ᠬᠤᠩ  ᠱᠠᠨ  ᠲᠤᠭᠤᠷᠢᠭ  ᠤᠨ  ᠵᠠᠰᠠᠭ  ᠤᠨ  ᠶᠠᠪᠤᠳᠠᠯ  ᠤᠨ ᠰᠤᠷᠠᠭ  ᠴᠢᠮᠡᠭᠡ  ᠶᠢ  ᠢᠯᠡ  ᠪᠤᠯᠭᠠᠬᠤ  ᠳᠦᠷᠢᠮ
ᠨᠡᠶᠢᠲᠡᠯᠡᠭᠰᠡᠨ ᠴᠠᠭ᠄
2015-07-29
     ᠨᠢᠭᠡ᠂  ᠵᠠᠰᠠᠭ  ᠵᠠᠬᠢᠷᠭᠠᠨ  ᠤ  ᠠᠵᠢᠯᠯᠠᠭᠠᠨ ᠢ  ᠢᠯᠡ ᠳᠤᠳᠤᠷᠬᠠᠶᠢᠯᠠᠵᠤ᠂  ᠡᠷᠬᠡᠲᠤ  ᠠᠷᠠᠳ᠂  ᠬᠠᠤᠯᠢ  ᠶᠢᠨ  ᠡᠷᠬᠡᠲᠡᠨ  ᠪᠤᠯᠤᠨ  ᠪᠤᠰᠤᠳ  ᠵᠤᠬᠢᠶᠠᠨ  ᠪᠠᠶᠢᠭᠤᠯᠤᠯᠲᠠ  ᠵᠠᠰᠠᠭ  ᠵᠠᠬᠢᠷᠭᠠᠨ ᠤ  ᠠᠵᠢᠯᠯᠠᠭ᠎ᠠ  ᠶᠢ  ᠤᠶᠢᠯᠠᠭᠠᠬᠤ ᠪᠠ ᠬᠢᠨᠠᠯᠲᠠ  ᠲᠠᠯᠪᠢᠬᠤ  ᠡᠷᠬᠡ  ᠶᠢ  ᠪᠠᠳᠤᠯᠠᠬᠤ  ᠶᠢᠨ  ᠲᠦᠯᠦᠭᠡ  ᠂   ᠲᠤᠰ  ᠳᠦᠷᠢᠮ  ᠢ ᠤᠨᠴᠠᠭᠠᠶᠢᠯᠠᠨ  ᠳᠤᠭᠳᠠᠭᠠᠪᠠ᠃       ᠬᠤᠶᠠᠷ᠂  ᠵᠠᠰᠠᠭ  ᠤᠨ  ᠶᠠᠪᠤᠳᠠᠯ  ᠤᠨ  ᠰᠤᠷᠠᠭ  ᠴᠢᠮᠡᠭᠡ  ᠶᠢ  ᠢᠯᠡ  ᠪᠤᠯᠭᠠᠬᠤ  ᠪᠤᠯ  ᠵᠠᠰᠠᠭ  ᠤᠨ  ᠶᠠᠪᠤᠳᠠᠯ  ᠢ  ᠢᠯᠡ  ᠪᠤᠯᠭᠠᠬᠤ  ᠠᠵᠢᠯ  ᠤᠨ  ᠭᠦᠨᠵᠡᠭᠡᠶᠢᠷᠡᠯ  ᠪᠤᠯᠤᠨ  ᠲᠡᠭᠦᠯᠳᠡᠷᠵᠢᠯ  ᠪᠠᠶᠢᠵᠤ᠂  ᠡᠷᠬᠡ  ᠶᠢ  ᠬᠢᠵᠠᠭᠠᠷᠯᠠᠬᠤ  ᠪᠠ  ᠬᠢᠨᠠᠯᠲᠠ  ᠲᠠᠯᠪᠢᠬᠤ  ᠂  ᠵᠠᠰᠠᠭ  ᠵᠠᠬᠢᠷᠭᠠᠨ  ᠤ  ᠠᠵᠢᠯᠯᠠᠭᠠᠨ ᠢ ᠢᠯᠡ ᠳᠤᠳᠤᠷᠬᠠᠶᠢᠯᠠᠵᠤ᠂  ᠦᠢᠯᠡᠴᠢᠯᠡᠭᠡᠨ  ᠤ  ᠬᠡᠯᠪᠡᠷᠢ  ᠶᠢᠨ  ᠵᠠᠰᠠᠭ  ᠤᠨ  ᠤᠷᠳᠤᠨ  ᠢ  ᠪᠠᠶᠢᠭᠤᠯᠬᠤ  ᠳᠤ  ᠠᠰᠢᠭᠲᠠᠢ  ︔  ᠢᠯᠵᠠᠷᠠᠯ  ᠢ  ᠦᠨᠳᠦᠰᠦᠨ  ᠠᠴᠠ   ᠨᠢ  ᠰᠡᠷᠭᠡᠶᠢᠯᠡᠨ  ᠵᠠᠰᠠᠬᠤ ᠪᠠ ᠠᠷᠪᠢᠯᠠᠨ  ᠭᠠᠮᠨᠠᠬᠤ  ᠵᠠᠰᠠᠭ  ᠤᠨ  ᠤᠷᠳᠤᠨ  ᠢ  ᠪᠦᠲᠦᠭᠡᠨ  ᠪᠠᠶᠢᠭᠤᠯᠬᠤ  ᠳᠤ  ᠠᠰᠢᠭᠲᠠᠢ᠃        ᠭᠤᠷᠪᠠ  ᠂  ᠵᠠᠰᠠᠭ  ᠤᠨ  ᠶᠠᠪᠤᠳᠠᠯ  ᠤᠨ  ᠰᠤᠷᠠᠭ  ᠴᠢᠮᠡᠭᠡ  ᠪᠤᠯ  ᠲᠤᠭᠤᠷᠢᠭ  ᠤᠨ  ᠵᠠᠰᠠᠭ  ᠤᠨ  ᠤᠷᠳᠤᠨ  ᠤ  ᠡᠯ᠎ᠡ  ᠰᠠᠯᠠᠭ᠎ᠠ  ᠮᠦᠴᠢᠷ ᠵᠢᠴᠢ ᠬᠠᠤᠯᠢ  ᠴᠠᠭᠠᠵᠠ ᠶᠢᠨ ᠳᠤᠭᠳᠠᠭᠠᠯ ᠢ  ᠬᠡᠷᠡᠭᠵᠢᠭᠦᠯᠬᠦ  ᠵᠠᠰᠠᠭ  ᠵᠠᠬᠢᠷᠭᠠᠨ  ᠤ  ᠴᠢᠳᠠᠮᠵᠢ   ᠲᠠᠢ  ᠵᠤᠬᠢᠶᠠᠨ  ᠪᠠᠶᠢᠭᠤᠯᠤᠯᠲᠠ᠂ ᠠᠵᠤ  ᠠᠬᠤᠢ  ᠨᠡᠶᠢᠭᠡᠮ  ᠤᠨ  ᠬᠠᠮᠢᠶᠠᠷᠤᠯᠲᠠ  ᠪᠤᠯᠤᠨ  ᠤᠯᠠᠨ  ᠨᠡᠶᠢᠲᠡ  ᠶᠢᠨ  ᠦᠢᠯᠡᠴᠢᠯᠡᠭᠡ  ᠬᠠᠩᠭᠠᠬᠤ  ᠶᠠᠪᠤᠴᠠ   ᠳᠤ ᠢᠯᠡ ᠪᠠᠷ ᠨᠡᠶᠢᠳᠡᠯᠡᠭᠰᠡᠨ  ᠰᠤᠷᠠᠭ  ᠴᠢᠮᠡᠭᠡ  ᠪᠤᠯᠤᠨ᠎ᠠ᠃  ᠲᠤᠭᠤᠷᠢᠭ  ᠤᠨ   ᠵᠠᠰᠠᠭ  ᠤᠨ  ᠤᠷᠳᠤᠨ  ᠤ  ᠢᠯᠡ  ᠪᠤᠯᠭᠠᠬᠤ  ᠦᠭᠡᠢ  ᠬᠠᠤᠯᠢ  ᠴᠠᠭᠠᠵᠠ  ᠂  ᠳᠦᠷᠢᠮ  ᠳᠤᠭᠲᠠᠭᠠᠯ  ᠠᠴᠠ ᠭᠠᠳᠠᠨᠠᠬᠢ ᠰᠤᠷᠠᠭ  ᠴᠢᠮᠡᠭᠡ   ᠶᠢ  ᠵᠠᠰᠠᠭ  ᠤᠨ  ᠤᠷᠳᠤᠨ  ᠤ  ᠪᠠᠶᠢᠭᠤᠯᠤᠮᠵᠢ    ᠴᠠᠭ  ᠲᠤᠬᠠᠢ  ᠳᠤ   ᠨᠢ ᠡᠷᠬᠡᠪᠰᠢ ᠢᠯᠡ  ᠪᠤᠯᠭᠠᠬᠤ  ᠪᠤᠶᠤ  ᠢᠯᠡ  ᠪᠤᠯᠭᠠᠬᠤ  ᠡᠷᠡᠮᠡᠯᠵᠡᠯ  ᠢ  ᠬᠠᠩᠭᠠᠬᠤ  ᠬᠡᠷᠡᠭᠲᠡᠢ᠃        ᠳᠦᠷᠪᠡ᠂  ᠶᠠᠮᠠᠷᠪᠠ  ᠬᠤᠪᠢ  ᠬᠦᠮᠦᠨ  ᠪᠠ  ᠵᠤᠬᠢᠶᠠᠨ  ᠪᠠᠶᠢᠭᠤᠯᠤᠯᠲᠠ ᠨᠢ ᠡᠷᠬᠡᠲᠦ  ᠠᠷᠠᠳ  ᠂  ᠬᠠᠤᠯᠢ ᠶᠢᠨ  ᠡᠷᠬᠡᠲᠡᠨ  ᠪᠠ ᠪᠤᠰᠤᠳ  ᠵᠤᠬᠢᠶᠠᠨ  ᠪᠠᠶᠢᠭᠤᠯᠤᠯᠲᠠ ᠠᠴᠠ ᠬᠠᠤᠯᠢ  ᠶᠤᠰᠤᠭᠠᠷ  ᠵᠠᠰᠠᠭ  ᠤᠨ  ᠤᠷᠳᠤᠨ  ᠤ  ᠰᠤᠷᠠᠭ  ᠴᠢᠮᠡᠭᠡ ᠶᠢ ᠤᠯᠵᠤ ᠮᠡᠳᠡᠬᠦ ᠡᠷᠬᠡ  ᠶᠢ  ᠬᠠᠤᠯᠢ  ᠪᠤᠰᠤ ᠪᠠᠷ ᠴᠠᠭᠠᠵᠠᠯᠠᠵᠤ  ᠪᠤᠯᠬᠤ  ᠦᠭᠡᠢ᠃  ᠡᠷᠬᠡᠲᠦ  ᠠᠷᠠᠳ  ᠂  ᠬᠠᠤᠯᠢ ᠶᠢᠨ  ᠡᠷᠬᠡᠲᠡᠨ ᠪᠤᠯᠤᠨ  ᠪᠤᠰᠤᠳ  ᠵᠤᠬᠢᠶᠠᠨ  ᠪᠠᠶᠢᠭᠤᠯᠤᠯᠲᠠ   ᠵᠠᠰᠠᠭ  ᠤᠨ  ᠶᠠᠪᠤᠳᠠᠯ  ᠤᠨ ᠰᠤᠷᠠᠭ ᠴᠢᠮᠡᠭᠡ ᠶᠢ ᠤᠯᠬᠤ  ᠪᠤᠶᠤ ᠠᠰᠢᠭᠯᠠᠬᠤ  ᠳᠤ  ᠪᠠᠨ  ᠪᠤᠰᠤᠳ  ᠤᠨ  ᠬᠤᠪᠢ ᠶᠢᠨ  ᠨᠢᠭᠤᠴᠠ᠂  ᠠᠷᠠᠯᠵᠢᠶᠠᠨ  ᠤ  ᠨᠢᠭᠤᠴᠠ  ᠂  ᠤᠯᠤᠰ ᠤᠨ ᠨᠢᠭᠤᠴᠠ  ᠪᠤᠯᠤᠨ  ᠪᠤᠰᠤᠳ  ᠨᠡᠶᠢᠭᠡᠮ ᠨᠡᠶᠢᠲᠡ  ᠶᠢᠨ  ᠠᠰᠢᠭ  ᠲᠤᠰᠠ  ᠶᠢ  ᠬᠤᠬᠢᠷᠠᠭᠤᠯᠵᠤ  ᠪᠤᠯᠬᠤ  ᠦᠭᠡᠢ᠃          ᠲᠠᠪᠤ᠂  ᠵᠠᠰᠠᠭ  ᠤᠨ  ᠤᠷᠳᠤᠨ  ᠤ  ᠪᠠᠶᠢᠭᠤᠯᠤᠮᠵᠢ  ᠡᠷᠬᠡᠪᠰᠢ  ᠰᠠᠨᠠᠭᠠᠴᠢᠯᠠᠭ᠎ᠠ ᠠᠴᠠ  ᠪᠠᠨ   ᠨᠡᠶᠢᠭᠡᠮ  ᠳᠠᠶᠠᠭᠠᠷ ᠲᠤ    ᠵᠠᠰᠠᠭ  ᠤᠨ  ᠶᠠᠪᠤᠳᠠᠯ  ᠤᠨ ᠲᠤᠤᠷᠠᠬᠢ ᠰᠤᠷᠠᠭ  ᠴᠢᠮᠡᠭᠡ  ᠶᠢ  ᠢᠯᠡ  ᠨᠡᠶᠢᠲᠡᠯᠡᠬᠦ   ᠬᠡᠷᠡᠭᠲᠡᠢ᠄         ︵ᠨᠢᠭᠡ︶  ᠬᠠᠮᠢᠶᠠᠷᠤᠯᠲᠠ  ᠶᠢ  ᠳᠦᠷᠢᠮᠵᠢᠭᠦᠯᠵᠦ  ᠦᠭᠡᠷᠡᠴᠢᠯᠡᠯᠲᠡ  ᠶᠢ  ᠭᠦᠨᠵᠡᠭᠡᠶᠢᠷᠡᠭᠦᠯᠬᠦ  ᠲᠠᠯ᠎ᠠ  ᠳᠤ᠄ ᠲᠤᠭᠤᠷᠢᠭ  ᠤᠨ  ᠵᠠᠰᠠᠭ  ᠤᠨ  ᠤᠷᠳᠤᠨ  ᠵᠢᠴᠢ  ᠲᠡᠭᠦᠨ  ᠤ  ᠰᠠᠯᠠᠭ᠎ᠠ  ᠮᠦᠴᠢᠷ  ᠤᠨ  ᠳᠤᠭᠳᠠᠭᠠᠭᠰᠠᠨ  ᠳᠦᠷᠢᠮᠵᠢᠯ  ᠤᠨ  ᠴᠢᠨᠠᠷᠲᠠᠢ  ᠪᠢᠴᠢᠭ  ᠮᠠᠲ᠋ᠧᠷᠢᠶᠠᠯ ᠪᠤᠯᠤᠨ  ᠠᠵᠤ  ᠠᠬᠤᠢ  ᠨᠡᠶᠢᠭᠡᠮ  ᠤᠨ  ᠬᠠᠮᠢᠶᠠᠷᠤᠯᠲᠠ ᠪᠠ  ᠤᠯᠠᠨ  ᠨᠡᠶᠢᠲᠡ  ᠶᠢᠨ  ᠦᠢᠯᠡᠴᠢᠯᠡᠭᠡᠨ  ᠤ  ᠬᠠᠮᠢᠶ᠎ᠠ  ᠪᠦᠬᠦᠢ  ᠪᠢᠴᠢᠭ ᠮᠠᠲ᠋ᠧᠷᠢᠶᠠᠯ  ︔ ᠠᠵᠤ  ᠠᠬᠤᠢ  