ᠭᠠᠵᠠᠷ  ᠤᠷᠤᠨ  ᠤ  ᠡᠬᠢ  ᠪᠠᠶᠠᠯᠢᠭ
ᠨᠡᠶᠢᠲᠡᠯᠡᠭᠰᠡᠨ ᠴᠠᠭ᠄
2015/7/27
                                                ᠬᠤᠩ  ᠱᠠᠨ ᠲᠤᠭᠤᠷᠢᠭ ᠨᠢ ᠦᠪᠦᠷ  ᠮᠤᠩᠭᠤᠯ  ᠤᠨ  ᠦᠪᠡᠷᠳᠡᠭᠡᠨ  ᠵᠠᠰᠠᠬᠤ  ᠤᠷᠤᠨ  ᠤ   ᠵᠡᠭᠦᠨ  ᠬᠡᠰᠡᠭ  ᠂ ᠤᠯᠠᠭᠠᠨᠬᠠᠳᠠ  ᠬᠤᠳᠠ ᠶᠢᠨ  ᠡᠮᠦᠨ᠎ᠡ  ᠬᠡᠰᠡᠭ  ᠲᠤ  ᠪᠠᠶᠢᠷᠢᠯᠠᠵᠤ᠂ ᠪᠦᠬᠦ  ᠬᠤᠲᠠ  ᠶᠢᠨ  ᠤᠯᠤᠰ  ᠲᠦᠷᠦ  ᠂ ᠠᠵᠤ  ᠠᠬᠤᠢ ᠂ ᠰᠤᠶᠤᠯ  ᠤᠨ ᠲᠦᠪ ᠪᠤᠯᠬᠤ ᠪᠦᠬᠡᠳ ᠦᠨᠢ  ᠤᠳᠠᠭᠠᠨ ᠲᠡᠦᠬᠡ   ᠲᠠᠢ᠂  ᠳᠠᠶᠠᠩ ᠳᠤ ᠠᠯᠳᠠᠷᠰᠢᠭᠰᠠᠨ ︿︿ᠬᠤᠩ  ᠱᠠᠨ ᠰᠤᠶᠤᠯ  ﹀﹀ ᠤᠨ ᠦᠯᠦᠬᠡᠢ ᠶᠤᠮ᠃ ᠬᠤᠩ ᠱᠠᠨ ᠲᠤᠭᠤᠷᠢᠭ ᠨᠢ ᠵᠡᠭᠦᠨ  ᠬᠤᠶᠢᠳᠦ  ᠤᠷᠤᠨ  ᠳᠤ ᠪᠠᠶᠢᠷᠢᠯᠡᠵᠦ᠂ ᠤᠮᠠᠷᠠᠲᠦ ᠤᠷᠤᠨ ᠤ ᠬᠤᠶᠠᠷ  ᠶᠡᠭᠡ  ᠠᠵᠤ  ᠠᠬᠤᠢ  ᠶᠢᠨ ᠪᠦᠰᠡ ᠶᠢᠨ ᠠᠭᠤᠯᠵᠠᠷ ᠲᠤ  ᠪᠠᠶᠢᠵᠦ᠂ ᠪᠡᠭᠡᠵᠢᠩ᠂ ᠲᠢᠶᠠᠨᠵᠢᠨ᠂ ᠮᠦᠭᠳᠡᠨ ᠪᠠ ᠪᠦᠸᠧᠬᠠᠢ  ᠲᠠᠩᠭᠢᠰ ᠤᠨ  ᠡᠷᠭᠢ  ᠳᠠᠭᠠᠤ ᠬᠤᠳᠠ  ᠠᠴᠠ ᠪᠠᠷᠤᠭ 500 ᠺᠢᠯᠤᠮᠧᠲᠷ ᠵᠠᠶᠢᠲᠠᠢ ᠪᠠᠶᠢᠵᠤ᠂ ᠲᠡᠮᠦᠷ ᠵᠠᠮ ᠨᠢ  ᠪᠡᠭᠡᠵᠢᠩ᠂ ᠬᠦᠬᠡᠬᠤᠳᠠ᠂  ᠴᠧᠩᠳᠧ᠂  ᠮᠦᠭᠳᠡᠨ᠂ ᠳ᠋ᠠᠯᠢᠶᠠᠨ᠂ ᠬᠠᠶᠢᠯᠠᠷ᠂ ᠵᠢᠨᠵᠸᠦ ᠵᠡᠷᠭᠡ  ᠬᠤᠳᠠ ᠳᠤ ᠰᠢᠭᠤᠳ ᠨᠡᠪᠳᠡᠷᠡᠵᠦ᠂  ᠠᠭᠠᠷ ᠠᠶᠠᠯᠠᠯ ᠨᠢ ᠪᠡᠭᠡᠵᠢᠩ ᠂ ᠬᠦᠬᠡᠬᠤᠳᠠ ᠳᠤ ᠰᠢᠭᠤᠳ ᠨᠡᠪᠳᠡᠷᠡᠳᠡᠭ ᠪᠦᠬᠡᠳ ᠳᠦᠷᠪᠡᠨ  ᠵᠦᠭ  ᠨᠠᠢᠮᠠᠨ ᠵᠤᠪᠬᠢᠰ  ᠲᠤ ᠨᠡᠪᠳᠡᠷᠡᠭᠰᠡᠨ ᠵᠠᠰᠠᠮᠠᠯ  ᠵᠠᠮ   ᠨᠢ ᠵᠡᠭᠦᠨ ᠬᠤᠶᠢᠳᠦ ᠤᠷᠤᠨ᠂ ᠤᠮᠠᠷᠠᠳᠦ ᠤᠷᠤᠨ ᠪᠠ ᠦᠪᠦᠷ  ᠮᠤᠩᠭᠤᠯ ᠤᠨ  ᠪᠠᠷᠠᠭᠤᠨ  ᠬᠡᠰᠡᠭ ᠢ ᠬᠤᠯᠪᠤᠳᠠᠭ ᠴᠢᠬᠤᠯᠨ ᠵᠠᠮ ᠬᠠᠷᠢᠯᠴᠠᠭᠠᠨ ᠤ ᠭᠦᠢᠰᠦ ᠪᠤᠯᠪᠠ᠃  ᠵᠡᠷᠭᠡᠯᠡᠳᠡᠭᠡ ᠤᠷᠤᠰᠢᠭ᠎ᠠ ᠬᠤᠰᠢᠭᠤ ᠰᠢᠶᠠᠨ ᠳᠤ ᠨᠢ ᠴᠢᠯᠠᠭᠤᠨ ᠲᠤᠰᠤ᠂ ᠦᠩᠭᠡᠲᠦ ᠲᠡᠮᠦᠷᠯᠢᠭ ᠤᠨ ᠡᠯᠪᠡᠭ ᠪᠠᠶᠠᠯᠢᠭ ᠠᠭᠤᠷᠬᠠᠢ ᠶᠢᠨ ᠰᠤᠷᠪᠤᠯᠵᠢ ᠲᠠᠢ᠃ ᠬᠤᠳᠠ ᠶᠢᠨ ᠲᠤᠭᠤᠷᠢᠭ ᠲᠤ ᠲᠦᠪ ᠤᠨ᠂ ᠤᠷᠤᠨ ᠤ ᠂ ᠬᠤᠳᠠ ᠶᠢᠨ ᠬᠠᠷᠢᠶ᠎ᠠ ᠪᠦᠬᠦᠢ ᠲᠤᠮᠳᠠ ᠲᠤᠮᠤ ᠬᠡᠯᠪᠡᠷᠢ ᠶᠢᠨ ᠵᠠᠭᠤ ᠢᠯᠡᠭᠦᠦ ᠠᠵᠤ ᠠᠬᠤᠶᠢᠯᠠᠯ ᠪᠠ  ᠨᠢᠭᠡ ᠪᠦᠯᠦᠭ ᠰᠤᠳᠤᠯᠭᠠᠨ ᠤ ᠪᠠᠶᠢᠭᠤᠯᠭ᠎ᠠ ᠪᠤᠶᠤ ᠶᠡᠭᠡ ᠳᠡᠬᠡᠳᠦ ᠲᠤᠰᠬᠠᠢ ᠮᠡᠷᠭᠡᠵᠢᠯ ᠤᠨ ᠰᠤᠷᠭᠠᠭᠤᠯᠢ ᠲᠦᠪᠯᠡᠷᠡᠵᠦ᠂ ᠦᠷᠭᠡᠨ ᠳᠡᠯᠬᠡᠷ  ᠰᠢᠨᠵᠢᠯᠡᠭᠡ ᠮᠡᠷᠬᠡᠵᠢᠯ ᠪᠤᠯᠤᠨ ᠰᠤᠷᠠᠭ ᠴᠢᠮᠡᠭᠡᠨ  ᠤ  ᠡᠬᠢ ᠰᠤᠷᠪᠤᠯᠵᠢ   ᠲᠠᠢ᠃            ᠬᠤᠩ ᠱᠠᠨ ᠲᠤᠭᠤᠷᠢᠭ ᠤᠨ ᠭᠠᠶᠢᠯᠢ ᠪᠠᠳᠤᠯᠠᠬᠤ ᠪᠠᠷᠠᠭᠠᠨ ᠤ ᠬᠦᠢᠯᠬᠡᠬᠡᠨ ᠤ ᠲᠦᠪ  ᠪᠤᠯ  ᠦᠪᠡᠷᠳᠡᠭᠡᠨ‌ᠵᠠᠰᠠᠬᠤ ᠤᠷᠤᠨ ᠤ ᠠᠩᠬᠠᠳᠠᠭᠴᠢ ᠭᠠᠶᠢᠯᠢ  ᠪᠠᠳᠤᠯᠠᠬᠤ ᠪᠠᠷᠠᠭᠠᠨ ᠤ ᠬᠦᠢᠯᠬᠡᠬᠡᠨ ᠤ ᠲᠦᠪ ᠮᠦᠨ᠃ ᠶᠡᠷᠦᠩᠬᠡᠢ  ᠲᠦᠯᠦᠪᠵᠢᠭᠦᠯᠭᠡ  ᠶᠢᠨ ᠲᠠᠯᠠᠪᠠᠢ ᠨᠢ  1.43  ᠲᠡᠭᠰᠢ  ᠲᠦᠷᠪᠡᠯᠵᠢᠨ  ᠺᠢᠯᠤᠮᠧᠲᠷ ᠪᠠᠶᠢᠵᠤ  ᠂ 2014  ᠤᠨ ᠤ 9  ᠰᠠᠷ᠎ᠠ  ᠶᠢᠨ 12 ᠲᠤ ᠵᠢᠩᠬᠢᠨᠢ ᠪᠠᠷ  ᠪᠤᠭᠤᠮᠲᠠ  ᠪᠢᠲᠡᠭᠦᠮᠵᠢᠯᠡᠵᠦ ᠡᠵᠡᠩᠨᠡᠯᠲᠡ ᠳᠤ ᠤᠷᠤᠵᠠᠢ᠃ ᠤᠳᠤᠬᠠᠨ ᠳᠤ ᠪᠦᠳᠦᠭᠡᠨ ᠪᠠᠶᠢᠭᠤᠯᠵᠤ  ᠳᠠᠭᠤᠰᠬᠠᠭᠰᠠᠨ ᠨᠢᠭᠡᠳᠦᠭᠡᠷ  ᠬᠤᠭᠤᠴᠠᠭᠠᠨ ᠤ ᠲᠠᠯᠠᠪᠠᠢ  0.18  ᠲᠡᠭᠰᠢ  ᠳᠦᠷᠪᠡᠯᠵᠢᠨ  ᠺᠢᠯᠤᠮᠧᠲᠷ ᠲᠤ ᠬᠦᠷᠴᠦ  ᠂ 3.2  ᠲᠦᠮᠡᠨ ᠲᠡᠭᠰᠢ  ᠲᠦᠷᠪᠡᠯᠵᠢᠨ  ᠺᠢᠯᠤᠮᠧᠲᠷ ᠲᠠᠯᠠᠪᠠᠢ ᠲᠠᠢ ᠭᠠᠶᠢᠯᠢ ᠪᠠᠳᠤᠯᠠᠬᠤ 6 ᠬᠦᠮᠦᠷᠭᠡ  ᠂ 2 ᠳᠦᠮᠡᠨ‌‍ᠲ᠋ᠡᠭᠰᠢ ᠳᠦᠷᠪᠡᠯᠵᠢᠨ ᠺᠢᠯᠤᠮᠧᠲᠷ  ᠲᠠᠯᠠᠪᠠᠢ ᠲᠠᠢ ᠬᠤᠶᠠᠷ ᠰᠠᠭᠤᠷᠢ ᠬᠤᠷᠢᠶᠠᠵᠤ ᠬᠠᠳᠠᠭᠠᠯᠠᠬᠤ  ᠭᠠᠵᠠᠷ ᠪᠠᠶᠢᠭᠤᠯᠵᠦ᠂ ᠭᠠᠳᠠᠭᠠᠳᠤ ᠠᠴᠠ ᠤᠷᠤᠭᠤᠯᠵᠤ  ᠭᠠᠷᠭᠠᠬᠤ  ᠪᠠᠷᠠᠭ᠎ᠠ ᠶᠢᠨ ᠵᠢᠯ ᠤᠨ ᠶᠡᠷᠦᠩᠬᠡᠢ  ᠬᠡᠮᠵᠢᠶ᠎ᠡ  ᠪᠠᠷᠤᠭ 30 - 50  ᠲᠦᠮᠡᠨ  ᠲᠤᠨ   ᠳᠤ ᠭᠦᠷᠪᠡ᠃  ᠭᠠᠶᠢᠯᠢ ᠪᠠᠳᠤᠯᠠᠬᠤ ᠪᠠᠷᠠᠭᠠᠨ ᠤ ᠭᠦᠢᠯᠭᠡᠭᠡᠨ ᠤ ᠲᠦᠪ ᠡᠵᠡᠩᠨᠡᠯᠳᠡ ᠳᠤ  ᠤᠷᠤᠭᠰᠡᠨ ᠤ ᠳᠠᠷᠠᠭ᠎ᠠ᠂ ᠨᠢᠬᠡ ᠲᠠᠯ᠎ᠠ ᠪᠠᠷ  ᠮᠡᠨ  ᠤ  ᠬᠤᠳᠠ ᠶᠢᠨ ᠠᠭᠤᠷᠬᠠᠢ  ᠶᠢᠨ  ᠪᠦᠳᠦᠭᠡᠭᠳᠡᠭᠦᠨ᠂ ᠡᠮ  ᠡᠮᠨᠡᠯᠭᠡ᠂ ᠬᠢᠮᠢ ᠶᠢᠨ ᠠᠵᠤ ᠦᠢᠯᠡᠳᠪᠤᠷᠢ  ᠂ ᠨᠡᠬᠡᠮᠡᠯ  ᠂ ᠲᠡᠮᠦᠷᠯᠢᠭ ᠪᠤᠯᠪᠠᠰᠤᠷᠠᠭᠤᠯᠬᠤ᠂ ᠠᠮᠤ ᠪᠤᠳᠠᠭ᠎ᠠ᠂ ᠭᠡᠷ ᠤᠨ ᠲᠡᠵᠢᠭᠡᠪᠦᠷᠢ ᠵᠡᠷᠭᠡ ᠪᠦᠳᠦᠭᠡᠭᠳᠡᠭᠦᠨ ᠢ ᠤᠷᠤᠭᠤᠯᠵᠤ ᠭᠠᠷᠭᠠᠬᠤ ᠳᠠᠭᠠᠨ ᠲᠢᠶᠠᠨᠵᠢᠨ᠂ ᠵᠢᠨᠵᠸᠦ ᠵᠡᠷᠭᠡ ᠳᠠᠯᠠᠢ ᠳᠠᠭᠠᠤ ᠤᠷᠤᠨ ᠤ ᠭᠠᠷᠠᠮ ᠳᠤ ᠲᠠᠬᠢᠵᠤ ᠲᠦᠰᠢᠭᠯᠡᠬᠦ  ᠦᠭᠡᠢ  ᠪᠤᠯᠬᠤ ᠶᠢ ᠪᠠᠳᠤᠯᠠᠭᠰᠡᠨ ᠮᠦᠷᠳᠡᠭᠡᠨ  ᠤᠷᠤᠭᠤᠯᠵᠦ ᠭᠠᠷᠭᠠᠬᠤ  ᠲᠤᠬᠠᠶᠢᠯᠠᠭᠰᠡᠨ  ᠠᠵᠢᠯ ᠦᠢᠯᠡᠰ ᠤᠨ  ᠬᠡᠪᠴᠢᠶ᠎ᠡ ᠤᠯᠠᠮ ᠨᠢᠭᠡ ᠠᠯᠬᠤᠮ ᠦᠷᠭᠡᠵᠢᠬᠦ  ᠳᠤ ᠰᠡᠲᠡᠯᠲᠡ ᠦᠭᠴᠠᠢ  ︔ ᠨᠦᠭᠦᠭᠡ ᠲᠠᠯ᠎ᠠ ᠪᠠᠷ᠂ ᠡᠷᠭᠢᠨ  ᠲᠤᠭᠤᠷᠢᠨ ᠤ ᠮᠤᠵᠢ ᠬᠤᠲᠠ  ᠵᠢᠴᠢ  ᠤᠯᠠᠨ ᠤᠯᠤᠰ ᠤᠨ ᠤᠷᠤᠭᠤᠯᠤᠯᠳᠠ ᠭᠠᠷᠭᠠᠯᠳᠠ ᠶᠢᠨ ᠡᠬᠢ ᠪᠠᠶᠠᠯᠢᠭ ᠤᠨ ᠬᠤᠷᠠᠮᠳᠤᠯ ᠢ ᠵᠠᠶᠢᠯᠠᠰᠢ ᠦᠭᠡᠢ ᠰᠢᠩᠭᠡᠭᠡᠨ᠂ ᠵᠡᠭᠦᠨ ᠬᠤᠶᠢᠲᠦ ᠠᠽᠢᠶ᠎ᠡ ᠳᠤ ᠬᠠᠨᠳᠤᠭᠰᠡᠨ ᠤᠯᠠᠨ ᠤᠯᠤᠰ ᠤᠨ ᠪᠠᠷᠠᠭᠠᠨ ᠤ ᠰᠤᠯᠢᠯᠴᠠᠭ᠎ᠠ᠂ ᠡᠯᠧᠺᠲᠷᠣᠨ ᠬᠤᠳᠠᠯᠳᠤᠭᠠᠨ ᠤ ᠶᠠᠪᠤᠳᠠᠯ ᠤᠨ  ᠦᠷᠨᠢᠯᠲᠡ ᠶᠢ ᠦᠷᠭᠡᠳᠭᠡᠬᠦ ᠳᠤ ᠠᠰᠢᠭᠲᠠᠢ  ᠃    
 
ᠢᠷᠡᠯᠲᠡ᠄ ᠬᠤᠩ ᠱᠠᠨ ᠲᠤᠭᠤᠷᠢᠭ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号