ᠤᠷᠤᠨ ᠰᠠᠭᠤᠴᠠ ᠳᠦᠷᠢᠶᠡᠰᠦᠯᠡᠭᠴᠢᠳ ᠲᠤ ᠦᠭᠬᠦ ᠰᠠᠨᠠᠭᠤᠯᠭ᠎ᠠ
ᠨᠡᠶᠢᠲᠡᠯᠡᠭᠰᠡᠨ ᠴᠠᠭ᠄
2016-10-14
       ᠤᠷᠤᠨ ᠰᠠᠭᠤᠴᠠ ᠬᠤᠳᠠᠯᠳᠤᠨ ᠠᠪᠬᠤ ᠳᠤ ᠤᠯᠠᠨ ᠵᠦᠢᠯ ᠤᠨ ᠰᠤᠩᠭᠤᠯᠲᠠ ᠲᠠᠢ᠂ ᠵᠤᠭᠤᠰ ᠲᠠᠢ ᠮᠦᠩᠭᠦ ᠲᠠᠢ ᠦᠶᠦᠭ ᠪᠠᠶᠠᠳ ᠦᠪᠡᠷ ᠤᠨ ᠲᠠᠪᠠ ᠪᠠᠷ ᠢᠶᠠᠨ ᠪᠠᠶᠢᠵᠤ ᠪᠤᠯᠤᠨ᠎ᠠ᠂ ᠭᠡᠲᠡᠯ᠎ᠡ ᠴᠠᠯᠢᠩ ᠢᠶᠠᠨ ᠳᠦᠰᠢᠵᠦ ᠪᠠᠶᠢᠭ᠎ᠠ ᠡᠩ ᠤᠨ ᠠᠵᠢᠯᠲᠠᠨ ᠳᠤ ᠠᠪᠴᠤ ᠬᠡᠯᠡᠪᠡᠯ ᠨᠠᠭᠠᠨ᠎ᠠ ᠴᠠᠭᠠᠨ᠎ᠠ ᠶᠢ ᠭᠦᠢᠴᠡᠳ ᠪᠤᠳᠤᠯᠬᠢᠯᠠᠬᠤ ᠴᠢᠬᠤᠯᠠᠲᠠᠢ᠃ ᠰᠠᠶ᠋ᠢᠬᠠᠨ ᠰᠤᠷᠭᠠᠭᠤᠯᠢ ᠲᠡᠭᠦᠰᠴᠦ ᠠᠵᠢᠯ ᠤᠨ ᠪᠠᠶᠢᠷᠢᠨ ᠳᠤ ᠭᠠᠷᠴᠤ ᠪᠠᠶᠢᠭ᠎ᠠ ᠤᠶᠤᠲᠠᠨ᠂ ᠤᠨᠴᠠᠭᠠᠶᠢᠯᠠᠨ ᠠᠪᠤ ᠡᠵᠢ ᠨᠢ ᠠᠷᠤ ᠲᠦᠰᠢᠭ ᠪᠤᠯᠵᠤ ᠳᠡᠶᠢᠯᠬᠦ ᠦᠭᠡᠢ ᠦᠶᠡᠰ᠂ ᠢᠨᠠᠭ ᠬᠤᠶᠠᠭᠤᠯᠠ ᠪᠠᠨ ᠪᠤᠶᠤ ᠨᠠᠶᠢᠵᠠ ᠬᠡᠳᠦᠭᠦᠯᠡ ᠪᠠᠨ ᠤᠷᠤᠨ ᠰᠠᠭᠤᠴᠠ ᠳᠦᠷᠢᠶᠡᠰᠦᠯᠡᠵᠦ ᠰᠠᠭᠤᠬᠤ ᠨᠢ ᠴᠦ ᠪᠠᠰᠠ ᠨᠢᠭᠡ ᠵᠦᠢᠯ ᠤᠨ ᠵᠦᠪ ᠰᠤᠩᠭᠤᠯᠲᠠ ᠪᠤᠯᠤᠨ᠎ᠠ᠃        ︽ᠤᠷᠤᠨ ᠰᠠᠭᠤᠴᠠ ᠳᠦᠷᠢᠶᠡᠰᠦᠯᠡᠵᠦ ᠰᠠᠭᠤᠬᠤ ᠳᠤ ᠪᠠᠭ᠎ᠠ ᠪᠤᠰᠤ ᠳᠦᠷᠢᠶᠡᠰᠦᠨ ᠵᠤᠭᠤᠰ ᠲᠤᠰᠢᠶᠠᠨ᠎ᠠ᠂ ᠢᠳᠡᠵᠦ ᠤᠤᠭᠤᠬᠤ ᠡᠮᠦᠰᠴᠦ ᠵᠡᠭᠦᠬᠦ ᠪᠠᠨ ᠨᠡᠮᠡᠪᠡᠯ ᠦᠯᠡᠳᠡᠬᠦ ᠶᠠᠭᠤᠮ᠎ᠠ ᠦᠭᠡᠢ᠂ ᠤᠨᠴᠠᠭᠠᠶᠢᠯᠠᠨ ᠡᠮᠡᠭᠲᠡᠶᠢᠴᠦᠳ ᠤ ᠡᠩᠬᠡᠰᠬᠡ ᠭᠤᠶᠤᠯᠠᠯ ᠵᠠᠰᠠᠯ ᠤᠨ ᠡᠳ᠋ ᠪᠠᠷᠠᠭ᠎ᠠ ᠲᠤᠲᠠᠵᠤ ᠪᠤᠯᠬᠤ ᠦᠭᠡᠢ ᠪᠤᠯᠬᠤᠷ ᠭᠠᠷ ᠮᠡᠬᠦᠰᠳᠡᠬᠦ ᠨᠢ ᠵᠦᠩᠳᠡᠭᠡᠨ᠂ ᠠᠷᠭ᠎ᠠ ᠪᠠᠷᠠᠬᠤ ᠳᠠᠭᠠᠨ ᠢᠲᠡᠭᠡᠮᠵᠢ ᠶᠢᠨ ᠺᠠᠷᠲ ᠳᠤ ᠲᠦᠰᠢᠭᠯᠡᠨ᠎ᠡ᠂ ᠤᠷᠤᠨ ᠰᠠᠭᠤᠴᠠ ᠬᠤᠳᠠᠯᠳᠤᠨ ᠠᠪᠤᠶ᠎ᠠ ᠭᠡᠬᠦ ᠳᠤ ᠭᠠᠷ ᠲᠠᠲᠠᠭᠤ᠂ ᠲᠡᠶᠢᠮᠦ ᠤᠯᠠᠨ ᠵᠤᠭᠤᠰ ᠢ ᠬᠠᠮᠢᠭ᠎ᠠ ᠠᠴᠠ ᠭᠠᠷᠭᠠᠬᠤ ᠪᠤᠢ︖ ᠭᠡᠪᠡᠴᠦ ᠡᠴᠦᠰ ᠲᠡᠭᠡᠨ ᠦᠪᠡᠷ ᠤᠨ ᠭᠡᠰᠡᠨ ᠤᠷᠤᠨ ᠰᠠᠭᠤᠴᠠ ᠪᠠᠶᠢᠬᠤ ᠬᠡᠷᠡᠭᠲᠡᠢ᠃︾ ᠭᠡᠵᠦ ᠤᠯᠠᠨ ᠵᠠᠯᠠᠭᠤᠴᠤᠳ ᠶᠠᠷᠢᠯᠴᠠᠨ᠎ᠠ᠃        ᠵᠠᠯᠠᠭᠤ ᠬᠦᠮᠦᠰ ᠲᠤ ᠠᠪᠴᠤ ᠬᠡᠯᠡᠪᠡᠯ᠂ ᠱᠠᠲᠤᠴᠢ ᠬᠡᠯᠪᠡᠷᠢ ᠶᠢ ᠰᠤᠩᠭᠤᠬᠤ ᠪᠤᠶᠤ ᠠᠯᠬᠤᠮ ᠬᠤᠪᠢᠶᠠᠬᠤ ᠬᠡᠯᠪᠡᠷᠢ ᠶᠢ ᠰᠤᠩᠭᠤᠵᠤ ᠪᠤᠯᠤᠨ᠎ᠠ᠃ ᠳᠠᠷᠤᠢ ᠪᠠᠭ᠎ᠠ ᠬᠡᠯᠪᠡᠷᠢ ᠶᠢᠨ ᠬᠤᠶᠠᠷ ᠲᠠᠰᠤᠯᠭ᠎ᠠ ᠶᠢᠨ ᠤᠷᠤᠨ ᠰᠠᠭᠤᠴᠠ ᠶᠢ ᠰᠤᠩᠭᠤᠵᠤ᠂ ᠨᠢᠭᠡ ᠲᠠᠰᠤᠯᠭ᠎ᠠ ᠶᠢ ᠨᠢ ᠬᠤᠶᠠᠭᠤᠯᠠ ᠪᠠᠨ᠂ ᠨᠦᠭᠦᠭᠡ ᠨᠢᠭᠡ ᠲᠠᠰᠤᠯᠭ᠎ᠠ ᠶᠢ ᠨᠢ ᠬᠡᠦᠬᠡᠳ ᠲᠡᠭᠡᠨ ᠪᠡᠯᠡᠳᠬᠡᠵᠦ ᠪᠤᠯᠤᠨ᠎ᠠ᠃ ᠭᠡᠪᠡᠴᠦ ᠤᠷᠤᠨ ᠰᠠᠭᠤᠴᠠ ᠬᠤᠳᠠᠯᠳᠤᠨ ᠠᠪᠬᠤ ᠳᠤ ᠶᠠᠷᠦᠩᠬᠡᠶᠢᠯᠡᠭᠰᠡᠨ ᠡᠯᠧᠮᠧᠨ᠋ᠲ ᠪᠠᠭ᠎ᠠ ᠪᠤᠰᠤ᠂ ᠡᠭᠦᠨ ᠤ ᠲᠤᠲᠤᠷ᠎ᠠ ᠭᠤᠤᠯ ᠨᠢ ᠠᠵᠤ ᠠᠬᠤᠢ ᠶᠢᠨ ᠴᠢᠳᠠᠪᠤᠷᠢ ᠪᠤᠯᠤᠨ᠎ᠠ᠃ ᠨᠠᠶᠠᠭᠠᠳ ᠤᠨ ᠪᠠ ᠶᠡᠷᠡᠭᠡᠳ ᠤᠨ ᠤ ᠰᠡᠭᠦᠯᠴᠢ ᠪᠠᠷ ᠲᠦᠷᠦᠭᠰᠡᠳ ᠤᠨ ᠠᠵᠢᠯᠯᠠᠭᠰᠠᠨ ᠬᠤᠭᠤᠴᠠᠭ᠎ᠠ ᠨᠢ ᠬᠤᠷ ᠪᠦᠭᠡᠳ ᠠᠵᠤ ᠠᠬᠤᠢ ᠶᠢᠨ ᠬᠤᠷᠠᠮᠳᠤᠭᠤᠯᠭ᠎ᠠ ᠨᠢ ᠬᠢᠵᠠᠭᠠᠷᠲᠠᠢ ᠲᠤᠯᠠ ᠵᠦᠪᠬᠡᠨ ᠵᠢᠭᠡᠯᠡᠯᠭᠡ ᠳᠤ ᠲᠦᠰᠢᠭᠯᠡᠨ᠎ᠡ᠃ ᠭᠡᠬᠦ ᠳᠡᠭᠡᠨ ᠦᠪᠡᠷ ‍ᠦᠨ‌ᠦᠷᠢ ᠪᠠᠨ ᠲᠦᠯᠦᠬᠦ ᠴᠢᠳᠠᠪᠤᠷᠢ ᠪᠠᠨ ᠦᠨᠳᠦᠰᠦᠯᠡᠬᠦ ᠬᠡᠷᠡᠭᠲᠡᠢ᠃ ᠰᠢᠨ᠎ᠡ ᠤᠷᠤᠨ ᠰᠠᠭᠤᠴᠠ ᠬᠤᠳᠠᠯᠳᠤᠨ ᠠᠪᠤᠭᠰᠠᠨ ᠤ ᠳᠠᠷᠠᠭ᠎ᠠ ᠵᠠᠰᠠᠨ ᠴᠢᠮᠡᠭᠯᠡᠬᠦ ᠪᠠ ᠲᠦᠪᠬᠢᠨᠡᠭᠦᠯᠵᠦ ᠲᠤᠬᠢᠷᠠᠭᠤᠯᠬᠤ ᠳᠤ ᠪᠠᠰᠠ ᠪᠠᠭ᠎ᠠ ᠪᠤᠰᠤ ᠵᠤᠭᠤᠰ ᠮᠦᠩᠭᠦ ᠵᠠᠷᠤᠴᠠᠭᠤᠯᠤᠨ᠎ᠠ᠃ ᠡᠩ ᠤᠨ ᠪᠠᠶᠢᠳᠠᠯ ᠳᠤᠤᠷ᠎ᠠ ᠦᠪᠡᠷ ᠤᠨ ᠤᠷᠤᠯᠭ᠎ᠠ ᠪᠤᠶᠤ ᠭᠡᠷ ᠪᠦᠯᠢ ᠶᠢᠨ ᠤᠷᠤᠯᠭ᠎ᠠ ᠶᠢᠨ 40% ᠶᠢᠨ ᠬᠢᠵᠠᠭᠠᠷ ᠢᠶᠠᠷ ᠵᠢᠭᠡᠯᠡᠯᠭᠡ ᠠᠪᠴᠤ᠂ ᠬᠤᠵᠢᠮ ᠭᠦᠢᠴᠡᠳ ᠨᠦᠭᠡᠴᠡ ᠲᠠᠢ ᠪᠤᠯᠤᠭᠰᠠᠨ ᠤ ᠳᠠᠷᠠᠭ᠎ᠠ ᠶᠡᠭᠡ ᠰᠢᠭ ᠤᠷᠤᠨ ᠰᠠᠭᠤᠴᠠ ᠶᠢ ᠪᠤᠳᠤᠯᠬᠢᠯᠠᠵᠦ ᠪᠤᠯᠤᠨ᠎ᠠ᠃        ᠤᠳᠤᠬᠠᠨ ᠳᠤ ᠡᠳᠦᠷ ᠢᠷᠡᠬᠦᠶ᠎ᠡ ᠦᠰᠴᠦ ᠪᠠᠶᠢᠭ᠎ᠠ ᠤᠷᠤᠨ ᠰᠠᠭᠤᠴᠠ ᠶᠢᠨ ᠦᠨ᠎ᠡ ᠬᠠᠩᠰᠢ ᠪᠠ ᠳᠦᠷᠢᠶᠡᠰᠦᠨ ᠦᠨ᠎ᠡ ᠬᠠᠩᠰᠢ ᠶᠢᠨ ᠪᠠᠶᠢᠳᠠᠯ ᠳᠤ᠂ ᠮᠠᠰᠢ ᠤᠯᠠᠨ ᠵᠠᠯᠠᠭᠤᠴᠤᠳ ᠴᠤᠬᠤᠮ ᠤᠷᠤᠨ ᠰᠠᠭᠤᠴᠠ ᠬᠤᠳᠠᠯᠳᠤᠨ ᠠᠪᠬᠤ ᠶᠤᠮ ᠦᠦ ᠡᠰᠡᠬᠦᠯ᠎ᠡ ᠤᠷᠤᠨ ᠰᠠᠭᠤᠴᠠ ᠳᠦᠷᠢᠶᠡᠰᠦᠯᠡᠵᠦ ᠰᠠᠭᠤᠬᠤ ᠶᠤᠮ ᠦᠦ︖ ᠭᠡᠵᠦ ᠲᠠᠲᠠᠭᠠᠯᠵᠠᠨ᠎ᠠ᠃        ᠤᠷᠤᠨ ᠰᠠᠭᠤᠴᠠ ᠬᠤᠳᠠᠯᠳᠤᠨ ᠠᠪᠤᠶ᠎ᠠ ᠭᠡᠵᠦ ᠪᠤᠳᠤᠵᠤ ᠪᠠᠶᠢᠭ᠎ᠠ ᠬᠦᠮᠦᠰ ᠤᠨ ᠦᠵᠡᠬᠦ ᠪᠠᠷ᠂ ᠤᠷᠤᠨ ᠰᠠᠭᠤᠴᠠ ᠳᠦᠷᠢᠶᠡᠰᠦᠯᠡᠵᠦ ᠰᠠᠭᠤᠬᠤ ᠨᠢ ᠨᠢᠭᠡ ᠵᠦᠢᠯ ᠤᠨ ᠲᠡᠨᠦᠭᠦᠴᠢᠯᠡᠯ ᠤᠨ ᠠᠮᠢᠳᠤᠷᠠᠯ ᠪᠤᠯᠤᠨ᠎ᠠ᠃ ᠤᠴᠢᠷ ᠨᠢ ᠤᠷᠤᠨ ᠰᠠᠭᠤᠴᠠ ᠶᠢᠨ ᠡᠵᠡᠨ ᠪᠤᠶᠤ ᠵᠠᠭᠤᠴᠢᠯᠠᠭᠤᠷ ᠤᠨ ᠬᠢᠨ ᠳᠦᠷᠢᠶᠡᠰᠦᠨ ᠦᠨ᠎ᠡ ᠬᠠᠩᠰᠢ ᠪᠠᠨ ᠪᠠᠶᠢᠨ ᠲᠠᠬᠢᠨ ᠦᠰᠬᠡᠬᠦ ᠶᠢᠨ ᠬᠠᠮᠲᠤ ᠪᠠᠰᠠ ᠳᠦᠷᠢᠶᠡᠰᠦᠨ ᠮᠦᠩᠭᠦ ᠪᠠᠨ ᠲᠤᠰᠢᠶ᠎ᠠ ᠭᠡᠵᠦ ᠱᠠᠯᠠᠪᠳᠠᠭᠤᠯᠤᠨ ᠰᠢᠬᠠᠮᠳᠠᠭᠤᠯᠬᠤ ᠪᠤᠶᠤ ᠪᠠᠷᠢᠴᠠᠭᠠᠨ ᠤ ᠮᠦᠩᠭᠦ ᠶᠢ ᠨᠢ ᠰᠠᠭᠤᠯᠭᠠᠨ ᠠᠪᠬᠤ ᠶᠠᠪᠤᠳᠠᠯ ᠵᠦᠩᠳᠡᠭᠡᠨ᠃ ᠦᠪᠡᠷ ᠢᠶᠠᠨ ᠤᠷᠤᠨ ᠰᠠᠭᠤᠴᠠ ᠲᠠᠢ ᠪᠤᠯᠴᠢᠬᠠᠪᠠᠯ ᠶᠠᠭᠠᠬᠢᠵᠤ ᠵᠠᠰᠠᠨ ᠴᠢᠮᠡᠭᠯᠡᠬᠦ ᠪᠠ ᠶᠠᠮᠠᠷ ᠶᠠᠮᠠᠷ ᠠᠪᠳᠠᠷ᠎ᠠ ᠬᠤᠷᠭᠤ ᠲᠤᠬᠢᠷᠠᠭᠤᠯᠬᠤ ᠨᠢ ᠦᠪᠡᠷ ᠤᠨ ᠳᠤᠷ᠎ᠠ ᠪᠠᠷ ᠢᠶᠠᠨ ᠪᠤᠯᠤᠨ᠎ᠠ᠃ ᠲᠡᠷᠡ ᠮᠦᠷᠲᠡᠭᠡᠨ ᠬᠤᠵᠢᠮ ᠬᠡᠦᠬᠡᠳ ᠲᠠᠢ ᠪᠤᠯᠪᠠᠯ ᠤᠷᠤᠨ ᠰᠠᠭᠤᠴᠠ ᠶᠢᠨ ᠢᠶᠠᠨ ᠬᠠᠵᠠᠭᠤ ᠬᠠᠪᠢ ᠶᠢᠨ ᠰᠤᠷᠭᠠᠭᠤᠯᠢ ᠳᠤ ᠤᠷᠤᠵᠤ ᠪᠤᠯᠤᠨ᠎ᠠ᠃ ᠦᠪᠡᠷ ᠢᠶᠠᠨ ᠤᠷᠤᠨ ᠰᠠᠭᠤᠴᠠ ᠦᠭᠡᠢ ᠪᠤᠯ ᠬᠡᠦᠬᠡᠳ ᠨᠢ ᠰᠤᠷᠭᠠᠭᠤᠯᠢ ᠳᠤ ᠤᠷᠤᠬᠤ ᠳᠤ ᠡᠷᠦᠬᠡ ᠠᠮᠠ ᠶᠢᠨ ᠬᠢᠵᠠᠭᠠᠷᠯᠠᠯ ᠠᠴᠠ ᠪᠤᠯᠵᠤ ᠮᠠᠰᠢ ᠤᠯᠠᠨ ᠶᠠᠷᠰᠢᠭ ᠲᠦᠪᠡᠭ ᠲᠤᠯᠭᠠᠷᠠᠨ᠎ᠠ᠃ ᠭᠡᠲᠡᠯ᠎ᠡ ᠤᠷᠤᠨ ᠰᠠᠭᠤᠴᠠ ᠬᠤᠳᠠᠯᠳᠤᠨ ᠠᠪᠤᠭᠰᠠᠨ ᠤ ᠳᠠᠷᠠᠭ᠎ᠠ ᠵᠠᠰᠠᠨ ᠴᠢᠮᠡᠭᠯᠡᠬᠦ ᠭᠡᠵᠦ ᠪᠠᠭ᠎ᠠ ᠪᠤᠰᠤ ᠵᠤᠭᠤᠰ ᠮᠦᠩᠭᠦ ᠵᠠᠷᠤᠴᠠᠭᠤᠯᠬᠤ ᠶᠢᠨ ᠬᠠᠮᠲᠤ ᠵᠢᠭᠡᠯᠡᠯᠭᠡ ᠪᠠᠨ ᠪᠤᠴᠠᠭᠠᠬᠤ ᠭᠡᠵᠦ ᠮᠠᠰᠢ ᠤᠯᠠᠨ ᠵᠠᠯᠠᠭᠤᠴᠤᠳ ᠰᠠᠷ᠎ᠠ ᠪᠦᠷᠢ ᠲᠡᠯᠡᠢ ᠪᠠᠨ ᠴᠢᠩᠭᠠᠯᠠᠨ᠎ᠠ᠃        ᠡᠯ᠎ᠡ ᠭᠠᠵᠠᠷ ᠤᠷᠤᠨ ᠤ ᠬᠢᠨ ᠪᠠᠲᠤᠯᠠᠭ᠎ᠠ ᠶᠢᠨ ᠴᠢᠨᠠᠷᠲᠠᠢ ᠤᠷᠤᠨ ᠰᠠᠭᠤᠴᠠ ᠶᠢᠨ ᠪᠦᠲᠦᠭᠡᠨ ᠪᠠᠶᠢᠭᠤᠯᠤᠯᠲᠠ ᠪᠠᠨ ᠲᠦᠷᠭᠡᠳᠬᠡᠵᠦ᠂ ᠲᠠᠸᠠᠷ ᠤᠨ ᠤᠷᠤᠨ ᠰᠠᠭᠤᠴᠠ ᠶᠢᠨ ᠵᠠᠬ᠎ᠠ ᠳᠡᠯᠭᠡᠭᠦᠷ ᠠᠭᠠᠵᠢᠮ ᠢᠶᠠᠷ ᠳᠦᠷᠢᠮᠵᠢᠵᠦ ᠪᠠᠶᠢᠭ᠎ᠠ ᠪᠠᠶᠢᠳᠠᠯ ᠳᠤᠤᠷ᠎ᠠ ᠤᠷᠢᠳᠠᠪᠡᠷ ᠳᠦᠷᠢᠶᠡᠰᠦᠯᠡᠵᠦ ᠳᠠᠷᠠᠭ᠎ᠠ ᠨᠢ ᠬᠤᠳᠠᠯᠳᠤᠨ ᠠᠪᠬᠤ᠂ ᠤᠷᠢᠳᠠᠪᠡᠷ ᠪᠠᠭ᠎ᠠ ᠶᠢ ᠨᠢ ᠳᠠᠷᠠᠭ᠎ᠠ ᠨᠢ ᠶᠡᠭᠡ ᠶᠢ ᠨᠢ ᠬᠤᠳᠠᠯᠳᠤᠨ ᠠᠪᠬᠤ ᠰᠤᠩᠭᠤᠯᠲᠠ ᠬᠢᠵᠦ ᠪᠤᠯᠤᠨ᠎ᠠ᠃ ᠳᠤᠮᠳᠠᠳᠤ ᠤᠯᠤᠰ ᠤᠨ ᠵᠠᠯᠠᠭᠤᠴᠤᠳ ᠰᠤᠨᠢᠨ ᠰᠤᠷᠭᠠᠭᠤᠯᠢ ᠲᠡᠭᠦᠰᠴᠦ ᠠᠵᠢᠯ ᠤᠨ ᠪᠠᠶᠢᠷᠢᠨ ᠳᠤ ᠭᠠᠷᠤᠭᠰᠠᠨ 1873 ᠤᠶᠤᠲᠠᠨ ᠢ ᠰᠤᠩᠭᠤᠨ ᠪᠠᠶᠢᠴᠠᠭᠠᠭᠰᠠᠨ ᠳᠤ 66.9% ᠶᠢᠨ ᠬᠦᠮᠦᠰ ᠨᠢ ᠤᠷᠤᠨ ᠰᠠᠭᠤᠴᠠ ᠳᠦᠷᠢᠶᠡᠰᠦᠯᠡᠵᠦ ᠰᠠᠭᠤᠵᠤ ᠪᠠᠶᠢᠨ᠎ᠠ᠃ ᠬᠦᠭᠵᠢᠭᠰᠡᠨ ᠤᠯᠤᠰ ᠤᠨ ᠪᠠᠶᠢᠳᠠᠯ ᠠᠴᠠ ᠠᠪᠴᠤ ᠦᠵᠡᠭᠰᠡᠨ ᠴᠦ ᠡᠭᠡᠯ ᠠᠷᠠᠳ ᠮᠦᠨᠬᠦ ᠤᠷᠤᠨ ᠰᠠᠭᠤᠴᠠ ᠶᠢᠨ ᠦᠨᠳᠦᠷ ᠦᠨ᠎ᠡ ᠬᠠᠩᠰᠢ ᠳᠤ ᠭᠠᠴᠢᠭᠳᠠᠨ ᠤᠷᠤᠨ ᠰᠠᠭᠤᠴᠠ ᠳᠦᠷᠢᠶᠡᠰᠦᠯᠡᠵᠦ ᠰᠠᠭᠤᠵᠤ ᠪᠠᠶᠢᠭ᠎ᠠ ᠪᠠᠶᠢᠳᠠᠯ ᠲᠦᠭᠡᠮᠡᠯ ᠤᠷᠤᠰᠢᠵᠤ ᠪᠠᠶᠢᠨ᠎ᠠ᠃ ᠤᠷᠤᠨ ᠰᠠᠭᠤᠴᠠ ᠳᠦᠷᠢᠶᠡᠰᠦᠯᠡᠵᠦ ᠰᠠᠭᠤᠬᠤ ᠳᠤ ᠲᠦᠷᠦ ᠶᠢᠨ ᠪᠤᠳᠤᠯᠭ᠎ᠠ ᠶᠢᠨ ᠪᠠᠲᠤᠯᠠᠭ᠎ᠠ ᠪᠠ ᠵᠠᠰᠠᠭ ᠤᠨ ᠤᠷᠳᠤᠨ ᠤ ᠨᠡᠶᠢᠲᠡ ᠶᠢᠨ ᠳᠦᠷᠢᠶᠡᠰᠦᠨ ᠤᠷᠤᠨ ᠰᠠᠭᠤᠴᠠ ᠶᠢᠨ ᠬᠠᠩᠭᠠᠯᠭ᠎ᠠ ᠪᠤᠶᠤ ᠨᠦᠬᠦᠪᠦᠷᠢ ᠶᠢ ᠴᠢᠩᠭᠠᠳᠬᠠᠬᠤ ᠠᠴᠠ ᠭᠠᠳᠠᠨ᠎ᠠ ᠨᠡᠩ ᠴᠢᠬᠤᠯᠠ ᠨᠢ ᠪᠠᠲᠤᠯᠠᠭ᠎ᠠ ᠶᠢᠨ ᠤᠷᠤᠨ ᠰᠠᠭᠤᠴᠠ ᠶᠢᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠵᠦ᠂ ᠤᠷᠤᠨ ᠰᠠᠭᠤᠴᠠ ᠶᠢᠨ ᠳᠦᠷᠢᠶᠡᠰᠦᠨ ᠤ ᠦᠨ᠎ᠡ ᠬᠠᠩᠰᠢ ᠶᠢ ᠵᠤᠬᠢᠰᠲᠠᠢ ᠬᠢᠵᠠᠭᠠᠷᠯᠠᠬᠤ ᠬᠡᠷᠡᠭᠲᠡᠢ᠃ ᠢᠩᠭᠢᠪᠡᠯ ᠰᠠᠶ᠋ᠢ ᠤᠷᠤᠨ ᠰᠠᠭᠤᠴᠠ ᠳᠦᠷᠢᠶᠡᠰᠦᠯᠡᠵᠦ ᠰᠠᠭᠤᠭᠴᠢᠳ ᠤᠨ ᠡᠷᠬᠡ ᠠᠰᠢᠭ ᠢ ᠪᠠᠲᠤᠯᠠᠬᠤ ᠶᠢᠨ ᠬᠠᠮᠲᠤ ᠳᠦᠷᠢᠶᠡᠰᠦᠨ ᠤ ᠵᠠᠬ᠎ᠠ ᠳᠡᠯᠭᠡᠭᠦᠷ ᠢ ᠬᠦᠭᠵᠢᠶᠡᠨ ᠲᠠᠢ ᠪᠤᠯᠭᠠᠵᠤ ᠴᠢᠳᠠᠨ᠎ᠠ᠃ ᠤᠷᠤᠨ ᠰᠠᠭᠤᠴᠠ ᠳᠦᠷᠢᠶᠡᠰᠦᠯᠡᠬᠦ ᠶᠤᠮ ᠦᠦ ᠡᠰᠡᠬᠦᠯ᠎ᠡ ᠬᠤᠳᠠᠯᠳᠤᠨ ᠠᠪᠬᠤ ᠶᠤᠮ ᠦᠦ︖ ᠭᠡᠬᠦ ᠨᠢ ᠦᠪᠡᠷ ᠦᠪᠡᠷ ᠤᠨ ᠤᠷᠤᠨ ᠰᠠᠭᠤᠴᠠ ᠶᠢᠨ ᠬᠡᠷᠡᠭᠴᠡᠭᠡ ᠱᠠᠭᠠᠷᠳᠠᠯᠭ᠎ᠠ ᠪᠠᠷ ᠪᠤᠯᠤᠨ᠎ᠠ᠃ ᠳᠦᠭᠦᠮᠬᠡᠨ ᠢᠶᠠᠷ ᠤᠷᠤᠨ ᠰᠠᠭᠤᠴᠠ ᠳᠦᠷᠢᠶᠡᠰᠦᠯᠡᠵᠦ ᠰᠠᠭᠤᠬᠤ ᠨᠢ ᠤᠷᠤᠨ ᠰᠠᠭᠤᠴᠠ ᠬᠤᠳᠠᠯᠳᠤᠨ ᠠᠪᠬᠤ ᠶᠢ ᠬᠦᠷᠬᠦ ᠦᠭᠡᠢ ᠭᠡᠬᠦ ᠪᠤᠶᠤ ᠤᠷᠤᠨ ᠰᠠᠭᠤᠴᠠ ᠬᠤᠳᠠᠯᠳᠤᠨ ᠠᠪᠬᠤ ᠨᠢ ᠤᠷᠤᠨ ᠰᠠᠭᠤᠴᠠ ᠳᠦᠷᠢᠶᠡᠰᠦᠯᠡᠵᠦ ᠰᠠᠭᠤᠬᠤ ᠶᠢ ᠬᠦᠷᠬᠦ ᠦᠭᠡᠢ ᠭᠡᠵᠦ ᠶᠠᠷᠢᠵᠤ ᠪᠤᠯᠬᠤ ᠦᠭᠡᠢ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号