ᠭᠠᠳᠠᠭᠠᠳᠤ ᠳᠤ ᠰᠤᠷᠤᠯᠴᠠᠬᠤ ᠸᠢᠰᠠ ᠭᠤᠶᠤᠴᠢᠯᠠᠬᠤ ᠳᠤ ᠠᠩᠬᠠᠷᠬᠤ ᠵᠦᠢᠯᠡᠰ
ᠨᠡᠶᠢᠲᠡᠯᠡᠭᠰᠡᠨ ᠴᠠᠭ᠄
2015-11-17
        ᠨᠢᠭᠡ᠂ ᠭᠠᠳᠠᠭᠠᠲᠤ ᠳᠤ ᠰᠤᠷᠤᠯᠴᠠᠬᠤ ᠵᠠᠷᠤᠳᠠᠯ ᠤᠨ ᠢᠷᠡᠯᠳᠡ ᠬᠢᠭᠡᠳ ᠪᠠᠳᠤᠯᠠᠭ᠎ᠠ ᠶᠢᠨ ᠠᠰᠠᠭᠤᠳᠠᠯ᠃   ᠠᠦ᠋ᠰᠲᠷᠠᠯᠢᠶ᠎ᠠ ᠲᠢᠪ ᠰᠤᠷᠤᠯᠴᠠᠬᠤ ᠸᠢᠰᠠ ᠤᠯᠤᠶ᠎ᠠ ᠬᠡᠪᠡᠯ᠂ ᠲᠠᠨ ᠳᠤ ᠲᠤᠭᠲᠠᠪᠤᠷᠢ ᠨᠠᠶᠢᠳᠠᠪᠤᠷᠢ ᠲᠠᠢ ᠮᠦᠷᠲᠡᠭᠡᠨ   ᠬᠦᠢᠴᠡᠳ ᠬᠠᠨᠭ᠍ᠭᠠᠮᠵᠢᠲᠠᠢ ᠠᠵᠤ ᠠᠬᠤᠢ ᠶᠢᠨ ᠲᠤᠰᠠᠯᠠᠮᠵᠢ ᠶᠢᠨ ᠢᠷᠡᠯᠳᠡ ᠲᠠᠢ ᠪᠠᠶᠢᠪᠠᠯ᠂ ᠠᠦ᠋ᠰᠲᠷᠠᠯᠢᠶ᠎ᠠ ᠲᠢᠪ ᠲᠤ   ᠰᠤᠷᠤᠯᠴᠠᠬᠤ ᠬᠤᠭᠤᠴᠠᠭᠠᠨ ᠳᠠᠭᠠᠨ᠂ ᠬᠦᠴᠦ ᠶᠠᠪᠤᠬᠤ ᠦᠭᠡᠢ ᠪᠠᠷ ᠡᠩ ᠤᠨ ᠪᠠᠷᠢᠮᠵᠢᠶᠠᠨ ᠤ ᠠᠮᠢᠳᠤᠷᠠᠯ ᠢ ᠪᠠᠲᠤᠯᠠᠵᠤ   ᠴᠢᠳᠠᠬᠤ ᠪᠠ ᠠᠯᠢᠪᠠ ᠰᠤᠷᠤᠯᠭ᠎ᠠ ᠶᠢᠨ ᠵᠠᠷᠤᠳᠠᠯ ᠢᠶᠠᠨ ᠲᠤᠰᠢᠶᠠᠵᠤ ᠴᠢᠳᠠᠬᠤ ᠶᠢ ᠪᠠᠲᠤᠯᠠᠨ᠎ᠠ᠃ ᠲᠠ ᠬᠡᠷᠪᠡ ᠲᠤᠰ   ᠵᠦᠢᠯ ᠢ ᠪᠠᠲᠤᠯᠠᠵᠤ ᠳᠡᠶᠢᠯᠬᠦ ᠦᠭᠡᠢ ᠪᠤᠯ᠂ ᠭᠠᠳᠠᠭᠠᠲᠤ ᠳᠤ ᠰᠤᠷᠤᠯᠴᠠᠬᠤ ᠸᠢᠰᠠ ᠶᠢ ᠦᠨᠳᠦᠰᠦᠨ  ᠳᠡᠭᠡᠨ ᠭᠤᠶᠤᠴᠢᠯᠠᠨ   ᠤᠯᠵᠤ ᠳᠡᠶᠢᠯᠬᠦ ᠦᠭᠡᠢ᠃                 ᠬᠤᠶᠠᠷ᠂ ᠲᠠᠨ ᠤ ᠲᠤᠭᠲᠠᠪᠤᠷᠢ ᠨᠠᠶᠢᠳᠠᠪᠤᠷᠢ ᠲᠠᠢ ᠮᠦᠷᠲᠡᠭᠡᠨ ᠬᠦᠢᠴᠡᠳ ᠬᠠᠨᠭ᠍ᠭᠠᠮᠵᠢᠲᠠᠢ ᠠᠵᠤ ᠠᠬᠤᠢ ᠶᠢᠨ   ᠲᠤᠰᠠᠯᠠᠮᠵᠢ ᠶᠢᠨ ᠢᠷᠡᠯᠳᠡ ᠶᠢ ᠬᠡᠷᠡᠴᠢᠯᠡᠬᠦ ᠠᠷᠭ᠎ᠠ ᠤᠯᠠᠨ ᠵᠦᠢᠯ ᠪᠤᠢ᠃ ᠶᠡᠭᠡ ᠲᠦᠯᠦᠪ ᠳᠤᠤᠷᠠᠬᠢ ᠬᠡᠳᠤᠨ ᠵᠦᠢᠯ   ᠪᠠᠶᠢᠨ᠎ᠠ᠄               ︵1︶ ᠭᠦᠢᠴᠡᠳ ᠬᠠᠩᠭᠠᠮᠵᠢᠲᠠᠢ ᠪᠠᠩᠬᠢ ᠶᠢᠨ ᠬᠠᠳᠠᠭᠠᠯᠠᠮᠵᠢ ᠶᠢᠨ ᠬᠡᠷᠡᠴᠢ ᠶᠢ ᠬᠠᠨᠭ᠍ᠭᠠᠨ᠎ᠠ᠃ ᠪᠤᠳᠠᠲᠠᠢ ᠲᠤᠭ᠎ᠠ   ᠨᠢ᠄ ᠲᠠᠨ ᠤ ᠰᠤᠷᠤᠯᠭ᠎ᠠ ᠶᠢᠨ ᠵᠠᠷᠤᠳᠠᠯ + ᠲᠠᠨ ᠤ ᠠᠮᠢᠳᠤᠷᠠᠯ ᠤᠨ ᠵᠠᠷᠤᠳᠠᠯ — ᠵᠢᠯ ᠪᠦᠷᠢ ᠨᠢᠭᠡ ᠲᠦᠮᠡ ᠨᠠᠢᠮᠠᠨ   ᠮᠢᠩᠭᠠᠨ ᠠᠦ᠋ᠰᠲᠷᠠᠯᠢᠶ᠎ᠠ ᠵᠤᠭᠤᠰ * ᠲᠠᠨ ᠤ ᠭᠠᠳᠠᠭᠠᠲᠤ ᠳᠤ ᠰᠤᠷᠤᠯᠴᠠᠬᠤ ᠴᠠᠭ ᠬᠤᠭᠤᠴᠠᠭ᠎ᠠ               ︵2︶ ᠠᠩᠬᠠᠷᠬᠤ ᠨᠢ᠄ ᠲᠠ ᠳᠡᠭᠡᠷᠡᠬᠢ ᠠᠷᠭ᠎ᠠ ᠶᠢ ᠬᠡᠷᠡᠭᠯᠡᠬᠦ ᠳᠤ ᠡᠷᠬᠡᠪᠰᠢ ᠬᠢᠬᠦ ᠴᠢᠬᠤᠯᠠᠲᠠᠢ ᠵᠦᠢᠯ ᠭᠡᠪᠡᠯ ᠄   ᠲᠠᠨ ᠤ ᠬᠠᠳᠠᠭᠠᠯᠠᠮᠵᠢ ᠨᠢ ᠪᠠᠩᠬᠢ ᠳᠤ ᠨᠢᠭᠡᠨᠲᠡ ᠠᠳᠠᠭ ᠪᠠᠭ᠎ᠠ ᠳᠠᠭᠠᠨ ᠵᠢᠷᠭᠤᠭᠠᠨ ᠰᠠᠷ᠎ᠠ ᠠᠴᠠ ᠳᠡᠭᠡᠭᠰᠢ ᠬᠠᠳᠠᠭᠠᠯᠠᠭᠰᠠᠨ   ᠮᠦᠷᠲᠡᠭᠡᠨ ᠲᠤᠰ ᠬᠠᠳᠠᠭᠠᠯᠠᠮᠵᠢ ᠨᠢ ᠲᠠᠨ ᠤ ᠦᠪᠡᠷ ᠤᠨ ᠬᠢ ᠪᠤᠶᠤ ᠲᠠᠨ ᠤ ᠠᠪᠤ ᠡᠵᠢ ᠶᠢᠨ ᠬᠢ ᠡᠰᠡᠬᠦᠯ᠎ᠡ ᠲᠠᠨ ᠤ   ᠬᠠᠨᠢ ᠨᠦᠬᠦᠷ ᠤᠨ ᠬᠢ ᠪᠠᠶᠢᠬᠤ ᠬᠡᠷᠡᠭᠲᠠᠢ᠃ ᠲᠡᠶᠢᠮᠤ ᠪᠤᠰᠤ᠂ ᠬᠠᠷᠢᠨ ᠲᠠᠨ ᠤ ᠪᠤᠰᠤᠳ ᠲᠤᠰᠠᠯᠠᠮᠵᠢ ᠦᠵᠡᠭᠦᠯᠦᠭᠴᠢ   ᠶᠢᠨ ᠬᠢ ᠪᠤᠯ᠂ ᠲᠠ ᠡᠷᠬᠡᠪᠰᠢ ᠮᠠᠰᠢ ᠨᠠᠷᠢᠨ ᠲᠤᠳᠤᠷᠬᠠᠢ ᠪᠠᠶᠢᠳᠠᠯ ᠢ ᠮᠡᠳᠡᠭᠳᠡᠬᠦ ᠬᠡᠷᠡᠭᠲᠠᠢ᠂ ᠵᠢᠱᠢᠶᠡᠯᠡᠪᠡᠯ᠂ ᠲᠡᠳᠡ   ᠶᠠᠭᠤᠨ ᠤ ᠤᠴᠢᠷ ᠠᠴᠠ ᠴᠢᠮ᠎ᠠ ᠳᠤ ᠲᠤᠰᠠᠯᠠᠮᠵᠢ ᠦᠵᠡᠬᠦᠯᠵᠦ ᠪᠠᠶᠢᠬᠤ ᠪᠠ ᠲᠡᠳᠡᠨ ᠤ ᠲᠠᠨ ᠢ ᠲᠤᠰᠠᠯᠠᠬᠤ ᠬᠡᠷ᠎ᠡ   ᠵᠡᠷᠭᠡ ᠶᠢ ᠲᠤᠰᠢᠶᠠᠬᠤ ᠬᠡᠷᠡᠭᠲᠠᠢ᠃           ︵3︶ ᠬᠦᠢᠴᠡᠳ ᠬᠠᠨᠭ᠍ᠭᠠᠮᠵᠢᠲᠠᠢ ᠠᠵᠤ ᠠᠬᠤᠢ ᠶᠢᠨ ᠤᠷᠤᠯᠭ᠎ᠠ ᠶᠢᠨ ᠢᠷᠡᠯᠳᠡ ᠶᠢᠨ ᠬᠡᠷᠡᠴᠢ ᠶᠢ ᠬᠠᠨᠭ᠍ᠭᠠᠨ᠎ᠠ ᠃   ᠲᠤᠰ ᠵᠦᠢᠯ ᠨᠢ ᠠᠵᠤ ᠠᠬᠤᠢ ᠶᠢᠨ ᠲᠤᠰᠠᠯᠠᠮᠵᠢ ᠶᠢᠨ ᠬᠡᠷᠡᠴᠢ ᠶᠢᠨ ᠲᠠᠶᠢᠯᠪᠤᠷᠢᠯᠠᠯᠲᠠ ᠳᠤ ᠪᠠᠰᠠ ᠲᠤᠶᠢᠯ ᠤᠨ ᠨᠠᠷᠢᠨ   ᠲᠤᠳᠤᠷᠬᠠᠢ ᠲᠠᠶᠢᠯᠪᠤᠷᠢᠯᠠᠯ ᠪᠤᠢ᠂ ᠲᠠ ᠯᠠᠪᠯᠠᠵᠤ ᠪᠤᠯᠤᠨ᠎ᠠ᠃ ᠪᠢᠳᠡᠨ ᠤ ᠰᠠᠨᠠᠭᠤᠯᠤᠮᠵᠢ ᠪᠤᠯ᠂ ᠲᠠ ᠪᠤᠯᠬᠤ ᠶᠢᠨ   ᠳᠤᠲᠤᠷ᠎ᠠ ᠬᠠᠤᠯᠢᠴᠢ ᠵᠠᠯᠠᠵᠤ ᠡᠳᠡᠭᠡᠷ ᠮᠠᠲ᠋ᠧᠷᠢᠶᠠᠯ ᠳᠤ ᠬᠡᠷᠡᠴᠢ ᠪᠠᠷᠢᠮᠲᠠ ᠬᠢᠯᠭᠡᠨ᠎ᠡ᠃             ︵4︶ ᠬᠡᠪᠡᠴᠦ ᠬᠠᠮᠤᠭ ᠤᠨ ᠬᠢᠯᠪᠡᠷ ᠪᠠ ᠬᠠᠮᠤᠭ ᠤᠨ ᠬᠦᠴᠦᠨ ᠲᠠᠢ ᠬᠢᠳᠡᠯ ᠪᠤᠯ ᠪᠠᠩᠬᠢ ᠶᠢᠨ ᠭᠠᠳᠠᠭᠠᠲᠤ ᠳᠤ   ᠰᠤᠷᠤᠯᠴᠠᠬᠤ ᠵᠢᠭᠡᠯᠡᠯᠭᠡ ᠶᠢ ᠭᠤᠶᠤᠴᠢᠯᠠᠬᠤ ᠪᠤᠯᠤᠨ᠎ᠠ᠃ ᠬᠡᠷᠪᠡ ᠲᠠ ᠪᠠᠩᠬᠢ ᠶᠢᠨ ᠭᠠᠳᠠᠭᠠᠲᠤ ᠳᠤ ᠰᠤᠷᠤᠯᠴᠠᠬᠤ   ᠵᠢᠭᠡᠯᠡᠯᠭᠡ ᠶᠢ ᠤᠯᠪᠠᠯ᠂ ᠡᠯᠴᠢᠨ ᠰᠠᠶᠢᠳ ᠤᠨ ᠶᠠᠮᠤᠨ ᠲᠠᠨ ᠳᠤ ᠲᠤᠭᠳᠠᠪᠤᠷᠢ ᠨᠠᠶᠢᠳᠠᠪᠤᠷᠢ ᠲᠠᠢ ᠮᠦᠷᠲᠡᠭᠡᠨ ᠬᠦᠢᠴᠡᠳ   ᠬᠠᠨᠭ᠍ᠭᠠᠮᠵᠢᠲᠠᠢ ᠠᠵᠤ ᠠᠬᠤᠢ ᠶᠢᠨ ᠢᠷᠡᠯᠳᠡ ᠲᠠᠢ ᠬᠡᠳᠡᠭ ᠢ ᠪᠠᠳᠤ ᠢᠲᠡᠭᠡᠬᠦ ᠪᠤᠯᠤᠨ᠎ᠠ᠃ ᠤᠴᠢᠷ ᠨᠢ᠂ ᠪᠠᠩᠬᠢ ᠠᠴᠠ   ᠲᠠᠨ ᠳᠤ ᠭᠠᠳᠠᠭᠠᠲᠤ ᠳᠤ ᠰᠤᠷᠤᠯᠴᠠᠬᠤ ᠵᠢᠭᠡᠯᠡᠯᠭᠡ ᠦᠭᠭᠦ ᠶᠢ ᠵᠦᠪᠰᠢᠶᠡᠷᠡᠭᠰᠡᠨ ᠶᠠᠪᠤᠳᠠᠯ ᠨᠢ ᠲᠠᠨ ᠳᠤ ᠵᠢᠭᠡᠯᠡᠯᠭᠡ ᠶᠢ   ᠪᠤᠴᠠᠭᠠᠬᠤ ᠴᠢᠳᠠᠯ ᠲᠠᠢ ᠬᠡᠰᠡᠨ ᠢ ᠬᠠᠷᠠᠭᠤᠯᠵᠤ ᠳᠡᠶᠢᠯᠬᠦ ᠪᠠᠷ ᠪᠠᠷᠠᠬᠤ ᠦᠭᠡᠢ ᠂ ᠲᠡᠷᠡ ᠨᠢ ᠪᠠᠰᠠ ᠨᠢᠭᠡ ᠵᠦᠢᠯ ᠤᠨ   ᠬᠠᠮᠤᠭ ᠠᠴᠠ ᠡᠷᠭᠡ ᠰᠦᠷᠳᠤ ᠴᠢᠨᠠᠷᠲᠠᠢ ᠠᠵᠤ ᠠᠬᠤᠢ ᠶᠢᠨ ᠪᠠᠲᠤᠯᠠᠪᠤᠷᠢ ᠪᠤᠯᠤᠨ᠎ᠠ᠃ ᠡᠯᠴᠢᠨ ᠰᠠᠶᠢᠳ ᠤᠨ ᠶᠠᠮᠤᠨ   ᠪᠠᠩᠬᠢ ᠶᠢᠨ ᠡᠶᠢᠮᠦᠷᠭᠦᠦ ᠠᠵᠤ ᠠᠬᠤᠢ ᠶᠢᠨ ᠪᠠᠲᠤᠯᠠᠪᠤᠷᠢ ᠶᠢ ᠢᠲᠡᠭᠡᠬᠦ ᠦᠭᠡᠢ ᠪᠠᠶᠢᠬᠤ ᠶᠢᠨ ᠠᠷᠭ᠎ᠠ ᠦᠭᠡᠢ ᠶᠤᠮ᠃   ᠭᠠᠳᠠᠭᠠᠲᠤ ᠳᠤ ᠰᠤᠷᠤᠯᠴᠠᠬᠤ ᠵᠢᠭᠡᠯᠡᠯᠭᠡ ᠶᠢᠨ ᠬᠤᠯᠪᠤᠭᠳᠠᠯ ᠪᠦᠬᠦᠢ ᠪᠤᠳᠠᠲᠠᠢ ᠠᠰᠠᠭᠤᠳᠠᠯ ᠢ ᠲᠠ ᠭᠠᠳᠠᠭᠠᠲᠤ ᠳᠤ   ᠰᠤᠷᠤᠯᠴᠠᠬᠤ ᠵᠢᠭᠡᠯᠡᠯᠭᠡ ᠶᠢᠨ ᠬᠤᠯᠪᠤᠭᠳᠠᠯ ᠪᠦᠬᠦᠢ ᠪᠤᠯᠤᠩ ᠠᠴᠠ ᠯᠠᠪᠯᠠᠵᠤ ᠪᠤᠯᠤᠨ᠎ᠠ᠂ ᠨᠠᠷᠢᠨ ᠬᠢᠨᠠᠮᠠᠭᠠᠢ ᠦᠵᠡᠬᠦ   ᠪᠤᠯᠪᠠᠤ᠃             ︵5︶ ᠭᠠᠳᠠᠭᠠᠲᠤ ᠳᠤ ᠰᠤᠷᠤᠯᠴᠠᠬᠤ ᠵᠢᠭᠡᠯᠡᠯᠭᠡ ᠭᠤᠶᠤᠴᠢᠯᠠᠬᠤ ᠨᠢ ᠮᠠᠰᠢ ᠤᠯᠠᠨ ᠰᠤᠷᠤᠭᠴᠢᠳ ᠲᠤ ᠠᠪᠴᠤ   ᠬᠡᠯᠡᠪᠡᠯ᠂ ᠬᠦᠢᠴᠡᠳ ᠬᠠᠨᠭ᠍ᠭᠠᠮᠵᠢᠲᠠᠢ ᠪᠠᠩᠬᠢ ᠶᠢᠨ ᠬᠠᠳᠠᠭᠠᠯᠠᠮᠵᠢ ᠶᠢᠨ ᠬᠡᠷᠡᠴᠢ ᠪᠤᠶᠤ ᠬᠦᠢᠴᠡᠳ ᠬᠠᠨᠭ᠍ᠭᠠᠮᠵᠢᠲᠠᠢ ᠠᠵᠤ   ᠠᠬᠤᠢ ᠶᠢᠨ ᠤᠷᠤᠯᠭ᠎ᠠ ᠶᠢᠨ ᠬᠡᠷᠡᠴᠢ ᠠᠴᠠ ᠬᠤᠯᠠ ᠠᠮᠠᠷᠬᠠᠨ᠂ ᠬᠤᠯᠠ ᠳᠦᠭᠦᠮ ᠶᠤᠮ᠃ ᠤᠴᠢᠷ ᠨᠢ ᠲᠡᠷᠡ ᠨᠢ ᠤᠯᠠᠨ   ᠠᠷᠪᠢᠨ ᠰᠠᠳᠤᠨ ᠲᠦᠷᠦᠯ ᠤᠨ ᠬᠦᠴᠦ ᠶᠢ ᠠᠷᠪᠢᠯᠠᠵᠤ ᠴᠢᠳᠠᠨ᠎ᠠ᠃ ᠢᠯᠠᠩᠭᠤᠶ᠎ᠠ ᠲᠡᠳᠡᠭᠡᠷ ᠵᠤᠬᠢᠬᠤ ᠬᠠᠳᠠᠭᠠᠯᠠᠮᠵᠢ ᠲᠠᠢ᠂   ᠭᠡᠪᠡᠴᠦ ᠲᠡᠭᠦᠨ ᠢᠶᠠᠷ ᠢᠶᠠᠨ ᠤᠯᠤᠰ ᠤᠨ ᠰᠠᠩ ᠤᠨ ᠲᠡᠮᠳᠡᠭ᠂ ᠰᠲ᠋ᠤᠺ᠂ ᠬᠡᠷ ᠬᠦᠷᠦᠩᠭᠡ ᠵᠡᠷᠭᠡ ᠶᠢ ᠬᠤᠳᠠᠯᠳᠤᠨ   