ᠨᠡᠶᠢᠭᠡᠮ  ᠤᠨ  ᠬᠦᠭᠵᠢᠯᠲᠡ  ᠶᠢᠨ  ᠲᠦᠰᠦᠪ ᠲᠦᠯᠦᠪᠯᠡᠭᠡ᠂ ᠠᠬᠢᠴᠠ  ᠪᠤᠯᠤᠨ  ᠭᠦᠢᠴᠡᠳᠬᠡᠭᠰᠡᠨ  ᠪᠠᠶᠢᠳᠠᠯ  ︔  ᠬᠤᠲᠠ  ᠶᠢᠨ  ᠲᠤᠭᠤᠷᠢᠭ  ᠤᠨ  ᠶᠡᠷᠦᠩᠬᠡᠢ  ᠲᠦᠰᠦᠪ  ᠂   ᠬᠤᠲᠠ  ᠶᠢᠨ  ᠲᠤᠭᠤᠷᠢᠭ  ᠤᠨ ᠪᠤᠰᠤᠳ  ᠡᠯ᠎ᠡ  ᠲᠦᠷᠦᠯ  ᠤᠨ   ᠲᠦᠰᠦᠪ  ᠵᠢᠴᠢ  ᠭᠠᠵᠠᠷ   ᠰᠢᠷᠤᠢ  ᠶᠢᠨ  ᠠᠰᠢᠭᠯᠠᠯᠲᠠ  ᠶᠢᠨ  ᠶᠡᠷᠦᠩᠬᠡᠢ  ᠲᠦᠰᠦᠪ  ᠵᠡᠷᠭᠡ᠃         ︵ᠬᠤᠶᠠᠷ︶  ᠠᠷᠠᠳ  ᠤᠯᠠᠨ   ᠲᠠᠢ  ᠨᠢᠭᠲᠠ  ᠬᠠᠷᠢᠴᠠᠭ᠎ᠠ   ᠲᠠᠢ  ᠬᠦᠨᠳᠦ  ᠴᠢᠬᠤᠯᠠ  ᠬᠡᠷᠡᠭ  ᠶᠠᠪᠤᠳᠠᠯ  ᠄  ᠠᠷᠠᠳ  ᠤᠯᠠᠨ  ᠤ  ᠠᠮᠢ  ᠨᠠᠰᠤ  ᠂  ᠡᠳ᠋  ᠬᠦᠷᠦᠩᠭᠡ  ᠶᠢᠨ  ᠠᠮᠤᠷ  ᠲᠦᠪᠰᠢᠨ  ᠢ  ᠨᠦᠯᠦᠭᠡᠯᠡᠬᠦ  ᠡᠪᠡᠳᠴᠢᠨ  ᠬᠢᠵᠢᠭ  ᠂  ᠭᠠᠢ  ᠭᠠᠮᠰᠢᠭ᠂  ᠭᠡᠨᠡᠳᠲᠡ  ᠶᠢᠨ  ᠬᠡᠷᠡᠭ  ᠤᠴᠢᠷ   ᠢ  ᠤᠷᠢᠳᠴᠢᠯᠠᠨ ᠮᠡᠳᠡᠬᠡᠯᠡᠵᠦ ᠰᠢᠢᠳᠪᠦᠷᠢᠯᠡᠭᠰᠡᠨ  ᠪᠠᠶᠢᠳᠠᠯ︔  ᠶᠠᠳᠠᠭᠤ  ᠶᠢ  ᠳᠡᠳᠬᠦᠬᠦ  ᠂ ᠰᠤᠷᠭᠠᠨ  ᠬᠦᠮᠦᠵᠢᠯ᠂ ᠡᠷᠡᠭᠦᠯ  ᠴᠢᠬᠢᠷᠠᠭ᠂  ᠬᠦᠮᠦᠨ  ᠠᠮᠠ  ᠪᠤᠯᠤᠨ ᠲᠦᠯᠦᠪᠯᠡᠭᠡᠲᠦ ᠦᠷᠡᠵᠢᠯ᠂ ᠨᠡᠶᠢᠭᠡᠮ  ᠤᠨ  ᠪᠠᠳᠤᠯᠠᠭ᠎ᠠ᠂  ᠠᠵᠢᠯ  ᠤᠯᠭᠤᠬᠤ  ᠬᠦᠳᠡᠯᠮᠦᠷᠢ  ᠦᠢᠯᠡᠴᠢᠯᠡᠭᠡ ᠵᠡᠷᠭᠡ  ᠲᠠᠯ᠎ᠠ  ᠶᠢᠨ  ᠪᠠᠷᠢᠮᠵᠢᠶ᠎ᠠ  ᠂  ᠨᠦᠬᠦᠴᠡᠯ ᠵᠢᠴᠢ ᠪᠤᠳᠠᠲᠠᠶᠢᠵᠢᠭᠤᠯᠤᠭᠰᠠᠨ  ᠪᠠᠶᠢᠳᠠᠯ᠂  ᠭᠠᠵᠠᠷ  ᠰᠢᠷᠤᠢ  ᠶᠢ  ᠠᠰᠢᠭᠯᠠᠭᠰᠠᠨ  ᠂  ᠭᠡᠷ  ᠪᠠᠶᠢᠰᠢᠩ ᠢ  ᠨᠤᠷᠠᠭᠠᠨ  ᠰᠢᠯᠵᠢᠭᠦᠯᠦᠭᠰᠡᠨ  ᠵᠦᠪᠰᠢᠶᠡᠷᠡᠯ ᠤᠨ ᠪᠢᠴᠢᠭ  ᠮᠠᠲ᠋ᠧᠷᠢᠶᠠᠯ᠂ ᠲᠦᠪᠬᠢᠨᠡᠭᠦᠯᠦᠭᠰᠡᠨ ᠲᠦᠰᠦᠪ  ᠵᠡᠷᠭᠡ ᠪᠠᠶᠢᠳᠠᠯ᠃           ︵ᠭᠤᠷᠪᠠ︶  ᠤᠯᠠᠨ  ᠨᠡᠶᠢᠲᠡ  ᠶᠢᠨ  ᠪᠡᠯᠡ  ᠮᠦᠩᠭᠦ  ᠶᠢᠨ  ᠬᠡᠷᠡᠭᠯᠡᠯᠲᠡ ᠪᠤᠯᠤᠨ  ᠬᠢᠨᠠᠯᠲᠠ  ᠲᠠᠯᠪᠢᠬᠤ  ᠲᠠᠯ᠎ᠠ ᠪᠠᠷ  ᠄          ᠬᠤᠳᠠ  ᠲᠤᠭᠤᠷᠢᠭ  ᠤᠨ ᠰᠠᠭᠤᠷᠢ  ᠪᠦᠲᠦᠭᠡᠨ  ᠪᠠᠶᠢᠭᠤᠯᠤᠯᠲᠠ ᠶᠢᠨ  ᠴᠢᠬᠤᠯᠠ ᠲᠦᠷᠦᠯ  ᠵᠦᠢᠯ᠂  ᠢᠯᠡ  ᠪᠠᠷ  ᠠᠷᠠᠯᠵᠢᠶᠠᠴᠢᠨ  ᠤᠷᠢᠬᠤ᠂  ᠠᠷᠠᠯᠵᠢᠶᠠᠴᠢᠨ  ᠡᠯᠰᠡᠭᠰᠡᠨ  ᠪᠠᠶᠢᠳᠠᠯ  ᠵᠢᠴᠢ  ᠢᠨᠵᠸᠡᠸ᠋ᠷᠢᠭ  ᠤᠨ  ᠠᠬᠢᠴᠠ ᠶᠢᠨ  ᠪᠠᠶᠢᠳᠠᠯ  ︔ ᠵᠠᠰᠠᠭ  ᠤᠨ  ᠤᠷᠳᠤᠨ  ᠤ  ᠲᠦᠪᠯᠡᠷᠡᠭᠦᠯᠦᠨ  ᠬᠤᠳᠠᠯᠳᠤᠬᠤ  ᠲᠦᠷᠦᠯ  ᠵᠦᠢᠯ ᠤᠨ  ᠭᠠᠷᠴᠠᠭ᠂  ᠵᠠᠰᠠᠭ  ᠤᠨ  ᠤᠷᠳᠤᠨ  ᠤ  ᠬᠤᠳᠠᠯᠳᠤᠨ  ᠠᠪᠬᠤ  ᠬᠢᠵᠠᠭᠠᠷ  ᠤᠨ  ᠪᠠᠷᠢᠮᠵᠢᠶ᠎ᠠ  ᠂  ᠬᠤᠳᠠᠯᠳᠤᠨ  ᠠᠪᠤᠭᠰᠠᠨ  ᠦᠷ᠎ᠡ  ᠳ᠋ᠦᠩ  ᠵᠢᠴᠢ  ᠬᠢᠨᠠᠯᠲᠠ  ᠶᠢᠨ  ᠪᠠᠶᠢᠳᠠᠯ︔  ᠵᠠᠰᠠᠭ  ᠤᠨ  ᠤᠷᠳᠤᠨ  ᠤ  ᠡᠳ᠋  ᠤᠨ  ᠵᠠᠰᠠᠭ  ᠤᠨ  ᠲᠦᠰᠦᠪ  ᠂  ᠲᠦᠰᠦᠪ  ᠤᠨ  ᠮᠡᠳᠡᠭᠦᠯᠦᠯᠲᠠ  ᠪᠤᠯᠤᠨ   ᠪᠤᠳᠠᠲᠠᠢ  ᠵᠠᠷᠤᠯᠭ᠎ᠠ ᠵᠢᠴᠢ  ᠬᠢᠨᠠᠯᠲᠠ  ᠶᠢᠨ  ᠪᠠᠶᠢᠳᠠᠯ᠃        ︵ ᠲᠦᠷᠪᠡ︶  ᠵᠠᠰᠠᠭ  ᠤᠨ  ᠤᠷᠳᠤᠨ  ᠤ  ᠪᠠᠶᠢᠭᠤᠯᠤᠮᠵᠢ  ᠪᠤᠯᠤᠨ  ᠠᠵᠢᠯᠳᠠᠨ  ᠤ  ᠲᠠᠯ᠎ᠠ ᠪᠠᠷ  ᠄   ᠵᠠᠰᠠᠭ  ᠤᠨ  ᠤᠷᠳᠤᠨ  ᠤ  ᠠᠵᠢᠯᠯᠠᠭᠠᠨ  ᠤ ᠰᠠᠯᠠᠭ᠎ᠠ  ᠮᠦᠴᠢᠷ ᠶᠢᠨ  ᠬᠠᠮᠢᠶᠠᠷᠤᠯᠲᠠ  ᠶᠢᠨ  ᠴᠢᠳᠠᠮᠵᠢ ᠶᠢ  ᠲᠤᠬᠢᠷᠠᠭᠤᠯᠬᠤ  ᠪᠤᠶᠤ  ᠬᠤᠪᠢᠷᠠᠭᠤᠯᠤᠭᠰᠠᠨ  ᠪᠠᠶᠢᠳᠠᠯ  ︔ ᠵᠠᠰᠠᠭ  ᠤᠨ  ᠤᠷᠳᠤᠨ   ᠤ ᠡᠯ᠎ᠡ  ᠰᠠᠯᠠᠭ᠎ᠠ  ᠮᠦᠴᠢᠷ  ᠤᠨ  ᠤᠳᠤᠷᠢᠳᠤᠯᠭ᠎ᠠ ᠪᠠ  ᠭᠡᠰᠢᠭᠦᠳ  ᠤᠨ  ᠨᠠᠮᠲᠠᠷ  ᠂  ᠠᠵᠢᠯ  ᠤᠨ  ᠬᠤᠪᠢᠶᠠᠷᠢᠯᠠᠯ  ᠪᠤᠯᠤᠨ  ᠬᠤᠪᠢᠷᠠᠯᠲᠠ  ᠭᠠᠷᠤᠭᠰᠠᠨ  ᠪᠠᠶᠢᠳᠠᠯ  ᠃          ︵ᠲᠠᠪᠤ︶  ᠴᠢᠬᠤᠯᠠ  ᠶᠡᠭᠡ ᠰᠢᠢᠳᠪᠦᠷᠢ ᠶᠢᠨ ᠲᠦᠰᠦᠯ  ᠤᠨ  ᠲᠠᠯ᠎ᠠ ᠪᠠᠷ  ᠄  ᠠᠷᠠᠳ  ᠤᠯᠠᠨ᠂  ᠬᠠᠤᠯᠢ  ᠶᠢᠨ  ᠡᠷᠬᠡᠳᠡᠨ ᠪᠤᠯᠤᠨ  ᠪᠤᠰᠤᠳ  ᠵᠤᠬᠢᠶᠠᠨ  ᠪᠠᠶᠢᠭᠤᠯᠤᠯᠲᠠ ᠶᠢᠨ ᠴᠢᠬᠤᠯᠠ ᠶᠡᠭᠡ ᠠᠰᠢᠭ ᠲᠤᠰᠠ ᠪᠤᠶᠤ  ᠨᠡᠶᠢᠭᠡᠮ ᠳᠤ ᠨᠦᠯᠦᠭᠡ ᠲᠤᠰᠬᠠᠯ ᠲᠠᠢ    ᠰᠢᠢᠳᠪᠦᠷᠢ᠂ ᠳᠦᠷᠢᠮ  ᠲᠤᠭᠳᠠᠭᠠᠯ ᠪᠤᠶᠤ ᠲᠦᠰᠦᠪ ᠲᠦᠯᠦᠪᠯᠡᠭᠡ  ᠵᠡᠷᠭᠡ ᠶᠢ ᠳᠤᠭᠳᠠᠭᠠᠵᠤ  ᠬᠡᠷᠡᠭᠵᠢᠭᠦᠯᠬᠦ  ᠶᠠᠪᠤᠴᠠ ᠳᠠᠭᠠᠨ ᠨᠤᠤᠷᠠᠭ  ᠭᠠᠷᠭᠠᠭᠰᠠᠨ ᠪᠠᠶᠢᠭᠤᠯᠤᠮᠵᠢ  ᠪᠤᠶᠤ  ᠰᠢᠢᠳᠪᠦᠷᠢ  ᠭᠠᠷᠭᠠᠭᠰᠠᠨ  ᠪᠠᠶᠢᠭᠤᠯᠤᠮᠵᠢ ᠨᠢ ᠨᠤᠤᠷᠠᠭ  ᠢᠶᠠᠨ  ᠡᠷᠬᠡᠪᠰᠢ   ᠨᠡᠶᠢᠭᠡᠮ  ᠳᠠᠶᠠᠭᠠᠷ ᠲᠤ  ᠢᠯᠡ  ᠨᠡᠶᠢᠲᠡᠯᠡᠵᠦ᠂  ᠤᠯᠠᠨ  ᠲᠦᠮᠡᠨ  ᠤ  ᠰᠠᠨᠠᠯ  ᠢ ᠦᠷᠭᠡᠨ  ᠳᠡᠯᠭᠡᠷᠡᠩᠭᠦᠢ  ᠪᠠᠷ  ᠬᠦᠯᠢᠶᠡᠨ  ᠠᠪᠬᠤ  ᠬᠡᠷᠡᠭᠲᠡᠢ  ᠃         ︵ᠵᠢᠷᠭᠤᠭ᠎ᠠ︶  ᠵᠠᠰᠠᠭ  ᠤᠨ  ᠤᠷᠳᠤᠨ  ᠤ ᠢᠯᠡ  ᠪᠤᠯᠭᠠᠬᠤ  ᠴᠢᠬᠤᠯᠠᠲᠠᠢ  ᠪᠤᠰᠤᠳ  ᠵᠠᠰᠠᠭ  ᠤᠨ  ᠶᠠᠪᠤᠳᠠᠯ  ᠤᠨ  ᠰᠤᠷᠠᠭ  ᠴᠢᠮᠡᠭᠡ  ᠂  ᠵᠢᠱᠢᠶᠡᠯᠡᠪᠡᠯ   ᠵᠠᠰᠠᠭ  ᠵᠠᠬᠢᠷᠭᠠᠨ  ᠤ ᠬᠦᠨᠳᠦ  ᠴᠢᠬᠤᠯᠠ  ᠲᠤᠷᠭᠠᠭᠤᠯᠢ  ᠶᠢᠨ ᠰᠢᠢᠳᠪᠦᠷᠢ  ︔  ᠵᠠᠰᠠᠭ  ᠵᠠᠬᠢᠷᠭᠠᠨ  ᠤ  ᠲᠠᠬᠢᠨ  ᠵᠦᠪᠯᠡᠬᠦ ᠶᠢ ᠰᠢᠢᠳᠪᠦᠷᠢᠯᠡᠬᠦ  ᠪᠤᠶᠤ ᠵᠠᠰᠠᠭ  ᠵᠠᠬᠢᠷᠭᠠᠨ  ᠤ  ᠲᠠᠬᠢᠨ  ᠵᠦᠪᠯᠡᠬᠦ  ᠰᠢᠢᠳᠪᠦᠷᠢ ᠶᠢ  ᠭᠠᠷᠭᠠᠭᠰᠠᠨ  ᠪᠠᠶᠢᠳᠠᠯ  ᠂  ᠵᠠᠰᠠᠭ  ᠤᠨ  ᠤᠷᠳᠤᠨ  ᠪᠦᠲᠦᠭᠡᠭᠦ  ᠪᠠᠷ  ᠠᠮᠠᠯᠳᠤᠭᠰᠠᠨ ᠤᠴᠢᠷ ᠢᠶᠠᠨ  ᠪᠡᠶᠡᠯᠡᠭᠦᠯᠦᠭᠰᠡᠨ  ᠪᠠᠶᠢᠳᠠᠯ  ᠃           ᠵᠢᠷᠭᠤᠭ᠎ᠠ᠂   ᠵᠠᠰᠠᠭ  ᠵᠠᠬᠢᠷᠭᠠᠨ  ᠤ  ᠲᠤᠤᠷᠠᠬᠢ ᠰᠤᠷᠠᠭ  ᠴᠢᠮᠡᠭᠡ  ᠶᠢ  ᠢᠯᠡ  ᠨᠡᠶᠢᠲᠡᠯᠡᠬᠦ  ᠴᠢᠬᠤᠯᠠ ᠦᠭᠡᠢ  ᠄          ︵ᠨᠢᠭᠡ︶  ᠤᠯᠤᠰ  ᠤᠨ  ᠨᠢᠭᠤᠴᠠ  ︔          ︵ᠬᠤᠶᠠᠷ︶  ᠬᠤᠳᠠᠯᠳᠤᠭᠠᠨ  ᠤ  ᠨᠢᠭᠤᠴᠠ  ᠪᠤᠶᠤ  ᠢᠯᠡ  ᠨᠡᠶᠢᠲᠡᠯᠡᠪᠡᠯ  ᠬᠤᠳᠠᠯᠳᠤᠭᠠᠨ  ᠤ  ᠨᠢᠭᠤᠴᠠ  ᠶᠢ  ᠵᠠᠳᠠᠷᠠᠭᠤᠯᠵᠤ  ᠮᠡᠳᠡᠬᠦ  ᠵᠦᠢᠯ︔          ︵ᠭᠤᠷᠪᠡ︶  ᠬᠤᠪᠢ  ᠶᠢᠨ  ᠨᠢᠭᠤᠴᠠ  ᠪᠤᠶᠤ  ᠢᠯᠡ  ᠨᠡᠶᠢᠲᠡᠯᠡᠪᠡᠯ  ᠬᠤᠪᠢ  ᠶᠢᠨ  ᠨᠢᠭᠤᠴᠠ  ᠳᠤ  ᠬᠤᠬᠢᠷᠠᠯ ᠤᠴᠠᠷᠠᠭᠤᠯᠬᠤ    ᠵᠦᠢᠯ  ︔          ︵ᠳᠦᠷᠪᠡ︶  ᠪᠠᠶᠢᠴᠠᠭᠠᠵᠤ  ᠂  ᠶᠠᠷᠢᠯᠴᠠᠵᠤ  ᠂  ᠰᠢᠢᠳᠪᠦᠷᠢᠯᠡᠵᠦ  ᠪᠠᠶᠢᠭ᠎ᠠ  ᠵᠦᠢᠯ ᠪᠤᠶᠤ  ᠬᠠᠤᠯᠢ  ᠴᠠᠭᠠᠵᠠ  ᠂  ᠬᠠᠤᠯᠢ   ᠳᠦᠷᠢᠮ ᠤᠨ ᠪᠤᠰᠤᠳ ᠳᠤᠭᠳᠠᠭᠠᠯ ᠲᠠᠢ ᠵᠦᠢᠯ᠃         ︵ᠲᠠᠪᠤ︶  ᠵᠠᠰᠠᠭ  ᠵᠠᠬᠢᠷᠭᠠᠨ  ᠤ  ᠬᠠᠤᠯᠢ  ᠬᠡᠷᠡᠭᠵᠢᠭᠦᠯᠬᠦ   ᠲᠠᠢ  ᠬᠤᠯᠪᠤᠭᠳᠠᠯ   ᠲᠠᠢ  ᠂  ᠢᠯᠡ  ᠨᠡᠶᠢᠲᠡᠯᠡᠪᠡᠯ  ᠪᠠᠶᠢᠴᠠᠭᠠᠬᠤ᠂  ᠭᠡᠷᠡᠴᠢ  ᠤᠯᠬᠤ  ᠵᠡᠷᠭᠡ  ᠬᠠᠤᠯᠢ  ᠬᠡᠷᠡᠭᠵᠢᠭᠦᠯᠬᠦ  ᠠᠵᠢᠯᠯᠠᠭ᠎ᠠ  ᠶᠢ  ᠨᠦᠯᠦᠭᠡᠯᠡᠬᠦ  ᠪᠤᠶᠤ  ᠬᠤᠪᠢ  ᠬᠦᠮᠦᠨ  ᠤ  ᠠᠮᠢ  ᠨᠠᠰᠤᠨ  ᠤ  ᠠᠮᠤᠷ  ᠲᠦᠪᠰᠢᠨ  ᠢ  ᠰᠦᠷᠳᠡᠭᠦᠯᠬᠦ  ᠵᠦᠢᠯ︔         ︵ᠵᠢᠷᠭᠤᠭ᠎ᠠ︶  ᠤᠯᠤᠰ  ᠤᠨ  ᠨᠢᠭᠤᠴᠠ  ᠶᠢᠨ  ᠬᠦᠷᠢᠶ᠎ᠡ  ᠬᠡᠪᠴᠢᠶᠡᠨ  ᠳᠤ  ᠬᠠᠷᠢᠶᠠᠯᠠᠭᠳᠠᠬᠤ  ᠡᠰᠡᠭᠦ  ᠶᠢ  ᠬᠠᠷᠠᠬᠠᠨ  ᠲᠤᠳᠤᠷᠬᠠᠢ   ᠳᠤᠭᠲᠠᠭᠠᠭᠰᠠᠨ  ᠦᠭᠡᠢ ᠦᠶᠡᠰ ᠲᠣᠰ  ᠰᠠᠯᠠᠭ᠎ᠠ  ᠮᠦᠴᠢᠷ  ᠤᠨ  ᠭᠤᠤᠯ  ᠬᠠᠷᠢᠭᠤᠴᠠᠯᠭᠠᠲᠠᠨ  ᠤ  ᠵᠦᠪᠰᠢᠶᠡᠷᠡᠯ  ᠢ  ᠳᠠᠮᠵᠢᠭᠠᠳ  ᠲᠦᠷ  ᠠᠯᠭᠤᠷᠯᠠᠵᠤ  ᠢᠯᠡ  ᠨᠡᠶᠢᠲᠡᠯᠡᠵᠦ ᠪᠤᠯᠤᠨ᠎ᠠ  ᠃          ︵ᠲᠤᠯᠤᠭ᠎ᠠ︶  ᠬᠠᠤᠯᠢ  ᠴᠠᠭᠠᠵᠠ  ᠂  ᠬᠠᠤᠯᠢ  ᠳᠤᠭᠲᠠᠭᠠᠯ  ᠳᠤ ᠪᠠᠭᠳᠠᠭᠰᠠᠨ  ᠢᠯᠡ  ᠨᠡᠶᠢᠲᠡᠯᠡᠬᠦ  ᠴᠢᠬᠤᠯᠠ  ᠦᠭᠡᠢ  ᠪᠤᠰᠤᠳ  ᠰᠤᠷᠠᠭ  ᠵᠠᠩᠭᠢ᠃         ᠲᠤᠯᠤᠭ᠎ᠠ᠂  ᠵᠠᠰᠠᠭ  ᠤᠨ  ᠤᠷᠳᠤᠨ  ᠤ  ᠬᠦᠳᠡᠯᠦᠩᠭᠦᠢ  ᠪᠠᠷ  ᠢᠯᠡ  ᠨᠡᠶᠢᠲᠡᠯᠡᠭᠰᠡᠨ  ᠵᠠᠰᠠᠭ  ᠤᠨ  ᠶᠠᠪᠤᠳᠠᠯ  ᠤᠨ  ᠰᠤᠷᠠᠭ  ᠴᠢᠮᠡᠭᠡ ᠨᠢ  ᠡᠷᠬᠡᠪᠰᠢ  ᠲᠤᠰ  ᠰᠤᠷᠠᠭ  ᠴᠢᠮᠡᠭᠡᠨ  ᠤ  ᠤᠨᠴᠠᠯᠢᠭ  ᠲᠤ  ᠲᠤᠬᠢᠷᠠᠭᠰᠠᠨ  ᠲᠤᠤᠷᠠᠬᠢ  ᠨᠢᠭᠡ  ᠪᠤᠶᠤ  ᠬᠡᠳᠦᠨ  ᠵᠦᠢᠯ  ᠤᠨ  ᠬᠡᠯᠪᠡᠷᠢ ᠶᠢ  ᠠᠰᠢᠭᠯᠠᠵᠤ  ᠴᠠᠭ  ᠲᠤᠬᠠᠢ  ᠳᠤ ᠨᠢ  ᠢᠯᠡ  ᠨᠡᠶᠢᠲᠡᠯᠡᠬᠦ  ᠬᠡᠷᠡᠭᠲᠡᠢ᠄          ︵ᠨᠢᠭᠡ︶  ᠷᠠᠳᠢᠤ᠋᠂ ᠲᠧᠯᠸᠢᠰ  ᠵᠡᠷᠭᠡ  ᠤᠯᠠᠨ  ᠨᠡᠶᠢᠲᠡ  ᠶᠢᠨ  ᠵᠠᠭᠤᠴᠢᠯᠠᠭᠤᠷ︔          ︵ᠬᠤᠶᠠᠷ︶ ᠵᠠᠰᠠᠭ ᠤᠨ ᠤᠷᠳᠤᠨ ᠤ  ᠰᠤᠷᠠᠭ  ᠴᠢᠮᠡᠭᠡᠨ  ᠤ  ᠲᠤᠰᠬᠠᠢ  ᠪᠤᠯᠤᠩ  ᠵᠡᠷᠭᠡ︔          ︵ᠭᠤᠷᠪᠠ︶  ᠲᠤᠭᠤᠷᠢᠭ  ᠤᠨ  ᠵᠠᠰᠠᠭ  ᠤᠨ  ᠤᠷᠳᠤᠨ  ᠤ  ᠠᠯᠪᠠᠨ  ᠰᠦᠯᠵᠢᠶ᠎ᠡ  ︵ ᠰᠦᠯᠵᠢᠶᠡᠨ  ᠤ  ᠬᠠᠶ᠋ᠢᠭ᠄ http:// www.cfhs.gov.cn/︶  ;          ︵ᠳᠦᠷᠪᠡ︶ ᠵᠠᠰᠠᠭ ᠤᠨ ᠤᠷᠳᠤᠨ ᠤ ᠪᠠᠶᠢᠭᠤᠯᠤᠮᠵᠢ ᠶᠢᠨ  ᠨᠡᠭᠡᠭᠡᠭᠰᠡᠨ  ᠮᠠᠲ᠋ᠧᠷᠢᠶᠠᠯ  ᠬᠠᠶᠢᠵᠤ  ᠴᠤᠭᠯᠠᠭᠤᠯᠬᠤ  ᠭᠠᠵᠠᠷ᠂  ᠵᠠᠰᠠᠭ  ᠤᠨ  ᠤᠷᠳᠤᠨ  ᠤ  ᠰᠤᠷᠠᠭ  ᠴᠢᠮᠡᠭᠡᠨ  ᠤ  ᠪᠤᠯᠤᠩ  ᠵᠡᠷᠭᠡ  ᠠᠬᠤᠢ  ᠲᠠᠯᠠᠪᠠᠢ  ᠪᠤᠶᠤ ᠳᠦᠬᠦᠬᠡᠷᠤᠮᠵᠢ  ︔          ︵ᠲᠠᠪᠤ︶   ᠠᠷᠠᠳ  ᠤᠯᠠᠨ  ᠴᠠᠭ  ᠲᠤᠬᠠᠢ  ᠳᠤ   ᠨᠢ  ᠵᠦᠪ  ᠤᠨᠤᠪᠴᠢᠲᠠᠢ ᠰᠤᠷᠠᠭ  ᠴᠢᠮᠡᠭᠡ  ᠤᠯᠬᠤ  ᠳᠤ ᠳᠦᠭᠦᠮ  ᠦᠵᠡᠭᠦᠯᠬᠦ  ᠪᠤᠰᠤᠳ  ᠬᠡᠯᠪᠡᠷᠢ  ᠃          ᠨᠠᠢᠮᠠ᠂  ᠵᠠᠰᠠᠭ  ᠤᠨ  ᠤᠷᠳᠤᠨ  ᠤ  ᠪᠠᠶᠢᠭᠤᠯᠤᠮᠵᠢ  ᠡᠷᠬᠡᠪᠰᠢ  ᠬᠦᠳᠡᠯᠦᠩᠭᠦᠢ  ᠪᠠᠷ  ᠴᠠᠭ  ᠲᠤᠬᠠᠢ  ᠳᠤ   ᠨᠢ  ᠵᠠᠰᠠᠭ  ᠤᠨ  ᠶᠠᠪᠤᠳᠠᠯ  ᠤᠨ  ᠰᠤᠷᠠᠭ  ᠴᠢᠮᠡᠭᠡ  ᠶᠢ  ᠢᠯᠡ  ᠨᠡᠶᠢᠲᠡᠯᠡᠬᠦ  ᠬᠡᠷᠡᠭᠲᠡᠢ  ᠃          ︵ᠨᠢᠭᠡ︶  ᠲᠤᠭᠤᠷᠢᠭ  ᠤᠨ  ᠵᠠᠰᠠᠭ  ᠤᠨ  ᠤᠷᠳᠤᠨ  ᠵᠢᠴᠢ  ᠲᠡᠭᠦᠨ  ᠤ  ᠰᠠᠯᠠᠭ᠎ᠠ  ᠮᠦᠴᠢᠷ  ᠤᠨ  ᠳᠦᠷᠢᠮᠵᠢᠭᠰᠡᠨ  ᠪᠢᠴᠢᠭ  ᠮᠠᠲ᠋ᠧᠷᠢᠶᠠᠯ  ᠢ  ᠪᠠᠭᠤᠯᠭᠠᠭᠰᠠᠨ ᠤ ᠳᠠᠷᠠᠭ᠎ᠠ 7  ᠡᠳᠦᠷ  ᠤᠨ  ᠲᠤᠳᠤᠷ᠎ᠠ  ᠢᠯᠡ  ᠨᠡᠶᠢᠲᠡᠯᠡᠬᠦ  ᠬᠡᠷᠡᠭᠲᠡᠢ᠃         ︵ᠬᠤᠶᠠᠷ︶   ᠬᠦᠳᠡᠯᠦᠩᠭᠦᠢ  ᠪᠠᠷ ᠪᠤᠰᠤᠳ ᠡᠯ᠎ᠡ  ᠲᠦᠷᠦᠯ  ᠤᠨ  ᠢᠯᠡ  ᠨᠡᠶᠢᠲᠡᠯᠡᠭᠰᠡᠨ  ᠵᠠᠰᠠᠭ  ᠤᠨ  ᠶᠠᠪᠤᠳᠠᠯ  ᠤᠨ  ᠰᠤᠷᠠᠭ  ᠴᠢᠮᠡᠭᠡ  ᠶᠢ  ᠵᠠᠰᠠᠭ  ᠤᠨ ᠤᠷᠳᠤᠨ ᠤ ᠪᠠᠶᠢᠭᠤᠯᠤᠮᠵᠢ ᠨᠢ ᠲᠤᠰ ᠰᠤᠷᠠᠭ ᠴᠢᠮᠡᠭᠡ  ᠶᠢ  ᠤᠯᠤᠭᠰᠠᠨ  ᠤ  ᠳᠠᠷᠠᠭ᠎ᠠ 10  ᠡᠳᠦᠷ  ᠤᠨ  ᠲᠤᠳᠤᠷ᠎ᠠ ᠡᠷᠬᠡᠪᠰᠢ  ᠢᠯᠡ  ᠨᠡᠶᠢᠲᠡᠯᠡᠬᠦ  ᠬᠡᠷᠡᠭᠲᠡᠢ  ᠃         ᠶᠢᠰᠦ᠂  ᠵᠠᠰᠠᠭ  ᠤᠨ  ᠶᠠᠪᠤᠳᠠᠯ  ᠤᠨ  ᠰᠤᠷᠠᠭ  ᠴᠢᠮᠡᠭᠡ  ᠶᠢ  ᠢᠯᠡ  ᠨᠡᠶᠢᠲᠡᠯᠡᠬᠦ  ᠠᠵᠢᠯ  ᠢ  ᠲᠤᠭᠤᠷᠢᠭ  ᠤᠨ  ᠵᠠᠰᠠᠭ  ᠤᠨ  ᠤᠷᠳᠤᠨ  ᠤ  ᠠᠯᠪᠠᠨ  ᠭᠡᠷ ᠲᠤᠰ ᠮᠡᠳᠡᠭᠳᠡᠯ ᠤᠨ ᠵᠤᠷᠢᠭ ᠰᠠᠨᠠᠭ᠎ᠠ ᠪᠠᠷ ᠵᠤᠬᠢᠶᠠᠨ  ᠪᠠᠶᠢᠭᠤᠯᠤᠨ  ᠨᠠᠶᠢᠳᠠᠪᠤᠷᠢᠵᠢᠭᠤᠯᠵᠤ᠂  ᠲᠤᠭᠤᠷᠢᠭ  ᠤᠨ  ᠰᠠᠬᠢᠯᠭ᠎ᠠ  ᠪᠠᠲᠤ  ᠪᠠᠶᠢᠴᠠᠭᠠᠬᠤ  ᠬᠤᠷᠢᠶ᠎ᠠ ᠬᠠᠷᠢᠭᠤᠴᠠᠵᠤ  ᠬᠢᠨᠠᠯᠲᠠ  ᠲᠠᠯᠪᠢᠨ᠎ᠠ᠃         ᠠᠷᠪᠠ᠂  ᠵᠠᠰᠠᠭ  ᠤᠨ  ᠤᠷᠳᠤᠨ  ᠤ  ᠪᠠᠶᠢᠭᠤᠯᠤᠮᠵᠢ  ᠵᠠᠰᠠᠭ ᠤᠨ ᠶᠠᠪᠤᠳᠠᠯ ᠤᠨ ᠰᠤᠷᠠᠭ ᠴᠢᠮᠡᠭᠡ  ᠶᠢ ᠢᠯᠡ ᠨᠡᠶᠢᠲᠡᠯᠡᠬᠦ  ᠳᠤ ᠪᠠᠨ ᠲᠤᠤᠷᠠᠬᠢ  ᠠᠵᠢᠯᠯᠠᠭ᠎ᠠ  ᠶᠢᠨ  ᠨᠢᠬᠡ   ᠨᠢ  ᠪᠠᠶᠢᠪᠠᠯ  ᠂  ᠲᠤᠭᠤᠷᠢᠭ  ᠤᠨ  ᠵᠠᠰᠠᠭ  ᠤᠨ  ᠤᠷᠳᠤᠨ  ᠤ  ᠠᠯᠪᠠᠨ  ᠭᠡᠷ  ᠪᠤᠶᠤ  ᠲᠤᠭᠤᠷᠢᠭ  ᠤᠨ  ᠰᠠᠬᠢᠯᠭ᠎ᠠ  ᠪᠠᠲᠤ  ᠪᠠᠶᠢᠴᠠᠭᠠᠬᠤ  ᠬᠤᠷᠢᠶᠠᠨ  ᠤ  ᠪᠠᠶᠢᠴᠠᠭᠠᠬᠤ  ᠰᠠᠯᠠᠭ᠎ᠠ ᠮᠦᠴᠢᠷ  ᠬᠠᠷᠢᠭᠤᠴᠠᠨ  ᠬᠤᠭᠤᠴᠠᠭ᠎ᠠ  ᠬᠢᠵᠠᠭᠠᠷᠯᠠᠨ  ᠵᠠᠯᠠᠷᠠᠭᠤᠯᠬᠤ  ᠬᠡᠷᠡᠭᠲᠡᠢ᠃ ᠬᠤᠭᠤᠴᠠᠭ᠎ᠠ   ᠨᠢ  ᠲᠤᠯᠤᠭᠠᠳ  ᠵᠠᠯᠠᠷᠠᠭᠤᠯᠬᠤ  ᠦᠭᠡᠢ  ᠪᠤᠯ  ᠰᠢᠭᠦᠮᠵᠢᠯᠡᠨ  ᠳᠤᠩᠭᠤᠳᠬᠤ  ᠬᠡᠷᠡᠭᠲᠡᠢ  ᠄          ︵ᠨᠢᠭᠡ︶   ᠢᠯᠡ  ᠨᠡᠶᠢᠲᠡᠯᠡᠬᠦ  ᠡᠭᠦᠷᠭᠡ  ᠪᠠᠨ  ᠬᠦᠳᠡᠯᠦᠩᠭᠦᠢ ᠪᠡᠶᠡᠯᠡᠭᠦᠯᠬᠦ  ᠦᠬᠡᠢ  ᠂  ᠢᠯᠡ  ᠨᠡᠶᠢᠲᠡᠯᠡᠬᠦ  ᠠᠭᠤᠯᠭ᠎ᠠ   ᠪᠠᠨ  ᠴᠠᠭ  ᠲᠤᠬᠠᠢ  ᠳᠤ   ᠨᠢ  ᠰᠢᠨᠡᠳᠬᠡᠬᠦ  ᠦᠭᠡᠢ  ︔          ︵ᠬᠤᠶᠠᠷ︶  ᠬᠠᠤᠯᠢ  ᠴᠠᠭᠠᠵᠠ  ᠶᠢᠨ  ᠨᠦᠬᠦᠴᠡᠯ  ᠳᠤ  ᠨᠡᠶᠢᠴᠡᠭᠰᠡᠨ  ᠡᠷᠡᠮᠡᠯᠵᠢᠯᠡᠭᠴᠢ ᠳᠤ  ᠵᠠᠰᠠᠭ  ᠤᠨ  