ᠨᠠᠰᠦᠨ ᠤ ᠠᠮᠠᠷᠠᠯᠲᠠ ᠠᠪᠬᠤ ᠨᠠᠰᠦ ᠵᠢᠯ ᠢ ᠬᠤᠶᠢᠰᠢᠯᠠᠭᠤᠯᠬᠤ ᠲᠤᠬᠠᠢ ᠮᠡᠲᠡᠭᠡ ᠶᠢ ᠪᠤᠷᠤᠭᠤ ᠪᠠᠷ ᠤᠶᠢᠯᠠᠭᠠᠵᠤ ᠪᠤᠯᠬᠤ  ᠦᠭᠡᠢ ︵ᠠᠷᠠᠳ ᠤᠨ ᠠᠮᠢᠲᠤᠷᠠᠯ ᠤᠨ ᠦᠵᠡᠯᠲᠡ︶
ᠨᠡᠶᠢᠲᠡᠯᠡᠭᠰᠡᠨ ᠴᠠᠭ᠄
2015/11/19
      ᠤᠯᠤᠰ ᠤᠨ ᠳᠡᠰ ᠳᠠᠪᠬᠤᠷᠭ᠎ᠠ ᠠᠴᠠ ᠦᠵᠡᠪᠡᠯ᠂ ᠨᠠᠰᠦᠨ ᠤ ᠠᠮᠠᠷᠠᠯᠲᠠ ᠠᠪᠬᠤ ᠨᠠᠰᠦ ᠵᠢᠯ ᠢ ᠬᠤᠶᠢᠰᠢᠯᠠᠭᠤᠯᠬᠤ ᠨᠢ ᠠᠵᠤ ᠠᠬᠤᠢ ᠶᠢᠨ ᠬᠦᠭᠵᠢᠯᠲᠠ ᠶᠢᠨ ᠬᠦᠲᠡᠯᠮᠦᠷᠢ ᠬᠦᠴᠦᠨ ᠤ ᠬᠠᠩᠭᠠᠯᠭ᠎ᠠ ᠶᠢ ᠨᠡᠮᠡᠭᠲᠡᠬᠦᠯᠦᠨ᠎ᠡ︔ ᠨᠡᠶᠢᠭᠡᠮ ᠤᠨ ᠳᠠᠰ ᠲᠠᠪᠬᠤᠷᠭ᠎ᠠ ᠠᠴᠠ ᠦᠵᠡᠪᠡᠯ᠂ ᠢᠷᠡᠭᠡᠳᠦᠢ ᠶᠢᠨ ᠨᠠᠰᠤᠵᠢᠯ ᠤᠨ ᠠᠰᠠᠷᠠᠮᠵᠢ  ᠳᠤ ᠳᠦᠯᠦᠬᠦ ᠴᠢᠲᠠᠪᠤᠷᠢ ᠨᠡᠮᠡᠭᠲᠡᠬᠦᠯᠬᠦ ᠪᠤᠯᠤᠨ᠎ᠠ᠃             ᠬᠦᠮᠦᠨ ᠤ ᠬᠦᠴᠦᠨ ᠤ ᠡᠬᠢ ᠪᠠᠶᠠᠯᠢᠭ ᠪᠤᠯᠤᠨ ᠨᠡᠶᠢᠭᠡᠮ ᠤᠨ ᠪᠠᠲᠤᠯᠠᠭ᠎ᠠ ᠶᠢᠨ ᠶᠠᠮᠤᠨ ᠤ ᠰᠠᠶᠢᠳ ᠶᠢᠨ ᠸᠧᠢ ᠮᠢᠨ ᠲᠦᠷᠦᠭᠦᠬᠡᠨ ᠬᠡᠯᠡᠭᠰᠡᠨ ᠨᠢ᠂ ᠮᠠᠨ ᠤ ᠣᠯᠣᠰ ᠪᠤᠯ ᠤᠳᠤᠬᠠᠨ ᠳᠤ ᠳᠡᠯᠡᠬᠡᠢ ᠲᠡᠭᠡᠷᠡᠬᠢ ᠨᠠᠰᠦᠨ ᠤ ᠠᠮᠠᠷᠠᠯᠲᠠ ᠠᠪᠬᠤ ᠨᠠᠰᠦ ᠬᠠᠮᠤᠭ ᠤᠨ ᠡᠷᠲᠡ ᠪᠠᠶᠢᠭ᠎ᠠ ᠤᠯᠤᠰ ᠮᠥᠨ᠂ ᠡᠶᠢᠮᠦ ᠳᠤ ᠠᠭᠠᠵᠢᠮ ᠢᠶᠠᠷ ᠤᠷᠤᠭᠰᠢᠯᠠᠭᠤᠯᠬᠤ ᠮᠠᠶ᠋ᠢᠭ ᠤᠨ ᠨᠠᠰᠦᠨ ᠤ ᠠᠮᠠᠷᠠᠯᠲᠠ ᠠᠪᠬᠤ ᠨᠠᠰᠦ ᠵᠢᠯ ᠢ ᠬᠤᠶᠢᠰᠢᠯᠠᠭᠤᠯᠬᠤ ᠳᠦᠷᠦ ᠶᠢᠨ ᠪᠤᠲᠤᠯᠭ᠎ᠠ ᠶᠢ ᠲᠤᠭᠲᠠᠭᠠᠬᠤ ᠬᠡᠷᠡᠭᠲᠡᠢ ᠭᠡᠵᠡᠢ᠃ ᠡᠨᠡᠬᠦ ᠦᠭᠡ ᠤᠯᠠᠮᠵᠢᠯᠠᠬᠲᠠᠮᠠᠭᠴᠠ ᠶᠡᠭᠡ ᠤᠯᠠᠨ ᠶᠠᠷᠢᠶ᠎ᠠ ᠬᠡᠯᠡᠯᠴᠡᠭᠡ ᠡᠬᠦᠰᠭᠡᠭᠰᠡᠨ ᠪᠠᠶᠢᠨ᠎ᠠ᠃ ᠴᠦᠭᠡᠨ ᠪᠤᠰᠦ ᠬᠦᠮᠦᠨ ᠡᠬᠦᠨ ᠢ ᠡᠰᠡᠷᠬᠦᠴᠠᠵᠤ ᠪᠤᠢ᠃ ᠦᠨᠡᠨ ᠢ ᠬᠡᠯᠡᠪᠡᠯ᠂ ᠢᠩᠬᠢᠬᠦ ᠨᠢ ᠦᠨᠡᠨ ᠳᠡᠭᠡᠨ ᠤᠯᠠᠨ ᠤ ᠦᠨᠳᠦᠰᠦᠨ ᠠᠰᠢᠭ ᠲᠤᠰᠠ ᠶᠢᠨ ᠳᠦᠯᠦᠭᠡ ᠶᠤᠮ ᠭᠡᠲᠡᠭ ᠢ ᠪᠤᠰᠤᠳᠴᠢ ᠪᠠᠷ ᠵᠠᠲᠠᠯᠵᠤ ᠦᠵᠡᠭᠰᠡᠭᠡᠷ ᠮᠡᠳᠡᠴᠢᠬᠡᠬᠦ ᠶᠤᠮ᠃ ᠶᠠᠭᠤᠨ ᠳᠤ ᠢᠩᠬᠢᠵᠦ ᠬᠡᠯᠡᠬᠦ ᠪᠤᠢ︖             ᠮᠠᠨ ᠤ ᠣᠯᠣᠰ ᠤᠲᠤ ᠨᠢᠭᠡᠨᠳᠡ ᠨᠠᠰᠤᠵᠢᠬᠰᠠᠨ ᠨᠡᠶᠢᠭᠡᠮ ᠳᠤ ᠤᠷᠤᠵᠤ᠂ ᠨᠠᠰᠤᠵᠢᠯ ᠤᠨ ᠠᠰᠠᠷᠠᠮᠵᠢ ᠶᠢᠨ ᠠᠰᠠᠭᠤᠲᠠᠯ ᠡᠳᠦᠷ ᠢᠷᠡᠬᠦᠶ᠎ᠡ ᠬᠡᠴᠡᠬᠦᠦ ᠪᠤᠯᠵᠤ ᠪᠠᠶᠢᠨ᠎ᠠ᠃ ᠪᠤᠲᠠᠳᠦ ᠬᠡᠷᠡᠭ ᠢᠯᠡᠭᠡᠨ ᠪᠠᠶᠢᠭ᠎ᠠ ᠶᠤᠮ᠂ ᠳᠤᠬᠠᠶᠢᠯᠠᠪᠠᠯ ᠵᠠᠯᠠᠭᠤ ᠬᠦᠮᠦᠨ ᠶᠠᠪᠤᠬᠤ ᠳᠤᠳᠤᠮ ᠴᠦᠭᠡᠷᠡᠵᠦ᠂ ᠨᠠᠰᠤᠳᠠᠢ ᠬᠦᠮᠦᠨ ᠤᠯᠠᠮ ᠢᠶᠠᠷ ᠤᠯᠠᠰᠢᠷᠠᠵᠤ ᠪᠠᠶᠢᠨ᠎ᠠ︔ ᠵᠤᠭᠤᠰ ᠤᠯᠲᠠᠭ ᠬᠦᠮᠦᠨ ᠤᠯᠠᠮ ᠠᠴᠠ ᠤᠯᠠᠮ ᠴᠦᠭᠡᠨ ᠪᠤᠯᠵᠤ᠂ ᠵᠤᠭᠤᠰ ᠵᠠᠷᠤᠲᠠᠭ ᠬᠦᠮᠦᠨ ᠤᠯᠠᠮ ᠠᠴᠠ ᠤᠯᠠᠮ ᠠᠷᠪᠢᠨ ᠪᠤᠯᠵᠤ ᠪᠠᠶᠢᠨ᠎ᠠ᠃ ᠢᠩᠬᠢᠵᠦ ᠨᠢᠭᠡ ᠬᠠᠰᠤᠭᠲᠠᠵᠤ ᠨᠢᠭᠡ ᠨᠡᠮᠡᠭᠲᠡᠬᠦ ᠶᠢᠨ ᠬᠠᠷᠠᠭ᠎ᠠ ᠪᠠᠷ ᠨᠠᠰᠤᠵᠢᠯ ᠤᠨ ᠠᠰᠠᠷᠠᠮᠵᠢ  ᠶᠢᠨ ᠮᠦᠩᠬᠦ ᠶᠢ ᠤᠯᠭᠤᠬᠤ ᠲᠠᠷᠤᠯᠲᠠ ᠴᠦ ᠡᠳᠦᠷ ᠠᠴᠠ ᠡᠳᠦᠷ ᠶᠡᠬᠡᠰᠴᠦ ᠪᠠᠶᠢᠨ᠎ᠠ᠃             ᠨᠠᠰᠤᠵᠢᠯ ᠤᠨ ᠠᠰᠠᠷᠠᠮᠵᠢ ᠶᠢᠨ ᠲᠠᠭᠠᠳᠬᠠᠯ ᠢ ᠦᠨᠡᠨ ᠮᠥᠨ ᠢᠶᠠᠷ ᠨᠢ ᠬᠡᠯᠡᠪᠡᠯ ᠳᠠᠷᠤᠢ ᠨᠠᠰᠤᠳᠠᠶᠢᠴᠤᠳ ᠬᠢᠭᠡᠳ ᠵᠠᠯᠠᠭᠤ ᠬᠦᠮᠦᠰ ᠤᠨ ᠬᠤᠭᠤᠷᠤᠨᠲᠤᠬᠢ ︽ᠲᠡᠩᠨᠡᠬᠦᠷ ᠬᠠᠪᠲᠠᠰᠦ︾ ᠰᠢᠭ᠋ ᠶᠤᠮ᠂ ᠡᠨᠡ ᠲᠠᠯ᠎ᠠ ᠨᠢ ᠦᠨᠳᠦᠷ ᠪᠤᠯᠪᠠᠯ ᠨᠦᠬᠦᠭᠡ ᠲᠠᠯ᠎ᠠ ᠨᠢ ᠳᠤᠤᠷ᠎ᠠ ᠪᠤᠯᠤᠨ᠎ᠠ᠃ ᠮᠠᠨ ᠤ ᠬᠦᠮᠦᠨ ᠨᠢᠭᠡᠪᠦᠷᠢ ᠶᠢᠨ ᠦᠪᠡᠷ ᠤᠨ ᠪᠡᠶ᠎ᠡ ᠠᠴᠠ ᠪᠠᠨ ᠡᠬᠦᠰᠦᠨ ᠪᠤᠲᠤᠯᠬᠢᠯᠠᠵᠤ ᠦᠵᠡᠪᠡᠯ᠂ ᠳᠤᠤᠷᠠᠬᠢ ᠡᠶᠢᠮᠦ ᠶᠤᠰᠦ ᠶᠢ ᠲᠤᠲᠤᠷᠬᠠᠢ ᠤᠶᠢᠯᠠᠭᠠᠵᠤ ᠪᠤᠯᠬᠤ ᠶᠤᠮ᠄ ᠪᠦᠬᠦᠲᠡᠭᠡᠷ ᠢᠶᠠᠨ ᠡᠷᠲᠡ ᠨᠠᠰᠦᠨ ᠤ ᠠᠮᠠᠷᠠᠯᠲᠠ ᠠᠪᠴᠢᠬᠠᠪᠠᠯ ᠭᠡᠨ ᠢᠶᠠᠷ ᠳᠡᠵᠢᠭᠡᠯᠭᠡᠲᠡᠭ ᠪᠢᠯᠠ︖ ᠲᠠᠷᠠ ᠶᠢ ᠪᠤᠤ ᠬᠡᠯᠡ᠂ ᠨᠠᠰᠤᠳᠠᠨ ᠤ ᠳᠤᠬᠠᠢ ᠤᠬᠠᠭᠲᠠᠬᠤᠨ ᠴᠦ ᠦᠩᠭᠡᠷᠡᠭᠰᠡᠨ ᠲᠠᠢ ᠠᠲᠠᠯᠢ ᠦᠭᠡᠢ ᠪᠤᠯᠵᠠᠢ᠃ ᠦᠩᠭᠡᠷᠡᠭᠰᠡᠨ ᠳᠤ ᠬᠦᠮᠦᠨ 50 ᠨᠠᠰᠦ ᠬᠦᠷᠦᠭᠰᠡᠭᠡᠷ ᠦᠲᠡᠯᠦᠭᠰᠡᠨ ᠳᠦᠷᠢ ᠤᠷᠤᠲᠠᠭ᠂ ᠤᠲᠤ ᠡᠮ ᠡᠮᠨᠡᠯᠡᠭᠡ ᠶᠢᠨ ᠨᠦᠬᠦᠴᠠᠯ᠂ ᠠᠮᠢᠲᠤᠷᠠᠯ ᠤᠨ ᠬᠢᠷᠢ ᠳᠦᠪᠰᠢᠨ ᠲᠡᠭᠡᠭᠰᠢᠯᠡᠭᠡᠳ᠂ ᠲᠠᠯᠠ ᠬᠦᠷᠦᠭᠰᠡᠨ ᠬᠦᠮᠦᠨ ᠴᠦ ᠮᠠᠰᠢᠨ ᠳᠡᠷᠭᠡᠨ ᠤ ᠵᠢᠯᠤᠭᠤᠴᠢ  ᠶᠢᠨ ᠦᠨᠡᠮᠯᠡᠯ ᠰᠢᠯᠭᠠᠵᠤ ᠪᠤᠯᠵᠤ ᠪᠠᠶᠢᠭ᠎ᠠ ᠰᠢᠦ᠃ ᠳᠡᠶᠢᠮᠦ ᠪᠤᠯᠬᠤᠷ ᠤᠯᠤᠰ ᠠᠴᠠ ᠨᠠᠰᠦᠨ ᠤ ᠠᠮᠠᠷᠠᠯᠲᠠ ᠠᠪᠬᠤ ᠨᠠᠰᠦ ᠵᠢᠯ ᠢ ᠬᠤᠶᠢᠰᠢᠯᠠᠭᠤᠯᠬᠤ ᠳᠤᠬᠠᠢ ᠲᠤᠷᠠᠳᠴᠦ ᠪᠠᠶᠢᠭ᠎ᠠ ᠶᠠᠪᠤᠲᠠᠯ ᠪᠤᠯ ᠭᠡᠨᠡᠳᠳᠡ ᠰᠠᠨᠠᠭᠠᠨ ᠳᠤ ᠤᠷᠤᠭᠠᠳ ᠳᠤᠭᠲᠠᠭᠠᠵᠤ ᠪᠠᠶᠢᠭ᠎ᠠ ᠶᠠᠪᠤᠲᠠᠯ ᠪᠢᠰᠢ ᠶᠤᠮ᠃             ᠨᠠᠰᠦᠨ ᠤ ᠠᠮᠠᠷᠠᠯᠲᠠ ᠠᠪᠬᠤ ᠨᠠᠰᠦ ᠵᠢᠯ ᠢ ᠬᠤᠶᠢᠰᠢᠯᠠᠭᠤᠯᠬᠤ ᠶᠢᠨ ᠬᠠᠮᠤᠭ ᠤᠨ ᠰᠢᠭᠤᠳ ᠠᠰᠢᠬᠲᠠᠢ ᠳᠠᠯ᠎ᠠ ᠭᠡᠪᠡᠯ᠂ ᠬᠦᠲᠡᠯᠮᠦᠷᠢᠯᠡᠬᠦ ᠨᠠᠰᠦᠨ ᠤ ᠬᠦᠮᠦᠨ ᠠᠮᠠ ᠶᠢᠨ ᠬᠡᠪᠴᠢᠶ᠎ᠡ ᠶᠢ ᠦᠷᠭᠡᠳᠭᠡᠵᠦ᠂ ᠬᠦᠲᠡᠯᠮᠦᠷᠢᠯᠡᠬᠦ ᠨᠠᠰᠦᠨ ᠤ ᠬᠦᠮᠦᠨ ᠠᠮᠠ ᠨᠢᠭᠡᠪᠦᠷᠢ ᠶᠢᠨ ᠠᠰᠠᠷᠠᠨ ᠳᠡᠵᠢᠭᠡᠬᠦ ᠨᠠᠰᠦᠨ ᠤ ᠠᠮᠠᠷᠠᠯᠲᠠ ᠠᠪᠤᠭᠰᠠᠳ ᠤᠨ ᠳᠤᠭ᠎ᠠ ᠶᠢ ᠪᠠᠭᠠᠰᠬᠠᠬᠤ ᠶᠠᠪᠤᠲᠠᠯ ᠪᠤᠯᠤᠨ᠎ᠠ᠃ ᠤᠯᠤᠰ ᠤᠨ ᠳᠡᠰ ᠳᠠᠪᠬᠤᠷᠭ᠎ᠠ ᠠᠴᠠ ᠦᠵᠡᠪᠡᠯ᠂ ᠨᠠᠰᠦᠨ ᠤ ᠠᠮᠠᠷᠠᠯᠲᠠ ᠠᠪᠬᠤ ᠨᠠᠰᠦ ᠵᠢᠯ ᠢ ᠬᠤᠶᠢᠰᠢᠯᠠᠭᠤᠯᠬᠤ ᠨᠢ ᠠᠵᠤ ᠠᠬᠤᠢ ᠶᠢᠨ ᠬᠦᠭᠵᠢᠯᠲᠠ ᠶᠢᠨ ᠬᠦᠲᠡᠯᠮᠦᠷᠢ ᠬᠦᠴᠦᠨ ᠤ ᠬᠠᠩᠭᠠᠯᠭ᠎ᠠ ᠶᠢ ᠨᠡᠮᠡᠭᠲᠡᠬᠦᠯᠦᠨ᠎ᠡ︔ ᠨᠡᠶᠢᠭᠡᠮ ᠤᠨ ᠳᠠᠰ ᠲᠠᠪᠬᠤᠷᠭ᠎ᠠ ᠠᠴᠠ ᠦᠵᠡᠪᠡᠯ᠂ ᠢᠷᠡᠭᠡᠳᠦᠢ ᠶᠢᠨ ᠨᠠᠰᠤᠵᠢᠯ ᠤᠨ ᠠᠰᠠᠷᠠᠮᠵᠢ  ᠳᠤ ᠳᠦᠯᠦᠬᠦ ᠴᠢᠲᠠᠪᠤᠷᠢ ᠶᠢ ᠨᠡᠮᠡᠭᠲᠡᠬᠦᠯᠬᠦ ᠪᠤᠯᠤᠨ᠎ᠠ︔ ᠬᠤᠪᠢ ᠬᠦᠮᠦᠨ ᠤ ᠳᠠᠰ ᠳᠠᠪᠬᠤᠷᠭ᠎ᠠ ᠠᠴᠠ ᠦᠵᠡᠪᠡᠯ᠂ ᠲᠤᠭᠤᠭᠠᠨ ᠳᠤ ᠪᠠᠶᠢᠪᠠᠯ ᠠᠶᠠᠭ᠎ᠠ ᠬᠤᠭᠤᠰᠤᠨ ᠦᠭᠡᠢ ᠪᠤᠯᠤᠨ᠎ᠠ᠃
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号