ᠠᠪᠤᠭᠰᠠᠨ ᠪᠤᠶᠤ ᠬᠠᠳᠠᠭᠠᠯᠠᠮᠵᠢ ᠶᠢᠨ ᠬᠤᠭᠤᠴᠠᠭ᠎ᠠ ᠨᠢ ᠵᠢᠷᠭᠤᠭᠠᠨ ᠰᠠᠷ᠎ᠠ ᠬᠦᠷᠦᠬᠡᠳᠤᠢ ᠪᠠᠶᠢᠳᠠᠯ ᠳᠤ ᠠᠪᠴᠤ ᠬᠡᠯᠡᠪᠡᠯ᠂   ᠨᠢᠬᠡᠨ ᠲᠤᠶᠢᠯ ᠤᠨ ᠪᠦᠲᠦᠮᠵᠢᠲᠠᠢ ᠪᠤᠴᠠᠭᠠᠬᠤ ᠪᠠᠶᠢᠯᠳᠤᠬᠤ ᠪᠤᠳᠤᠯᠭ᠎ᠠ ᠪᠤᠯᠤᠨ᠎ᠠ᠃ ᠡᠶᠢᠮᠦ ᠠᠴᠠ ᠪᠢᠳᠡ ᠭᠠᠳᠠᠭᠠᠲᠤ ᠳᠤ   ᠰᠤᠷᠤᠯᠴᠠᠬᠤ ᠵᠢᠭᠡᠯᠡᠯᠭᠡ ᠶᠢᠨ ᠠᠷᠭ᠎ᠠ ᠬᠡᠷᠡᠭᠯᠡᠬᠦ ᠶᠢ ᠴᠢᠩᠭ᠎ᠠ ᠲᠠᠨᠢᠯᠴᠠᠭᠤᠯᠵᠦ ᠪᠠᠶᠢᠨ᠎ᠠ᠃               ᠭᠤᠷᠪᠠ᠂ ᠭᠠᠳᠠᠭᠠᠲᠤ ᠳᠤ ᠰᠤᠷᠤᠯᠴᠠᠬᠤ ᠵᠤᠷᠢᠯᠭ᠎ᠠ ᠶᠢᠨ ᠠᠰᠠᠭᠤᠳᠠᠯ᠃ ᠡᠨᠡ ᠨᠢ ᠪᠠᠰᠠ ᠨᠢᠭᠡ ᠵᠠᠩᠬᠢᠯᠠᠭ᠎ᠠ ᠶᠢᠨ   ᠴᠢᠨᠠᠷᠲᠠᠢ ᠨᠠᠷᠢᠨ ᠠᠷᠭ᠎ᠠ ᠪᠤᠯᠤᠨ᠎ᠠ᠃ ᠵᠤᠬᠢᠬᠤ ᠬᠡᠮᠵᠢᠶᠡᠨ ᠤ ᠠᠵᠤ ᠠᠬᠤᠢ ᠶᠢᠨ ᠰᠠᠭᠤᠷᠢ ᠲᠠᠢ ᠪᠤᠯ ᠠᠦ᠋ᠰᠲᠷᠠᠯᠢᠶ᠎ᠠ   ᠲᠢᠪ ᠲᠤ ᠰᠤᠷᠤᠯᠴᠠᠬᠤ ᠸᠢᠰᠠ ᠶᠢ ᠤᠯᠴᠢᠬᠠᠵᠦ ᠳᠡᠶᠢᠯᠦᠨ᠎ᠡ ᠤᠤ︖ ᠬᠡᠯᠡᠵᠤ ᠮᠡᠳᠡᠭᠦ ᠦᠭᠡᠢ ᠂ ᠪᠠᠰᠠ ᠲᠡᠨ ᠤ   ᠭᠠᠳᠠᠭᠠᠲᠤ ᠳᠤ ᠰᠤᠷᠤᠯᠴᠠᠬᠤ ᠵᠤᠷᠢᠯᠭ᠎ᠠ ᠶᠢ ᠤᠶᠢᠯᠠᠭᠠᠨ᠎ᠠ᠃ ᠲᠡᠳᠡᠭᠡᠷ ᠸᠢᠰᠠ ᠤᠯᠭᠤᠭᠴᠢ ᠨᠤᠶᠠᠳ ᠲᠤ ᠦᠨᠡᠨᠬᠦ   ᠭᠠᠳᠠᠭᠠᠲᠤ ᠳᠤ ᠰᠤᠷᠤᠯᠴᠠᠬᠤ ᠵᠤᠷᠢᠯᠭ᠎ᠠ ᠲᠠᠢ᠂ ᠬᠠᠷᠢᠨ ᠭᠠᠳᠠᠭᠠᠲᠤ ᠳᠤ ᠰᠤᠷᠤᠯᠴᠠᠬᠤ ᠨᠡᠷ᠎ᠡ  ᠪᠠᠷ ᠠᠦ᠋ᠰᠲᠷᠠᠯᠢᠶ᠎ᠠ   ᠲᠢᠪ ᠲᠤ ᠰᠠᠭᠤᠷᠢᠰᠢᠬᠤ ᠬᠡᠵᠦ ᠪᠠᠶᠢᠭ᠎ᠠ ᠰᠤᠷᠤᠭᠴᠢ ᠪᠢᠰᠢ ᠬᠡᠵᠦ ᠦᠵᠡᠭᠳᠡᠪᠡᠯ ᠰᠠᠶ᠋ᠢ ᠸᠢᠰᠠ ᠤᠯᠵᠤ ᠳᠡᠶᠢᠯᠦᠨ᠎ᠡ᠃   ᠲᠡᠭᠡᠪᠡᠯ ᠭᠠᠳᠠᠭᠠᠲᠤ ᠳᠤ ᠰᠤᠷᠤᠯᠴᠠᠬᠤ ᠵᠤᠷᠢᠯᠭ᠎ᠠ ᠪᠠᠨ ᠦᠨᠡᠨ ᠪᠤᠳᠠᠲᠤ ᠬᠡᠰᠡᠨ ᠢ ᠬᠡᠷᠭᠢᠨ ᠬᠡᠷᠡᠴᠢᠯᠡᠬᠦ ᠪᠤᠢ︖ ᠨᠢᠭᠡᠨ   ᠬᠠᠮᠤᠭ  ᠤᠨ ᠰᠠᠶᠢᠨ ᠠᠷᠭ᠎ᠠ ᠪᠤᠯ ᠲᠠᠨ ᠤ ᠭᠠᠳᠠᠭᠠᠲᠤ ᠳᠤ ᠰᠤᠷᠤᠯᠴᠠᠬᠤ ᠬᠢᠴᠢᠶᠡᠯ ᠰᠤᠩᠭᠤᠬᠤ ᠰᠢᠯᠲᠠᠭᠠᠨ ᠢᠶᠠᠨ ᠦᠨᠡᠨ   ᠮᠦᠨ ᠢᠶᠠᠷ ᠲᠤᠭᠠᠴᠢᠨ᠎ᠠ — ᠬᠢᠴᠢᠶᠡᠯ ᠤᠨ ᠰᠤᠩᠭᠤᠯᠲᠠ ᠨᠢ ᠮᠠᠰᠢ ᠶᠡᠭᠡ ᠠᠴᠢ ᠬᠤᠯᠪᠤᠭᠳᠠᠯ ᠲᠠᠢ᠂   ᠳᠠᠷᠤᠢ ᠠᠵᠢᠯ ᠮᠡᠷᠭᠡᠵᠢᠯ ᠤᠨ ᠰᠤᠩᠭᠤᠯᠲᠠ᠂ ᠬᠤᠪᠢ ᠵᠠᠶᠠᠭ᠎ᠠ ᠶᠢᠨ ᠰᠤᠩᠭᠤᠯᠲᠠ ᠪᠤᠯᠤᠨ᠎ᠠ᠃ ᠡᠶᠢᠮᠦ ᠠᠴᠠ ᠬᠢᠴᠢᠶᠡᠯ   ᠰᠤᠩᠭᠤᠬᠤ ᠳᠤ ᠪᠠᠨ ᠡᠷᠭᠡᠪᠰᠢ ᠰᠢᠨᠵᠢᠯᠡᠬᠦ ᠤᠬᠠᠭᠠᠨᠴᠢ ᠪᠠᠶᠢᠵᠤ᠂ ᠡᠷᠭᠡᠪᠰᠢ ᠦᠪᠡᠷ ᠤᠨ ᠪᠤᠳᠠᠲᠠᠢ ᠪᠠᠶᠢᠳᠠᠯ ᠲᠠᠢ ᠪᠠᠨ   ᠤᠶᠠᠯᠳᠤᠭᠤᠯᠬᠤ ᠬᠡᠷᠡᠭᠲᠠᠢ᠃ ᠬᠡᠷᠪᠡ ᠲᠤᠰ ᠵᠦᠢᠯ ᠢ ᠬᠢᠵᠤ ᠳᠡᠶᠢᠯᠪᠡᠯ᠂ ᠬᠢᠴᠢᠶᠡᠯ ᠤᠨ ᠰᠤᠩᠭᠤᠯᠲᠠ ᠨᠢ ᠲᠤᠶᠢᠯ ᠤᠨ   ᠵᠦᠢ ᠵᠤᠬᠢᠰᠲᠠᠢ᠂ ᠦᠨᠡᠨ ᠪᠤᠳᠠᠲᠠᠢ ᠪᠠ ᠢᠲᠡᠭᠡᠮᠵᠢᠲᠠᠢ ᠪᠤᠯᠬᠤ ᠶᠤᠮ ᠃ ᠡᠶᠢᠮᠦ ᠠᠴᠠ᠂ ᠲᠠ ᠭᠠᠳᠠᠭᠠᠲᠤ ᠳᠤ   ᠰᠤᠷᠤᠯᠴᠠᠬᠤ ᠬᠢᠴᠢᠶᠡᠯ ᠰᠤᠩᠭᠤᠭᠰᠠᠨ ᠰᠢᠯᠲᠠᠭᠠᠨ ᠢᠶᠠᠨ ᠦᠨᠡᠨ ᠪᠤᠲᠠᠲᠠᠢ ᠲᠠᠶᠢᠯᠪᠤᠷᠢᠯᠠᠪᠠᠯ᠂ ᠸᠢᠰᠠ ᠤᠯᠭᠤᠭᠴᠢ   ᠨᠤᠶᠠᠳ ᠲᠠᠨ ᠤ ᠭᠠᠳᠠᠭᠠᠲᠤ ᠳᠤ ᠰᠤᠷᠤᠯᠴᠠᠬᠤ ᠵᠤᠷᠢᠯᠭ᠎ᠠ ᠦᠨᠡᠨ ᠪᠤᠳᠠᠲᠠᠢ ᠬᠡᠰᠡᠨ ᠢ ᠢᠲᠡᠭᠡᠬᠦ ᠦᠭᠡᠢ ᠪᠠᠶᠢᠬᠤ ᠶᠢᠨ   ᠠᠷᠭ᠎ᠠ ᠦᠭᠡᠢ ᠶᠤᠮ᠃               ᠳᠦᠷᠪᠡ᠂ ᠮᠠᠲ᠋ᠧᠷᠢᠶᠠᠯ ᠤᠨ ᠪᠦᠷᠢᠨ ᠬᠦᠢᠴᠡᠳ ᠴᠢᠨᠠᠷ ᠪᠠ ᠡᠮᠬᠢ ᠵᠢᠷᠤᠮᠲᠤ ᠴᠢᠨᠠᠷ᠃ ᠲᠠᠨ ᠤ ᠸᠢᠰᠠ   ᠭᠤᠶᠤᠴᠢᠯᠠᠬᠤ ᠮᠠᠲ᠋ᠧᠷᠢᠶᠠᠯ ᠡᠷᠭᠡᠪᠰᠢ ᠪᠦᠷᠢᠨ ᠬᠦᠢᠴᠡᠳ ᠪᠠᠶᠢᠵᠤ᠂ ᠬᠡᠬᠡᠵᠦ ᠤᠷᠬᠢᠭᠳᠠᠭᠤᠯᠵᠤ ᠪᠤᠯᠬᠤ ᠦᠭᠡᠢ᠃   ᠮᠠᠲ᠋ᠧᠷᠢᠶᠠᠯ ᠤᠨ ᠪᠦᠷᠢᠨ ᠬᠦᠢᠴᠡᠳ ᠴᠢᠨᠠᠷ ᠠᠴᠠ ᠭᠠᠳᠠᠨ᠎ᠠ᠂ ᠪᠠᠰᠠ ᠮᠠᠲ᠋ᠧᠷᠢᠶᠠᠯ ᠤᠨ ᠡᠮᠬᠢ ᠵᠢᠷᠤᠮᠲᠤ ᠴᠢᠨᠠᠷ ᠢ   ᠠᠩᠬᠠᠷᠬᠤ ᠬᠡᠷᠡᠭᠲᠠᠢ᠃  
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ︽ᠮᠥᠩᠬᠡ ᠭᠠᠯ︾ ᠺᠣᠮᠫᠢᠦ᠋ᠲ᠋ᠧᠷ ᠰᠣᠹᠲ ᠤᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号