ᠶᠠᠪᠤᠳᠠᠯ  ᠤᠨ  ᠰᠤᠷᠠᠭ  ᠴᠢᠮᠡᠭᠡ  ᠶᠢ ᠢᠯᠡ ᠨᠡᠶᠢᠳᠡᠯᠡᠬᠦ ᠦᠬᠡᠢ ᠪᠤᠶᠤ ᠨᠢᠭᠤᠨ ᠳᠠᠯᠳᠠᠯᠠᠬᠤ  ︔          ︵ᠭᠤᠷᠪᠡ︶  ᠵᠠᠰᠠᠭ  ᠤᠨ  ᠶᠠᠪᠤᠳᠠᠯ  ᠤᠨ  ᠰᠤᠷᠠᠭ  ᠴᠢᠮᠡᠭᠡ  ᠶᠢ  ᠢᠯᠡ  ᠨᠡᠶᠢᠲᠡᠯᠡᠪᠡᠯ  ᠭᠤᠷᠪᠠᠳᠤᠭᠠᠷ  ᠡᠲᠡᠭᠡᠳ  ᠤᠨ  ᠬᠠᠤᠯᠢ  ᠶᠤᠰᠤᠨ  ᠤ  ᠡᠷᠬᠡ  ᠠᠰᠢᠭ  ᠢ  ᠬᠤᠬᠢᠷᠠᠭᠤᠯᠬᠤ  ︔          ︵ᠳᠦᠷᠪᠡ︶    ᠡᠷᠡᠮᠡᠯᠵᠡᠯᠡᠯ ᠳᠡᠪᠰᠢᠬᠦᠯᠵᠦ ᠪᠦᠬᠦᠢ ᠲᠤᠰ  ᠬᠦᠮᠦᠨ ᠰᠤᠷᠠᠭ  ᠴᠢᠮᠡᠭᠡ  ᠪᠠᠨ ᠬᠠᠤᠯᠢ  ᠶᠤᠰᠤᠭᠠᠷ  ᠵᠠᠯᠠᠷᠠᠭᠤᠯᠬᠤ ᠶᠢ ᠳᠡᠪᠴᠢᠬᠦ  ︔          ︵ᠲᠠᠪᠤ︶  ᠳᠤᠭᠲᠠᠭᠠᠯ  ᠢ  ᠵᠦᠷᠢᠴᠡᠨ  ᠰᠦᠢᠳᠬᠡᠯ  ᠬᠤᠷᠢᠶᠠᠭᠰᠠᠨ  ᠃         ᠠᠷᠪᠠᠨ  ᠨᠢᠭᠡ  ᠂  ᠲᠤᠭᠤᠷᠢᠭ  ᠤᠨ  ᠵᠠᠰᠠᠭ  ᠤᠨ  ᠤᠷᠳᠤᠨ  ᠤ  ᠠᠯᠪᠠᠨ  ᠭᠡᠷ  ᠬᠢᠨᠠᠯᠲᠠ  ᠲᠠᠯᠪᠢᠬᠤ  ᠰᠠᠯᠠᠭ᠎ᠠ  ᠮᠦᠴᠢᠷ  ᠤᠨ  ᠬᠠᠮᠲᠤ  ᠵᠠᠰᠠᠭ  ᠤᠨ  ᠤᠷᠳᠤᠨ  ᠤ  ᠪᠠᠶᠢᠭᠤᠯᠤᠮᠵᠢ  ᠶᠢᠨ  ᠵᠠᠰᠠᠭ  ᠤᠨ  ᠶᠠᠪᠤᠳᠠᠯ  ᠤᠨ  ᠰᠤᠷᠠᠭ  ᠴᠢᠮᠡᠭᠡ  ᠶᠢ  ᠢᠯᠡ  ᠪᠤᠯᠭᠠᠭᠰᠠᠨ   ᠪᠠᠶᠢᠳᠠᠯ  ᠢ ᠳᠤᠭᠲᠠᠮᠠᠯ  ᠬᠤᠭᠤᠴᠠᠭ᠎ᠠ   ᠲᠠᠢ  ᠪᠤᠶᠤ ᠳᠤᠭᠲᠠᠮᠠᠯ ᠪᠤᠰᠤ  ᠬᠤᠭᠤᠴᠠᠭ᠎ᠠ   ᠲᠠᠢ  ᠪᠠᠶᠢᠴᠠᠭᠠᠨ᠎ᠠ᠃   ᠵᠠᠰᠠᠭ  ᠤᠨ  ᠶᠠᠪᠤᠳᠠᠯ  ᠤᠨ  ᠰᠤᠷᠠᠭ  ᠴᠢᠮᠡᠭᠡ  ᠶᠢ  ᠠᠰᠠᠭᠤᠨ  ᠯᠠᠪᠯᠠᠬᠤ  ᠤᠲᠠᠰᠤ  ︵0476 —8247459︶ ᠪᠠ ᠢᠯᠡᠴᠢᠯᠡᠨ ᠮᠡᠳᠡᠬᠦᠯᠬᠦ ᠤᠳᠠᠰᠤ ᠶᠢ ᠳᠤᠬᠢᠷᠠᠭᠤᠯᠵᠤ᠂  ᠵᠠᠰᠠᠭ  ᠤᠨ  ᠤᠷᠳᠤᠨ  ᠤ  ᠪᠠᠶᠢᠭᠤᠯᠤᠮᠵᠢ  ᠶᠢᠨ  ᠵᠠᠰᠠᠭ  ᠤᠨ  ᠶᠠᠪᠤᠳᠠᠯ  ᠢ  ᠢᠯᠡ  ᠪᠤᠯᠭᠠᠬᠤ  ᠠᠵᠢᠯ  ᠳᠤ  ᠬᠢᠨᠠᠯᠲᠠ  ᠲᠠᠯᠪᠢᠬᠤ ᠶᠢ  ᠴᠢᠩᠭᠠᠳᠬᠠᠨ᠎ᠠ᠃          ᠠᠷᠪᠠᠨ ᠬᠤᠶᠠᠷ᠂  ᠲᠤᠰ  ᠳᠤᠭᠲᠠᠭᠠᠯ  ᠢ  ᠲᠤᠭᠤᠷᠢᠭ  ᠤᠨ  ᠵᠠᠰᠠᠭ  ᠤᠨ  ᠤᠷᠳᠤᠨ  ᠤ  ᠠᠯᠪᠠᠨ  ᠭᠡᠷ  ᠬᠠᠷᠢᠭᠤᠴᠠᠨ  ᠲᠠᠶᠢᠯᠪᠤᠷᠢᠯᠠᠨ᠎ᠠ᠃          ᠠᠷᠪᠠᠨ  ᠭᠤᠷᠪᠠ  ᠂  ᠲᠤᠰ  ᠲᠤᠭᠲᠠᠭᠠᠯ  ᠢ  ᠨᠡᠶᠢᠲᠡᠯᠡᠭᠰᠡᠨ  ᠡᠳᠦᠷ ᠠᠴᠠ  ᠡᠬᠢᠯᠡᠨ  ᠬᠡᠷᠡᠭᠵᠢᠭᠦᠯᠦᠨ᠎ᠡ᠃                                                        
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号