡᠯᠵᠢ ᠶᠢᠨ ︵ᠪᠡᠭᠡᠵᠢᠩ ᠦᠷᠲᠡᠭᠡ — ᠲᠦᠩᠯᠢᠶᠤᠤ ᠦᠷᠲᠡᠭᠡ︶ ᠭᠠᠯᠲᠤ ᠲᠡᠷᠭᠡᠨ ᠳᠤ ᠰᠠᠭᠤᠨ ᠤᠯᠠᠭᠠᠨᠬᠠᠳᠠ ᠬᠦᠷᠴᠦ ᠪᠤᠯᠤᠨ᠎ᠠ᠃        ᠡᠭᠦᠨ ᠳᠤ᠂ ᠪᠡᠭᠡᠵᠢᠩ ᠤᠨ ᠬᠤᠶᠢᠲᠤ ᠦᠷᠲᠡᠭᠡ᠂ ᠴᠢᠩ ᠡᠾᠧ ᠦᠷᠲᠡᠭᠡ ᠪᠠᠷᠤᠭ 3 ᠵᠢᠯ ᠤᠨ ᠬᠤᠭᠤᠴᠠᠭ᠎ᠠ ᠲᠠᠢ ᠠᠵᠢᠯ ᠵᠤᠭᠰᠤᠵᠤ᠂ ᠴᠢᠩᠬᠤᠸᠠ ᠬᠦᠷᠢᠶᠡᠯᠡᠩ ᠦᠷᠲᠡᠭᠡ ᠶᠢ ᠵᠢᠩ ᠵᠠᠩ ᠲᠡᠮᠦᠷ ᠵᠠᠮ ᠪᠠᠶᠢᠭᠤᠯᠤᠭᠳᠠᠭᠰᠠᠨ ᠤ ᠳᠠᠷᠠᠭ᠎ᠠ ᠬᠦᠴᠦᠨ ᠦᠭᠡᠢ ᠪᠤᠯᠭᠠᠨ᠎ᠠ᠃ ᠪᠡᠭᠡᠵᠢᠩ ᠤᠨ ᠬᠤᠲᠠ ᠲᠤᠭᠤᠷᠢᠭ ᠠᠴᠠ ᠴᠠᠩᠫᠢᠩ ᠤᠨ ᠬᠤᠶᠢᠲᠤ ᠦᠷᠲᠡᠭᠡ ᠬᠦᠷᠴᠦ ᠤᠤᠯ ᠤᠨ ᠪᠡᠭᠡᠵᠢᠩ ᠤᠨ ᠬᠤᠶᠢᠲᠤ ᠦᠷᠲᠡᠭᠡᠨ ᠠᠴᠠ ᠬᠦᠳᠡᠯᠬᠦ ᠭᠠᠯᠲᠤ ᠲᠡᠷᠭᠡᠨ ᠳᠤ ᠰᠠᠭᠤᠬᠤ ᠠᠶᠠᠨᠴᠢᠳ ᠭᠠᠵᠠᠷ ᠳᠤᠤᠷᠠᠬᠢ ᠲᠡᠮᠦᠷ ᠵᠠᠮ ᠤᠨ 13 ᠳ᠋ᠤᠭᠠᠷ ᠱᠤᠭᠤᠮ ᠳᠤ ᠰᠠᠭᠤᠵᠤ ᠂ ᠰᠢ ᠡᠯ ᠴᠢ ᠦᠷᠲᠡᠭᠡᠨ ᠳᠤ ᠬᠦᠷᠴᠦ ᠴᠠᠩᠫᠢᠩ ᠱᠤᠭᠤᠮ ᠳᠤ ᠰᠤᠯᠢᠨ ᠰᠠᠭᠤᠵᠤ ᠴᠠᠩᠫᠢᠩ ᠦᠷᠲᠡᠭᠡᠨ ᠳᠤ ᠪᠠᠭᠤᠭᠰᠠᠨ ᠤ ᠳᠠᠷᠠᠭ᠎ᠠ᠂ 32 ᠪᠤᠶᠤ 66 ᠳ᠋ᠤᠭᠠᠷ ᠵᠠᠮ ᠤᠨ ᠲᠡᠷᠭᠡᠨ ᠳᠤ ᠰᠠᠭᠤᠵᠤ ᠴᠠᠩᠫᠢᠩ ᠤᠨ ᠬᠤᠶᠢᠲᠤ ᠦᠷᠲᠡᠭᠡᠨ ᠳᠤ ᠪᠠᠭᠤᠵᠤ᠂ ᠤᠮᠠᠷᠠᠰᠢ 150 ᠮᠧᠲᠷ ᠠᠯᠬᠤᠪᠠᠯ ᠬᠦᠷᠬᠦ ᠪᠤᠯᠤᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号